ᠴᠠᠭᠠᠨ ᠰᠣᠷᠣᠯᠣЦагаан сурал sural ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠣᠷᠣᠯᠣЦагаан сурал sural

ᠴᠠᠭᠠᠨ ᠰᠣᠷᠣᠯᠣЦагаан сурал sural

2025-02-23

326

ᠴᠠᠭᠠᠨ ᠰᠣᠷᠣᠯᠣ

    ᠲᠤᠰ ᠡᠮ ᠪᠣᠯ ᠰᠢᠭᠦᠷ ᠬᠡᠯᠪᠡᠷᠢᠲᠦ ᠴᠡᠴᠡᠭ ᠤᠨ ᠢᠵᠠᠭᠤᠷ ‍ᠤᠨ ᠤᠷᠭᠤᠮᠠᠯ ᠪᠣᠯᠬᠤ ᠰᠤᠨᠠᠷ᠎ᠠ ᠶᠢᠨ ᠬᠠᠲᠠᠭᠠᠭᠰᠠᠨ ᠦᠨᠳᠦᠰᠦ ᠮᠥᠨ᠃
   [ ᠤᠤᠯ ᠤᠷᠭᠤᠮᠠᠯ] ᠣᠯᠠᠨ ᠨᠠᠰᠤᠲᠤ ᠡᠪᠰᠦᠯᠢᠭ ᠤᠷᠭᠤᠮᠠᠯ᠃ ᠡᠰᠢᠨ ‍ᠦ ᠬᠢᠨᠢ ᠶᠡᠬᠡᠩᠬᠢ ᠬᠡᠰᠡᠭ ᠨᠢ ᠡᠯᠡᠰᠦᠨ ᠳᠦ ᠪᠤᠯᠠᠭᠳᠠᠭᠠᠳ ᠬᠥᠷᠥᠰᠥᠨ ᠡᠴᠡ ᠳᠡᠭᠡᠭᠰᠢ ᠭᠠᠷᠤᠭᠰᠠᠨ ᠬᠡᠰᠡᠭ ᠨᠢ ᠰᠢᠯᠤᠭᠤᠨ ᠮᠥᠷᠲᠡᠭᠡᠨ ᠴᠥᠭᠡᠨ ᠰᠠᠯᠠᠭᠠᠯᠠᠨ᠎ᠠ᠃ ᠪᠦᠬᠦ ᠪᠡᠶ᠎ᠡ ᠳᠤᠨᠢ ᠴᠠᠢᠪᠤᠷ ᠬᠦᠷᠡᠩ ᠨᠤᠤᠭᠤᠯᠤᠷ ᠦᠰᠦ ᠲᠡᠢ᠃ ᠤᠵᠠᠭᠤᠷ ᠠᠴᠠ ᠤᠷᠭᠤᠭᠰᠠᠨ ᠨᠠᠪᠴᠢ ᠨᠢ ᠥᠨᠳᠡᠭᠡᠯᠵᠢᠨ ᠪᠤᠶᠤ ᠥᠷᠭᠡᠨ ᠭᠤᠷᠪᠠᠯᠵᠢᠨ ᠰᠢᠭ᠋ ᠥᠨᠳᠡᠭᠡᠯᠵᠢᠨ ᠬᠡᠯᠪᠡᠷᠢ ᠲᠡᠢ᠂ ᠭᠤᠷᠪᠠᠯᠠᠭᠰᠠᠨ ᠰᠢᠭ᠋ ᠥᠳᠥᠯᠢᠭ ᠤᠨᠢ ᠲᠠᠢ ᠪᠤᠶᠤ ᠬᠣᠶᠠᠷ ᠠᠴᠠ ᠭᠤᠷᠪᠠᠳᠠᠭᠰᠠᠨ ᠥᠳᠥᠯᠢᠭ ᠭᠦᠨ ᠤᠨᠢ ᠲᠠᠢ᠂ ᠤᠷᠲᠤ ᠪᠠᠷᠢᠭᠤᠯ ᠲᠠᠢ᠃ ᠡᠰᠢᠨ ᠳᠡᠭᠡᠷᠡᠬᠢ ᠨᠠᠪᠴᠢ ᠨᠢ ᠥᠨᠳᠡᠭᠡᠯᠵᠢᠨ ᠬᠡᠯᠪᠡᠷᠢ ᠲᠡᠢ᠂ ᠭᠤᠷᠪᠠᠯᠵᠢᠨ ᠲᠣᠭᠣᠷᠢᠭ ᠬᠢᠷᠥᠭᠡᠨ ᠰᠢᠳᠦᠲᠦ ᠬᠥᠪᠡᠭᠡ ᠲᠡᠢ᠃ ᠨᠡᠢᠯᠡᠮᠡᠯ ᠰᠢᠭᠦᠷ ᠬᠡᠯᠪᠡᠷᠢᠲᠦ ᠪᠠᠭ ᠴᠡᠴᠡᠭ ᠨᠢ ᠡᠰᠢᠨ ‍ᠦ ᠣᠷᠣᠢ ᠳᠤ ᠳᠡᠯᠭᠡᠷᠡᠨ᠎ᠡ᠃ ᠨᠢᠭ ᠴᠠᠢᠪᠤᠷ ᠬᠦᠷᠡᠩ ᠨᠣᠣᠭᠤᠯᠤᠷ ᠦᠰᠦ ᠲᠡᠢ᠃10~14 ᠵᠢᠵᠢᠭ ᠰᠢᠭᠦᠷ ᠬᠡᠯᠪᠡᠷᠢᠲᠦ ᠪᠠᠭ ᠴᠡᠴᠡᠭ ᠲᠡᠢ᠃ ᠵᠢᠵᠢᠭ ᠶᠡᠷᠦᠩᠬᠡᠢ ᠪᠠᠭᠯᠠᠭᠴᠢ ᠢᠯᠲᠠᠰᠤ ᠨᠢ8~12᠂ ᠨᠠᠷᠢᠬᠠᠨ ᠬᠠᠪᠲᠠᠭᠠᠢ ᠲᠡᠪᠡᠨᠡ ᠬᠡᠯᠪᠡᠷᠢ ᠲᠡᠢ᠃ ᠵᠢᠵᠢᠭ ᠰᠢᠭᠦᠷ ᠬᠡᠯᠪᠡᠷᠢᠲᠦ ᠪᠠᠭ ᠴᠡᠴᠡᠭ ᠪᠦᠷᠢ ᠳᠦ15~20 ᠬᠦᠢᠰ ᠵᠢᠵᠢᠭ ᠴᠠᠭᠠᠨ ᠴᠡᠴᠡᠭ  ᠳᠡᠯᠭᠡᠷᠡᠨ᠎ᠡ᠃ ᠬᠣᠣᠰ ᠳᠡᠭᠦᠵᠢᠩ ᠵᠢᠮᠢᠰ ᠨᠢ ᠪᠥᠮᠪᠥᠭᠡᠯᠢᠭ ᠪᠤᠶᠤ ᠵᠣᠣᠪᠠᠩ ᠬᠡᠯᠪᠡᠷᠢ ᠲᠡᠢ᠂ ᠢᠯᠴᠦᠦᠯᠢᠭ ᠳᠠᠯᠠᠪᠴᠢ ᠪᠦᠬᠦᠢ5 ᠢᠷᠮᠡᠭ ᠲᠡᠢ᠂ ᠤᠯᠠᠪᠤᠷ ᠰᠢᠷᠦᠭᠦᠨ ᠦᠰᠦ ᠲᠡᠢ᠃5~7 ᠳ᠋ᠤᠭᠠᠷ ᠰᠠᠷ᠎ᠠ ᠳᠤ ᠴᠡᠴᠡᠭᠯᠡᠵᠦ᠂6~8  ᠳ᠋ᠤᠭᠠᠷ ᠰᠠᠷ᠎ᠠ ᠳᠤ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠳᠠᠯᠠᠢ ᠶᠢᠨ ᠬᠥᠪᠡᠭᠡᠨ ‍ᠦ ᠡᠯᠡᠰᠦᠨ ᠲᠠᠩ ᠳᠡᠭᠡᠷ᠎ᠡ ᠤᠷᠭᠤᠨ᠎ᠠ᠂ ᠦᠩ ᠰᠢᠮᠡᠯᠢᠭ ᠡᠯᠡᠰᠦᠷᠬᠡᠭ ᠬᠥᠷᠥᠰᠥᠨ ᠳᠦ ᠠᠷᠠᠴᠢᠯᠠᠨ ᠲᠠᠷᠢᠵᠤ ᠪᠠᠢᠨ᠎ᠠ᠃ ᠮᠠᠨ ‍ᠤ ᠤᠯᠤᠰ ‍ᠤᠨ ᠣᠯᠠᠩᠬᠢ ᠭᠠᠵᠠᠷ ᠣᠷᠣᠨ ᠳᠤ ᠪᠦᠷ ᠤᠷᠭᠤᠳᠠᠭ᠃ ᠭᠣᠣᠯᠳᠠᠭᠤ ᠯᠢᠶᠣᠤᠨᠢᠩ᠂ ᠾᠧᠪᠧᠢ᠂ ᠱᠠᠨᠳᠦ᠋ᠩ ᠳᠦ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠮᠠᠯᠲᠠᠨ ᠠᠪᠴᠤ᠂ ᠰᠠᠬᠠᠯ ᠦᠨᠳᠦᠰᠦ ᠪᠠ ᠭᠠᠳᠠᠷ ᠬᠠᠯᠢᠰᠤ ᠶᠢ ᠨᠢ ᠠᠷᠢᠯᠭᠠᠨ ᠬᠠᠶᠠᠭᠠᠳ ᠬᠠᠲᠠᠭᠠᠨ᠎ᠠ᠃
   [ ᠠᠮᠲᠠ᠂ ᠴᠢᠨᠠᠷ ᠂ ᠡᠷᠳᠡᠮ] ᠠᠮᠲᠠᠯᠢᠭ᠂ ᠥᠴᠦᠬᠡᠨ ᠭᠠᠰᠢᠭᠤᠨ ᠠᠮᠲᠠ ᠲᠠᠢ᠃ᠰᠡᠷᠢᠭᠦᠨ ᠴᠢᠨᠠᠷ ᠲᠠᠢ᠃ ᠬᠥᠩᠭᠡᠨ᠂ ᠵᠥᠭᠡᠯᠡᠨ᠂ ᠲᠣᠰᠣᠯᠢᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ‍ᠤ ᠬᠠᠯᠠᠭᠤᠨ ᠢ ᠠᠷᠢᠯᠭᠠᠬᠤ᠂ ᠬᠠᠨᠢᠶᠠᠬᠤ ᠶᠢ ᠵᠣᠭᠰᠣᠭᠠᠬᠤ᠂ ᠰᠤᠳᠠᠯ ‍ᠤᠨ ᠰᠦᠪᠡ ᠶᠢ ᠪᠣᠭᠣᠬᠤ᠂ ᠴᠢᠰᠤ ᠶᠢ ᠵᠣᠭᠰᠣᠭᠠᠬᠤ ᠴᠢᠳᠠᠯ ᠲᠠᠢ᠃ ᠭᠣᠣᠯᠳᠠᠭᠤ ᠠᠭᠤᠰᠬᠢᠨ ‍ᠤ ᠬᠠᠯᠠᠭᠤᠨ ᠢᠶᠠᠷ ᠬᠠᠨᠢᠶᠠᠬᠤ᠂ ᠮᠥᠭᠡᠷᠰᠦᠨ ᠬᠣᠭᠣᠯᠠᠢ ᠶᠢᠨ ᠠᠷᠬᠠᠭ ᠴᠢᠨᠠᠷ ᠲᠠᠢ ᠦᠷᠪᠢᠰᠦᠯ᠂ ᠠᠭᠤᠰᠬᠢᠨ ᠥᠭᠡᠷᠢ ᠵᠡᠷᠭᠡ ᠶᠢ ᠵᠠᠰᠠᠬᠤ ᠳᠤ ᠬᠡᠷᠡᠭᠯᠡᠨ᠎ᠡ᠃


    ᠬᠢᠲᠠᠳ ᠨᠡᠷ᠎ᠡ᠄北沙参
   ᠠᠩᠭᠯᠢ ᠨᠡᠷ᠎ᠡ᠄(GLehnia littoralis Fr.schmidt ex Miq 珊瑚菜)

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠲᠤᠶᠠᠭ᠎ᠠ