ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 22 Нэгэн ном тавцан үн өдөр үн тэмдэглэлээс – 22 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 22 Нэгэн ном тавцан үн өдөр үн тэмдэглэлээс – 22

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 22 Нэгэн ном тавцан үн өдөр үн тэмдэглэлээс – 22

2025-02-23

291


       ᠲᠡᠷᠡ ᠡᠳᠦᠷ ᠴᠠᠭ ᠠᠭᠤᠷ ᠮᠠᠭᠤᠬᠠᠢ ᠪᠠᠢᠯ᠎ᠠ᠃ ᠴᠠᠬᠢᠯᠭᠠᠨ ᠴᠠᠬᠢᠯᠵᠤ ᠪᠣᠷᠣᠭ᠎ᠠ ᠰᠠᠭᠤᠯᠠᠭ᠎ᠠ ᠰᠠᠪᠠ ᠪᠠᠷ ᠴᠢᠳᠬᠤᠬᠤ ᠮᠡᠲᠦ ᠣᠷᠣᠵᠤ ᠪᠠᠢᠪᠠ᠃ ᠪᠢᠴᠢᠬᠠᠨ ᠥᠬᠢᠨ ᠥᠷᠯᠥᠭᠡ ᠡᠵᠢ ᠶ᠋ᠢᠨ ᠢ᠋ᠶ᠋ᠡᠨ ᠳᠠᠭᠤᠳᠠᠬᠤ ᠳᠠᠭᠤ ᠪᠠᠷ ᠪᠣᠰᠴᠤ ᠥᠷᠯᠥᠭᠡᠨ ᠦ᠌ ᠴᠠᠢ ᠪᠠᠨ ᠤᠤᠭᠤᠭᠠᠳ ᠵᠤᠷᠰᠢᠯ ᠶᠣᠰᠣᠭᠠᠷ ᠰᠤᠷᠭᠠᠭᠤᠯᠢ ᠤᠷᠤᠭᠤ ᠪᠠᠨ ᠠᠯᠬᠤᠯ᠎ᠠ᠃ 
       ᠴᠠᠬᠢᠯᠭᠠᠨ ᠬᠦᠴᠦᠲᠡᠢ ᠴᠠᠬᠢᠯᠵᠤ ᠨᠦᠷᠭᠢᠯᠳᠦᠭᠰᠡᠨ ᠳᠠᠭᠤ ᠭᠠᠷᠬᠤ ᠳ᠋ᠤ᠌ ᠥᠬᠢᠨ ᠦ᠌ ᠡᠬᠡ ᠭᠡᠨᠡᠳᠲᠡ ᠰᠠᠨᠳᠤᠷᠤᠨ《ᠥᠬᠢᠨ ᠮᠢᠨᠢ ᠵᠠᠮ ᠳ᠋ᠠᠭᠠᠨ ᠶᠠᠪᠤᠵᠤ ᠪᠠᠢᠭᠠᠳ ᠠᠶᠤᠬᠤ ᠪᠣᠢ ᠳᠠ》 ᠭᠡᠵᠦ ᠪᠣᠳᠣᠨ ᠮᠠᠰᠢᠨ ᠳ᠋ᠠᠭᠠᠨ ᠰᠡᠩᠳᠡ ᠮᠡᠩᠳᠡ ᠰᠠᠭᠤᠭᠠᠳ ᠥᠬᠢᠨ ᠦ᠌ ᠪᠡᠨ ᠠᠷᠤ ᠠ᠋ᠴᠠ ᠭᠠᠷᠪᠠ᠃ ᠲᠡᠭᠡᠭᠡᠳ ᠥᠬᠢᠨ ᠢ᠋ᠶ᠋ᠡᠨ ᠵᠠᠮ ᠢ᠋ᠶ᠋ᠠᠷ ᠶᠠᠪᠤᠵᠤ ᠪᠠᠢᠬᠤ ᠶ᠋ᠢ ᠣᠯᠵᠤ ᠬᠠᠷᠠᠯ᠎ᠠ᠃ ᠥᠬᠢᠨ ᠨᠢ ᠣᠢᠷᠠᠬᠠᠨ ᠣᠢᠷᠠᠬᠠᠨ ᠠᠯᠬᠤᠨ ᠶᠠᠪᠤᠵᠤ ᠪᠠᠢᠪᠠ᠃ ᠬᠠᠷᠢᠨ ᠴᠠᠬᠢᠯᠭᠠᠨ ᠴᠠᠬᠢᠯᠬᠤ ᠳ᠋ᠤ᠌ ᠲᠤᠭ ᠵᠣᠭᠰᠣᠭᠠᠳ ᠲᠩᠷᠢ ᠥᠭᠡᠳᠡ ᠬᠠᠷᠠᠨ ᠢᠨᠢᠶᠡᠮᠰᠦᠭᠯᠡᠵᠦ ᠪᠠᠢᠪᠠ᠃ ᠢᠩᠭᠢᠬᠦ ᠶ᠋ᠢ ᠨᠢ ᠡᠵᠢ ᠨᠢ ᠬᠠᠷᠠᠭᠠᠳ ᠶᠡᠬᠡᠳᠡ ᠭᠠᠢᠬᠠᠨ ᠮᠠᠰᠢᠨ ᠢ᠋ᠶ᠋ᠠᠨ ᠵᠢᠯᠣᠭᠣᠳᠴᠤ ᠳᠥᠭᠥᠵᠦ ᠣᠴᠢᠪᠠ᠃ ᠲᠡᠭᠡᠭᠡᠳ《ᠥᠬᠢᠨ ᠮᠢᠨᠢ ᠡᠨᠡ ᠠᠶᠤᠮᠠᠷ ᠪᠣᠷᠣᠭᠠᠨ ᠳ᠋ᠤ᠌ ᠭᠠᠭᠴᠠᠭᠠᠷ ᠢ᠋ᠶ᠋ᠠᠨ ᠶᠠᠪᠤᠬᠤ ᠳ᠋ᠠᠭᠠᠨ ᠠᠶᠤᠭᠰᠠᠨ ᠦᠭᠡᠢ ᠤᠤ? ᠴᠠᠬᠢᠯᠭᠠᠨ ᠴᠠᠬᠢᠯᠬᠤ ᠪᠠᠷ ᠶᠠᠭᠠᠬᠢᠭᠠᠳ ᠲᠩᠷᠢ ᠥᠭᠡᠳᠡ ᠬᠠᠷᠠᠭᠠᠳ ᠪᠠᠢᠭ᠎ᠠ ᠶ᠋ᠢ ᠡᠵᠢ ᠳ᠋ᠡᠭᠡᠨ ᠬᠡᠯᠡᠭᠡᠴᠢ!》 ᠭᠡᠪᠡ᠃ 
       ᠲᠡᠭᠡᠬᠦ ᠳ᠋ᠦ᠍ ᠥᠬᠢᠨ᠄《ᠢᠨᠢᠶᠡᠮᠰᠦᠭᠯᠡᠭᠰᠡᠨ ᠶᠦᠮ ᠠ᠋᠃ ᠶᠠᠭᠠᠬᠢᠭᠠᠳ ᠭᠡᠪᠡᠯ ᠪᠤᠷᠬᠠᠨ ᠮᠢᠨᠦ ᠵᠢᠷᠤᠭ ᠢ᠋ ᠳᠡᠭᠡᠷ᠎ᠡ ᠡᠴᠡ ᠠᠪᠴᠤ ᠪᠠᠢᠨ᠎ᠠ》 ᠭᠡᠵᠡᠢ᠃  

           ᠦᠰᠦᠭ ᠠᠮᠢᠯᠠᠭᠤᠯᠤᠭᠴᠢ᠄ ᠡᠩᠬᠡᠪᠠᠲᠤ  
               ᠦᠰᠦᠭ ᠬᠢᠨᠠᠭᠴᠢ᠄ ᠪᠠᠶᠠᠷᠴᠡᠴᠡᠭ