ᠪᠠᠭᠰᠢ ᠨᠢ ᠪᠠᠰᠠ ᠨᠢᠳᠦ ᠪᠡᠨ ᠪᠦᠲᠡᠭᠡᠴᠢᠬᠡᠭᠰᠡᠨ ᠪᠠᠢᠭᠰᠠᠨ(ᠰᠤᠷᠭᠠᠨ ᠬᠥᠮᠦᠵᠢᠯ ᠦ᠋ᠨ ᠦᠯᠢᠭᠡᠷ )— ᠳ᠂ ᠳᠠᠪᠰᠢᠯᠳᠤ ᠣᠷᠴᠢᠭᠤᠯᠪᠠ Багш нь бас нүдээ бүтээчихсэн баисан(сурган хүмүүжлийн үлгэр )— Д᠂ Давшилт орчуулав ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠰᠢ ᠨᠢ ᠪᠠᠰᠠ ᠨᠢᠳᠦ ᠪᠡᠨ ᠪᠦᠲᠡᠭᠡᠴᠢᠬᠡᠭᠰᠡᠨ ᠪᠠᠢᠭᠰᠠᠨ(ᠰᠤᠷᠭᠠᠨ ᠬᠥᠮᠦᠵᠢᠯ ᠦ᠋ᠨ ᠦᠯᠢᠭᠡᠷ )— ᠳ᠂ ᠳᠠᠪᠰᠢᠯᠳᠤ ᠣᠷᠴᠢᠭᠤᠯᠪᠠ Багш нь бас нүдээ бүтээчихсэн баисан(сурган хүмүүжлийн үлгэр )— Д᠂ Давшилт орчуулав

ᠪᠠᠭᠰᠢ ᠨᠢ ᠪᠠᠰᠠ ᠨᠢᠳᠦ ᠪᠡᠨ ᠪᠦᠲᠡᠭᠡᠴᠢᠬᠡᠭᠰᠡᠨ ᠪᠠᠢᠭᠰᠠᠨ(ᠰᠤᠷᠭᠠᠨ ᠬᠥᠮᠦᠵᠢᠯ ᠦ᠋ᠨ ᠦᠯᠢᠭᠡᠷ )— ᠳ᠂ ᠳᠠᠪᠰᠢᠯᠳᠤ ᠣᠷᠴᠢᠭᠤᠯᠪᠠ Багш нь бас нүдээ бүтээчихсэн баисан(сурган хүмүүжлийн үлгэр )— Д᠂ Давшилт орчуулав

2025-02-23

970

ᠪᠠᠭᠰᠢ ᠨᠢ ᠪᠠᠰᠠ ᠨᠢᠳᠦ ᠪᠡᠨ ᠪᠦᠲᠡᠭᠡᠴᠢᠬᠡᠭᠰᠡᠨ ᠪᠠᠢᠭᠰᠠᠨ

  
                            (ᠰᠤᠷᠭᠠᠨ ᠬᠥᠮᠦᠵᠢᠯ ᠦ᠋ᠨ ᠦᠯᠢᠭᠡᠷ ) 
                                 —   ᠳ᠂ ᠳᠠᠪᠰᠢᠯᠳᠤ ᠰᠦᠯᠵᠢᠶᠡᠨ ᠡᠴᠡ ᠣᠷᠴᠢᠭᠤᠯᠪᠠ 

       ᠡᠨᠡ ᠪᠣᠯ ᠲᠦᠷᠦᠭᠦᠬᠡᠨ ᠪᠣᠯᠤᠭᠰᠠᠨ ᠦᠨᠡᠨ ᠤᠴᠢᠷ ᠪᠢᠯᠡ᠃ 
       ᠢᠳᠡᠷ ᠨᠠᠰᠤᠨ ᠤ᠋ ᠨᠢᠭᠡᠨ ᠡᠷ᠎ᠡ᠂ ᠬᠤᠷᠢᠮ ᠤ᠋ᠨ ᠶᠣᠰᠣᠯᠠᠯ ᠳ᠋ᠤ᠌ ᠣᠷᠣᠯᠴᠠᠬᠤ ᠳ᠋ᠤ᠌ ᠪᠠᠨ ᠣᠯᠠᠨ ᠵᠢᠯ ᠦ᠋ᠨ ᠡᠮᠦᠨᠡᠬᠢ ᠳᠤᠮᠳᠠᠳᠤ ᠰᠤᠷᠭᠠᠭᠤᠯᠢ ᠶ᠋ᠢᠨ ᠪᠠᠭᠰᠢ ᠪᠠᠨ ᠬᠠᠷᠠᠵᠤ ᠲᠠᠨᠢᠭᠰᠠᠨ ᠪᠠᠢᠪᠠ᠃ ᠲᠡᠢᠨ ᠬᠦ᠌᠂ ᠲᠡᠷᠡ ᠮᠠᠰᠢ ᠶᠡᠬᠡ ᠬᠦᠨᠳᠦᠳᠬᠡᠯ ᠲᠡᠢ ᠪᠡᠷ᠄ 
       — ᠪᠠᠭᠰᠢ ᠠ᠋᠂ ᠰᠠᠢᠨ ᠪᠠᠢᠨ᠎ᠠ ᠤᠤ? ᠲᠠ ᠨᠠᠮ᠎ᠠ ᠶ᠋ᠢ ᠲᠠᠨᠢᠵᠤ ᠪᠠᠢᠨ᠎ᠠ ᠤᠤ? ᠪᠢ ᠲᠠᠨ ᠤ᠋ ᠰᠤᠷᠤᠭᠴᠢ ᠪᠠᠢᠭᠰᠠᠨ ᠰᠢᠦ! ᠭᠡᠮᠡᠨ ᠶᠣᠰᠣᠯᠠᠨ ᠵᠣᠯᠭᠠᠵᠠᠢ᠃ ᠭᠡᠬᠦ ᠳ᠋ᠦ᠍ ᠪᠠᠭᠰᠢ ᠨᠢ᠄ 
       — ᠠ᠋᠂ ᠠᠭᠤᠴᠢᠯᠠᠭᠠᠷᠠᠢ! ᠪᠢ ᠦᠨᠡᠬᠡᠷ ᠲᠠᠨ ᠢ᠋ ᠲᠠᠨᠢᠬᠤ ᠦᠭᠡᠢ ᠪᠠᠢᠨ᠎ᠠ! ᠭᠡᠪᠡ᠃ ᠡᠭᠦᠨ ᠳ᠋ᠦ᠍ ᠰᠤᠷᠤᠭᠴᠢ ᠨᠢ᠄ 
       — ᠪᠠᠭᠰᠢ ᠠ᠋᠂ ᠲᠠ ᠪᠣᠳᠣᠭᠠᠴᠢ ᠳᠠ ! ᠪᠢ ᠪᠣᠯ ᠲᠡᠷᠡ ᠵᠢᠯ᠂ ᠲᠠᠨ ᠤ᠋ ᠬᠢᠴᠢᠶᠡᠯ ᠳᠡᠭᠡᠷ᠎ᠡ ᠨᠥᠬᠥᠳ ᠦ᠋ᠨ ᠢ᠋ᠶ᠋ᠡᠨ ᠭᠠᠷ ᠴᠠᠭ ᠢ᠋ ᠬᠤᠯᠠᠭᠠᠢᠯᠠᠭᠰᠠᠨ ᠰᠤᠷᠤᠭᠴᠢ ᠴᠢᠨᠢ ᠰᠢᠦ ᠳᠡ ᠭᠡᠯ᠎ᠡ᠃ ᠪᠠᠭᠰᠢ ᠨᠢ ᠲᠡᠭᠦᠨ ᠢ᠋ ᠡᠭᠴᠡᠯᠡᠨ ᠰᠢᠷᠳᠡᠵᠦ ᠰᠢᠷᠲᠡᠭᠰᠡᠨ ᠢ᠋ᠶ᠋ᠡᠨ᠂ ᠮᠥᠨ ᠬᠦ᠌ ᠲᠣᠯᠣᠭᠠᠢ ᠰᠠᠵᠢᠭᠠᠳ᠂ 
       — ᠪᠢ ᠦᠨᠡᠬᠡᠷ ᠴᠢᠮ᠎ᠠ ᠶ᠋ᠢ ᠲᠠᠨᠢᠬᠤ ᠦᠭᠡᠢ ᠪᠠᠢᠨ᠎ᠠ ! ᠭᠡᠴᠢᠬᠡᠪᠡ᠃ ᠰᠤᠷᠤᠭᠴᠢ ᠨᠢ ᠵᠠᠯᠭᠠᠭᠠᠳ᠄ 
       — ᠲᠡᠷᠡ ᠤᠳᠠᠭ᠎ᠠ ᠲᠠ᠄ ᠪᠦᠬᠦ ᠨᠥᠬᠥᠳ ᠬᠡᠷᠡᠮ ᠥᠭᠡᠳᠡ ᠬᠠᠷᠠᠵᠤ ᠵᠣᠭᠰᠣ ! ᠲᠡᠭᠡᠭᠡᠳ ᠭᠠᠷ ᠠᠯᠴᠢᠭᠤᠷ ᠢ᠋ᠶ᠋ᠠᠷ ᠢ᠋ᠶ᠋ᠠᠨ ᠨᠢᠭᠤᠷ ᠢ᠋ᠶ᠋ᠠᠨ ᠪᠦᠲᠡᠭᠡ ᠭᠡᠰᠡᠨ᠃ ᠴᠢᠩᠭᠢᠭᠡᠳ ᠳᠠᠷᠠᠭ᠎ᠠ ᠨᠢ ᠲᠠ ᠮᠠᠨ ᠤ᠋ ᠬᠠᠷᠮᠠᠨ ᠢ᠋ ᠨᠢᠭᠡ ᠨᠢᠭᠡ ᠪᠡᠷ ᠨᠡᠩᠵᠢᠭᠰᠡᠨ᠃ ᠲᠠ ᠮᠢᠨᠦ ᠬᠠᠷᠮᠠᠨ ᠠ᠋ᠴᠠ ᠬᠤᠯᠠᠭᠠᠢᠯᠠᠭᠰᠠᠨ ᠴᠠᠭ ᠢ᠋ ᠨᠡᠩᠵᠢᠵᠦ ᠣᠯᠬᠤ ᠲᠡᠷᠡᠬᠡᠨ ᠭᠱᠠᠨ ᠳ᠋ᠤ᠌᠂ 〈ᠪᠢ ᠴᠦ᠍ ᠣᠳᠣ ᠳᠠᠭᠤᠰᠤᠭᠰᠠᠨ ᠠ᠋᠂ ᠪᠠᠭᠰᠢ ᠨᠠᠳᠠ ᠳ᠋ᠤ᠌ ᠠᠭᠤᠷᠯᠠᠬᠤ ᠳ᠋ᠤ᠌ ᠪᠠᠨ ᠯᠠᠪᠲᠠᠢ ᠴᠢᠩᠭ᠎ᠠ ᠰᠢᠭᠦᠮᠵᠢᠯᠡᠨ᠎ᠡ᠃ ᠢᠩᠭᠢᠭᠡᠳ ᠯᠡ ᠪᠢ ᠡᠨᠡ ᠠᠩᠭᠢ ᠳ᠋ᠤ᠌ ᠪᠠᠨ ᠲᠣᠯᠣᠭᠠᠢ ᠪᠠᠨ ᠭᠡᠳᠡᠢᠵᠦ ᠴᠢᠳᠠᠬᠤ ᠦᠭᠡᠢ ᠥᠭᠡᠳᠡ ᠦᠭᠡᠢ ᠨᠢᠭᠡ ᠮᠠᠭᠤ ᠠᠮᠢᠲᠠᠨ ᠪᠣᠯᠤᠨ᠎ᠠ ! ᠡᠨᠡ ᠶᠠᠪᠤᠳᠠᠯ ᠨᠠᠳᠠ ᠳ᠋ᠤ᠌ ᠶᠠᠮᠠᠷ ᠶᠡᠬᠡ ᠢᠴᠢᠭᠦᠷᠢ᠂ ᠶᠠᠮᠠᠷ ᠶᠡᠬᠡ ᠰᠢᠷᠬ᠎ᠠ ᠪᠣᠯᠵᠤ ᠦᠯᠡᠳᠡᠬᠦ ᠨᠢ ᠠ᠋ ! 〉ᠭᠡᠵᠦ ᠰᠡᠳᠬᠢᠯ ᠳᠡᠩᠰᠡᠯᠦᠨ ᠰᠢᠨᠠᠯᠵᠤ ᠪᠠᠢᠭᠰᠠᠨ ᠠ᠋᠂ ᠪᠠᠭᠰᠢ ᠠ᠋ ! ᠭᠡᠲᠡᠯ᠎ᠡ ᠬᠡᠷᠡᠭ ᠤᠴᠢᠷ ᠮᠢᠨᠦ ᠪᠣᠳᠣᠭᠰᠠᠨ ᠰᠢᠭ᠋ ᠲᠡᠢᠮᠦ ᠠᠳᠠᠭ ᠤ᠋ᠨ ᠳ᠋ᠦᠩ ᠳ᠋ᠦ᠍ ᠬᠦᠷᠦᠭᠡ ᠦᠭᠡᠢ᠃ ᠲᠠ ᠲᠡᠷᠡ ᠭᠠᠷ ᠴᠠᠭ ᠢ᠋ ᠡᠵᠡᠨ ᠳ᠋ᠦ᠍ᠨᠢ ᠪᠤᠴᠠᠭᠠᠵᠤ ᠥᠭᠭᠦᠮᠡᠭᠴᠡ᠂ ᠪᠦᠭᠦᠳᠡᠭᠡᠷ ᠢ᠋ᠶ᠋ᠡᠨ ᠣᠷᠣ ᠣᠷᠣᠨ ᠳ᠋ᠤ᠌ ᠪᠠᠨ ᠰᠠᠭᠤᠭᠠᠷᠠᠢ! ᠭᠡᠳ ᠵᠠᠯᠭᠠᠭᠠᠳ ᠬᠢᠴᠢᠶᠡᠯ ᠢ᠋ᠶ᠋ᠡᠨ ᠣᠷᠣᠭᠰᠠᠨ ᠠ᠋ ᠁ ᠲᠡᠭᠡᠭᠡᠳ᠂ ᠲᠡᠭᠡᠭᠡᠳ ᠲᠠ ᠪᠢᠳᠡᠨ ᠢ᠋ ᠲᠡᠭᠦᠰᠦᠨ ᠲᠡᠭᠦᠰᠲᠡᠯ᠎ᠡ ᠴᠠᠭ ᠬᠤᠯᠠᠭᠠᠢᠯᠠᠭᠰᠠᠨ ᠬᠡᠷᠡᠭ ᠢ᠋ ᠣᠭᠲᠣ ᠳᠤᠷᠠᠳᠤᠭ᠎ᠠ ᠦᠭᠡᠢ ᠶᠠᠪᠤᠭᠰᠠᠨ !᠁ ᠪᠠᠭᠰᠢ ᠠ᠋᠂ ᠲᠠ ᠣᠳᠣ ᠨᠠᠮ᠎ᠠ ᠶ᠋ᠢ ᠰᠠᠨᠠᠵᠤ ᠣᠯᠤᠭᠰᠠᠨ ᠪᠠᠢᠬ᠎ᠠ! ᠭᠡᠮᠡᠨ ᠰᠤᠷᠤᠭᠴᠢ ᠨᠢ ᠨᠢᠭᠡ ᠯᠡ ᠠᠮᠢᠰᠬᠤᠭ᠎ᠠ ᠪᠠᠷ ᠶᠠᠷᠢᠵᠤ ᠭᠠᠷᠤᠯ᠎ᠠ᠃ ᠪᠠᠭᠰᠢ ᠨᠢ ᠨᠢᠭᠤᠷ ᠳᠦᠭᠦᠷᠡᠩ ᠮᠦᠰᠢᠶᠡᠳᠦ ᠲᠣᠳᠣᠷᠠᠭᠤᠯᠤᠨ᠄ 
       — ᠦᠨᠡᠬᠡᠷ ᠰᠢᠦ᠂ ᠪᠢ ᠶᠠᠭᠠᠬᠢᠭᠠᠳ ᠴᠢᠮ᠎ᠠ ᠶ᠋ᠢ ᠴᠡᠭᠡᠵᠢᠯᠡᠴᠢᠬᠡᠨ᠎ᠡ ᠪᠣᠢ ᠳᠠ! ᠪᠢ ᠰᠤᠷᠤᠭᠴᠢ ᠨᠥᠬᠥᠳ ᠮᠠᠨᠢ ᠰᠡᠳᠬᠢᠯ ᠳ᠋ᠦ᠍ ᠪᠡᠨ ᠰᠡᠪ ᠦᠭᠡᠢ ᠡᠶ᠎ᠡ ᠡᠪ ᠲᠡᠢ ᠡᠷᠡᠭᠦᠯ ᠰᠠᠷᠠᠭᠤᠯ ᠪᠠᠢᠭ ᠭᠡᠵᠦ᠂ ᠥᠪᠡᠷ ᠢ᠋ᠶ᠋ᠡᠨ ᠬᠡᠵᠢᠶᠡᠳᠡ ᠰᠤᠷᠤᠭᠴᠢ ᠨᠥᠬᠥᠳ ᠦ᠋ᠨ ᠢ᠋ᠶ᠋ᠡᠨ ᠰᠠᠢᠨ ᠨᠠᠢᠵᠠ ᠨᠢ ᠪᠠᠢᠭ ᠭᠡᠳ᠂ ᠪᠢ ᠪᠠᠰᠠ ᠲᠡᠷᠡ ᠬᠢᠴᠢᠶᠡᠯ ᠳᠡᠭᠡᠷ᠎ᠡ ᠨᠢᠳᠦ ᠪᠡᠨ ᠪᠦᠲᠡᠭᠡᠴᠢᠬᠡᠭᠡᠳ ᠰᠠᠶᠢ ᠨᠡᠩᠵᠢᠭᠰᠡᠨ ᠶᠦᠮ ᠰᠢᠦ! ᠭᠡᠮᠡᠨ ᠴᠠᠭᠠᠬᠠᠨ ᠢᠨᠢᠶᠡᠮᠰᠦᠭᠯᠡᠵᠡᠢ᠃ ᠰᠤᠷᠤᠭᠴᠢ ᠨᠢ ᠰᠣᠨᠣᠰᠤᠩᠭᠤᠲᠠ ᠨᠢᠯᠪᠤᠰᠤ ᠠᠰᠬᠠᠷᠠᠭᠤᠯᠤᠭᠰᠠᠭᠠᠷ ᠪᠠᠭᠰᠢ ᠪᠠᠨ ᠴᠢᠩᠭᠠᠬᠠᠨ ᠭᠡᠭᠴᠢ ᠲᠡᠪᠡᠷᠢᠭᠡᠳ᠂ ᠶᠠᠭᠤ ᠴᠤ᠌ ᠬᠡᠯᠡᠵᠦ ᠭᠠᠷᠤᠭᠰᠠᠨ ᠦᠭᠡᠢ᠃ ᠢᠩᠭᠢᠵᠦ ᠬᠣᠶᠠᠭᠤᠯᠠ ᠨᠢᠭᠡᠨ ᠨᠢᠭᠡᠨ ᠢ᠋ᠶ᠋ᠡᠨ ᠲᠡᠪᠡᠷᠢᠭᠡᠳ ᠨᠠᠮ ᠵᠢᠮᠬᠡᠨ ᠤᠳᠠᠲᠠᠯ᠎ᠠ ᠵᠣᠭᠰᠣᠵᠠᠢ᠃ 
       ᠬᠥᠮᠦᠨ ᠳ᠋ᠦ᠍ ᠪᠠᠢᠵᠤ ᠳᠡᠢᠯᠬᠦᠢᠴᠡ ᠣᠷᠣᠨ ᠵᠠᠢ ᠣᠯᠭᠣᠵᠤ ᠴᠢᠳᠠᠮᠠᠨᠵᠢᠨ ᠲᠡᠷᠡ ᠰᠠᠶᠢ ᠠᠬᠢᠭᠠᠳ ᠰᠢᠨ᠎ᠡ ᠨᠢᠭᠡ ᠳᠡᠭᠲᠡᠷ ᠲᠦ᠍ ᠭᠠᠷᠴᠤ ᠭᠠᠷᠴᠤ ᠴᠢᠳᠠᠳᠠᠭ ᠶᠤᠮ᠃ ᠲᠡᠭᠡᠬᠦ ᠪᠡᠷ ᠢ᠋ᠶ᠋ᠡᠨ ᠬᠥᠮᠦᠨ ᠳ᠋ᠦ᠍ ᠥᠪᠡᠷ ᠢ᠋ ᠪᠡᠨ ᠬᠠᠯᠠᠵᠤ ᠵᠠᠰᠠᠬᠤ ᠲᠣᠬᠢᠶᠠᠯ ᠥᠭᠬᠦ ᠨᠢ ᠭᠠᠭᠴᠠᠬᠠᠨ ᠪᠠᠭᠰᠢ ᠬᠥᠮᠦᠨ ᠦ᠌ ᠰᠠᠢᠨ ᠰᠠᠨᠠᠭ᠎ᠠ ᠪᠠ ᠣᠶᠤᠨ ᠤᠬᠠᠭᠠᠨ ᠤ᠋ ᠴᠢᠨᠡᠭᠡ ᠶ᠋ᠢᠨ ᠬᠢ ᠪᠢᠰᠢ᠂ ᠨᠡᠩ ᠴᠦ᠍ ᠬᠥᠮᠦᠨ ᠢ᠋ ᠡᠨᠡᠷᠢᠵᠦ ᠦᠷᠦ ᠡᠪᠡᠳᠬᠦ ᠶ᠋ᠢᠨ ᠳᠡᠭᠡᠳᠦ ᠲᠦᠪᠰᠢᠨ ᠪᠥᠭᠡᠳ ᠬᠥᠮᠦᠨ ᠴᠢᠨᠠᠷ ᠤ᠋ᠨ ᠤᠪᠠᠳᠢᠰᠲᠤ ᠰᠢᠳᠢ ᠶ᠋ᠢᠨ ᠡᠷᠬᠢᠮ ᠳᠡᠭᠡᠳᠦ ᠢᠯᠡᠷᠡᠯ ᠪᠤᠶᠤ᠃ ᠡᠢᠮᠦ ᠡᠴᠡ ᠵᠢᠪ ᠵᠢᠩᠬᠢᠨᠢ ᠰᠠᠢᠬᠠᠨ ᠴᠢᠨᠠᠷ ᠢ᠋ ᠪᠦᠲᠦᠭᠡᠬᠦ (ᠬᠥᠮᠦᠨ ᠢ᠋ ᠪᠦᠲᠦᠭᠡᠬᠦ ᠶ᠋ᠢ ᠵᠢᠭᠠᠵᠤ ᠪᠣᠢ) ᠬᠦᠨᠳᠦᠳᠬᠡᠬᠦ ᠬᠣᠶᠠᠷ ᠢ᠋ ᠰᠠᠢᠨ ᠰᠠᠢᠬᠠᠨ ᠳᠠᠳᠬᠠᠯ ᠪᠣᠯᠭᠠᠵᠤ ᠴᠢᠳᠠᠬᠤ ᠳ᠋ᠤ᠌ ᠪᠠᠢᠭ᠎ᠠ ᠶᠤᠮ᠃ ᠬᠡᠷᠪᠡ ᠲᠠ ᠡᠷᠡᠭᠦᠯ ᠢ᠋ᠶ᠋ᠡᠷ ᠦᠰᠦᠨ ᠬᠥᠭᠵᠢᠶ᠎ᠡ ᠭᠡᠪᠡᠯ ᠰᠡᠳᠬᠢᠯ ᠢ᠋ᠶ᠋ᠡᠷ ᠢ᠋ᠶ᠋ᠡᠨ ᠶᠠᠮᠠᠷ ᠴᠤ᠌ ᠨᠤᠭᠤᠷᠠᠯ ᠪᠦᠳᠦᠷᠢᠯ ᠳ᠋ᠦ᠍ ᠤᠴᠠᠷᠠᠭᠰᠠᠨ ᠦᠭᠡᠢ ᠪᠠᠢᠬᠤ ᠬᠡᠷᠡᠭᠲᠡᠢ᠃ ᠠᠳᠠᠯᠢᠬᠠᠨ ᠢ᠋ᠶ᠋ᠠᠷ ᠪᠢᠳᠡ ᠪᠤᠰᠤᠳ ᠤ᠋ᠨ ᠨᠢᠭᠤᠴᠠᠬᠠᠢ ᠵᠦᠢᠯ ᠪᠤᠶᠤ ᠡᠮᠵᠡᠭ ᠲᠠᠯ᠎ᠠ ᠳ᠋ᠤ᠌ ᠲᠤᠯᠭᠠᠷᠠᠬᠤ ᠳ᠋ᠤ᠌ ᠪᠠᠨ ᠡᠷᠬᠢᠮ ᠳᠡᠭᠡᠳᠦ ᠣᠪᠣᠷ ᠰᠡᠳᠬᠢᠯᠭᠡᠨ ᠦ᠌ ᠲᠦᠪᠰᠢᠨ ᠢ᠋ᠶ᠋ᠡᠷ ᠣᠴᠢᠵᠤ ᠰᠢᠢᠳᠪᠦᠷᠢᠯᠡᠬᠦ ᠡᠴᠡ ᠪᠢᠰᠢ᠂ ᠬᠠᠷᠢᠨ ᠡᠪᠡᠳᠴᠢᠨ ᠲᠡᠢ ᠭᠠᠵᠠᠷ ᠢ᠋ ᠨᠢ ᠤᠯᠠᠮ ᠬᠥᠨᠳᠡᠭᠡᠨ ᠡᠪᠷᠰᠢᠭᠡᠵᠤ ᠵᠣᠪᠠᠭᠠᠬᠤ ᠳ᠋ᠤ᠌ ᠪᠠᠢᠭ᠎ᠠ ᠪᠢᠰᠢ ᠶᠦ᠍ᠮ᠃ 

                            2021.02.25 . E ᠬᠣᠲᠠᠨ᠎ᠠ  
 

           ᠦᠰᠦᠭ ᠠᠮᠢᠯᠠᠭᠤᠯᠤᠭᠰᠠᠨ ᠨᠢ ᠄ ᠭᠠᠸᠠ 
           ᠦᠰᠦᠭ ᠬᠢᠨᠠᠭᠴᠢ ᠄ ᠮᠥᠴᠢᠷ᠂ ᠲᠤᠭᠴᠢ ᠰᠠᠷᠠᠨ᠎ᠠ