1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠷᠯᠢᠭ ᠬᠤᠨ ᠰᠢᠪᠠᠭᠤᠳЗэрлэг Хун ШувуудZerleg Khun Shuvuud

ᠵᠡᠷᠯᠢᠭ ᠬᠤᠨ ᠰᠢᠪᠠᠭᠤᠳЗэрлэг Хун ШувуудZerleg Khun Shuvuud

2025-02-22

2537

ᠵᠡᠷᠯᠢᠭ ᠬᠤᠨ ᠰᠢᠪᠠᠭᠤᠳ

   ᠡᠷᠲᠡ ᠤᠷᠢᠳᠤ ᠶ᠋ᠢᠨ ᠴᠠᠭ ᠲᠤ᠌ ᠠᠷᠪᠠᠨ ᠨᠢᠭᠡᠨ ᠬᠦᠦ ᠭᠠᠭᠴᠠ ᠥᠬᠢᠨ ᠲᠡᠢ ᠨᠢᠭᠡᠨ ᠬᠠᠭᠠᠨ ᠪᠠᠢᠵᠠᠢ᠃ ᠥᠬᠢᠨ ᠢ᠋ ᠨᠢ ᠢᠯᠢᠰᠢᠶᠠ ᠭᠡᠳᠡᠭ᠂ ᠠᠷᠪᠠᠨ ᠬᠣᠶᠠᠷ ᠬᠡᠦᠬᠡᠳ ᠪᠦᠭᠦᠳᠡ ᠰᠡᠷᠭᠦᠯᠡᠩ᠂ ᠶᠠᠭᠤᠮ᠎ᠠ ᠰᠤᠷᠬᠤ ᠳ᠋ᠤ᠌ ᠪᠠᠨ ᠠᠳᠠᠲᠠᠢ᠃ᠲᠡᠳᠡ ᠰᠢᠯᠲᠦᠭᠡᠨ ᠳ᠋ᠦ᠍ ᠪᠡᠨ ᠠᠵᠠ ᠵᠢᠷᠭᠠᠯ ᠲᠠᠢ ᠠᠮᠢᠳᠤᠷᠠᠳᠠᠭ ᠪᠠᠢᠪᠠ᠃
ᠡᠴᠦᠰ ᠲᠡᠭᠡᠨ ᠨᠢᠭᠡ ᠡᠳᠦᠷ ᠬᠠᠭᠠᠨ ᠳᠠᠬᠢᠨ ᠭᠡᠷᠯᠡᠬᠦ ᠪᠡᠷ ᠰᠢᠢᠳᠴᠡᠢ᠃ᠡᠬᠡᠨᠡᠷ ᠨᠢ ᠭᠤᠨᠢᠭ ᠲᠠᠢ ᠪᠠᠷ ᠥᠭᠡᠳᠡ ᠪᠣᠯᠤᠭᠰᠠᠨ ᠤ᠋ ᠳᠠᠷᠠᠭ᠎ᠠ ᠬᠠᠭᠠᠨ ᠭᠠᠭᠴᠠᠭᠠᠷᠳᠠᠯ ᠳᠤᠮᠳᠠ ᠠᠮᠢᠳᠤᠷᠠᠵᠤ ᠪᠠᠢᠪᠠ᠃ᠲᠡᠭᠡᠭᠡᠳ ᠨᠢᠵᠢᠭᠢᠷ ᠨᠠᠢᠷ ᠬᠢᠯ᠎ᠡ᠂ ᠬᠡᠦᠬᠡᠳ ᠦ᠋ᠳ ᠰᠢᠨ᠎ᠡ ᠡᠬᠡ ᠶ᠋ᠢ ᠪᠡᠨ ᠬᠦᠯᠢᠶᠡᠵᠦ ᠪᠠᠢᠪᠠ᠂ ᠲᠡᠳᠡ ᠡᠵᠢ ᠲᠡᠢ ᠪᠣᠯᠬᠤ ᠰᠠᠢᠬᠠᠨ ᠪᠠᠢᠨ᠎ᠠ ᠭᠡᠵᠦ ᠪᠣᠳᠣᠵᠤ ᠪᠠᠢᠯ᠎ᠠ᠃ᠭᠡᠪᠡᠴᠦ ᠲᠡᠳᠡᠨ ᠦ᠌ ᠲᠥᠰᠦᠭᠡᠯᠡᠭᠰᠡᠨ ᠡᠴᠡ ᠥᠭᠡᠷ᠎ᠡ ᠪᠡᠷ ᠪᠣᠯᠵᠠᠢ᠂ ᠰᠢᠨ᠎ᠡ ᠬᠠᠲᠤᠨ ᠬᠣᠷᠤᠨ ᠰᠠᠨᠠᠭᠠᠲᠤ ᠱᠤᠯᠤᠮ ᠪᠠᠢᠪᠠ᠃ᠬᠡᠦᠬᠡᠳ ᠦ᠋ᠳ ᠲᠦ᠍ ᠣᠭᠲᠣ ᠰᠠᠢᠬᠠᠨ ᠬᠠᠨᠳᠤᠭᠰᠠᠨ ᠦᠭᠡᠢ᠃ ᠬᠡᠦᠬᠡᠳ ᠦ᠋ᠳ ᠲᠡᠭᠦᠨ ᠲᠡᠢ ᠠᠭᠤᠯᠵᠠᠭᠠᠳ ᠪᠦᠭᠦᠳᠡ ᠭᠤᠨᠢᠭᠯᠠᠵᠠᠢ᠃
《ᠪᠢ ᠡᠳᠡᠨ ᠡᠴᠡ ᠰᠠᠯᠤᠮᠠᠷ ᠪᠠᠢᠨ᠎ᠠ᠂ ᠪᠦᠭᠦᠳᠡ ᠡᠴᠡ ᠨᠢ》
ᠵᠣᠷᠢᠯᠭ᠎ᠠ ᠳ᠋ᠤ᠌ ᠪᠠᠨ ᠬᠦᠷᠬᠦ ᠶ᠋ᠢᠨ ᠲᠤᠯᠠᠳᠠ ᠲᠡᠷᠡ ᠢᠯᠢᠰᠢᠶᠠ ᠶ᠋ᠢ ᠲᠠᠷᠢᠶᠠᠴᠢᠨ᠂ ᠲᠠᠷᠢᠶᠠᠴᠢᠨ ᠤ᠋ ᠡᠬᠡᠨᠡᠷ ᠬᠣᠶᠠᠷ ᠲᠠᠢ ᠬᠠᠮᠲᠤ ᠠᠯᠤᠰ ᠬᠣᠯᠠ ᠶᠠᠪᠤᠭᠤᠯᠤᠯ᠎ᠠ᠃ ᠲᠡᠷᠡ ᠠᠷᠪᠠᠨ ᠨᠢᠭᠡᠨ ᠬᠠᠨ ᠬᠥᠪᠡᠭᠦᠳ ᠦ᠋ᠨ ᠲᠠᠯ᠎ᠠ ᠪᠠᠷ ᠠᠶᠤᠮᠰᠢᠭᠲᠠᠢ ᠶᠠᠭᠤᠮ᠎ᠠ ᠵᠣᠬᠢᠶᠠᠵᠤ ᠶᠠᠷᠢᠭᠰᠠᠨ ᠢ᠋ᠶ᠋ᠠᠷ ᠬᠠᠭᠠᠨ ᠲᠡᠳᠡᠨ ᠢ᠋ ᠰᠢᠯᠲᠦᠭᠡᠨ ᠡᠴᠡ ᠶᠠᠪᠤᠬᠤ ᠶ᠋ᠢ ᠲᠤᠰᠢᠶᠠᠯ᠎ᠠ᠃ᠡᠨᠡ ᠪᠣᠯᠤᠮᠵᠢ ᠶ᠋ᠢ ᠠᠰᠢᠭᠯᠠᠵᠤ ᠬᠠᠲᠤᠨ ᠲᠡᠳᠡᠨ ᠢ᠋ ᠶᠢᠯᠸᠢᠳᠡᠵᠡᠢ ᠃
《ᠲᠠᠨᠠᠷ ᠦᠯᠡᠳᠡᠭᠰᠡᠨ ᠠᠮᠢᠳᠤᠷᠠᠯ ᠢ᠋ᠶ᠋ᠠᠨ ᠦᠵᠡᠰᠢ ᠦᠭᠡᠢ ᠮᠠᠭᠤᠬᠠᠢ ᠬᠡᠯᠡ ᠦᠭᠡᠢ ᠰᠢᠪᠠᠭᠤ ᠪᠣᠯᠤᠨ ᠥᠩᠭᠡᠷᠡᠭᠡᠨ᠎ᠡ᠂ ᠨᠢᠰᠴᠡᠭᠡ!》   
ᠬᠠᠨ ᠬᠥᠪᠡᠭᠦᠳ ᠠᠷᠢᠭᠤᠨ ᠰᠡᠳᠬᠢᠯ ᠲᠡᠢ ᠪᠣᠯᠬᠣᠷ ᠰᠢᠳᠢ ᠪᠦᠷᠢᠨ ᠦᠢᠯᠡᠴᠢᠯᠡᠭᠰᠡᠨ ᠦᠭᠡᠢ᠂ ᠦᠵᠡᠰᠢ ᠦᠭᠡᠢ ᠮᠠᠭᠤᠬᠠᠢ ᠰᠢᠪᠠᠭᠤᠳ ᠪᠢᠰᠢ ᠦᠵᠡᠰᠬᠦᠯᠡᠩᠲᠦ ᠬᠤᠨ ᠰᠢᠪᠠᠭᠤᠳ ᠪᠣᠯᠵᠤ ᠬᠤᠪᠢᠷᠠᠭᠠᠳ ᠣᠷᠳᠣᠨ ᠠ᠋ᠴᠠ ᠨᠢᠰᠴᠡᠬᠡᠯ᠎ᠡ᠃ ᠢᠯᠢᠰᠢᠶᠠ ᠳ᠋ᠤ᠌ ᠠᠮᠢᠳᠤᠷᠠᠵᠤ ᠪᠠᠢᠭ᠎ᠠ ᠭᠠᠵᠠᠷ ᠨᠢ ᠲᠠᠭᠠᠯᠠᠭᠳᠠᠭᠰᠠᠨ ᠦᠭᠡᠢ ᠳᠡᠭᠦᠦ ᠨᠠᠷ ᠢ᠋ᠶ᠋ᠠᠨ ᠮᠠᠰᠢ ᠶᠡᠬᠡ ᠰᠠᠨᠠᠵᠤ ᠪᠠᠢᠯ᠎ᠠ᠃ᠠᠷᠪᠠᠨ ᠲᠠᠪᠤᠨ ᠨᠠᠰᠤ ᠬᠦᠷᠬᠦ ᠳ᠋ᠦ᠍ ᠨᠢ ᠣᠷᠳᠣᠨ ᠳ᠋ᠤ᠌ ᠣᠴᠢᠵᠤ ᠬᠠᠭᠠᠨ ᠳ᠋ᠤ᠌ ᠪᠠᠷᠠᠯᠬᠠᠬᠤ ᠶ᠋ᠢ ᠵᠥᠪᠰᠢᠶᠡᠷᠡᠵᠡᠢ᠃ᠬᠠᠲᠤᠨ ᠬᠠᠭᠠᠨ ᠭᠦᠩᠵᠦ ᠬᠣᠶᠠᠷ ᠢ᠋ ᠠᠭᠤᠯᠵᠠᠭᠤᠯᠬᠤ ᠶ᠋ᠢ ᠬᠦᠰᠡᠭᠰᠡᠨ ᠦᠭᠡᠢ᠂ ᠵᠠᠯᠠᠭᠤ ᠦᠵᠡᠰᠬᠦᠯᠡᠩᠲᠡᠢ ᠢᠯᠢᠰᠢᠶᠠ ᠶ᠋ᠢ ᠬᠠᠷᠠᠭᠠᠳ ᠬᠠᠲᠤᠨ ᠶᠡᠬᠡᠳᠡ ᠠᠲᠠᠭᠠᠷᠬᠠᠵᠠᠢ᠃
《ᠲᠡᠷᠡ ᠨᠠᠳᠠ ᠠ᠋ᠴᠠ ᠢᠯᠡᠭᠦᠦ ᠦᠵᠡᠰᠬᠦᠯᠡᠩᠲᠡᠢ ᠪᠠᠢᠵᠤ ᠪᠣᠯᠬᠤ ᠦᠭᠡᠢ》
ᠭᠡᠬᠦ ᠳ᠋ᠡᠭᠡᠨ ᠯᠡ ᠰᠠᠢᠬᠠᠨ ᠰᠡᠳᠬᠢᠯ ᠲᠡᠢ ᠪᠣᠯᠵᠤ ᠵᠦᠴᠦᠭᠡᠯᠡᠪᠡ᠃
《ᠲᠠᠪᠠᠲᠠᠢ ᠮᠣᠷᠢᠯᠠ᠂ ᠬᠣᠩᠭᠣᠷ ᠮᠢᠨᠢ ᠣᠷᠳᠣᠨ ᠳ᠋ᠤ᠌ ᠡᠷᠭᠢᠭᠡᠳ ᠲᠠᠪᠠᠲᠠᠢ ᠮᠣᠷᠢᠯᠠ᠂ ᠡᠬᠢᠯᠡᠭᠡᠳ ᠮᠢᠨᠦ ᠥᠷᠥᠭᠡᠨ ᠳ᠋ᠦ᠍ ᠣᠴᠢᠶ᠎ᠠ᠂ ᠪᠢ ᠴᠢᠮᠠᠲᠤ ᠪᠡᠯᠡᠭ ᠪᠡᠯᠡᠳᠦᠭᠰᠡᠨ᠂ ᠴᠢᠮ᠎ᠠ ᠶ᠋ᠢ ᠡᠨᠳᠡ ᠴᠢᠳᠬᠥᠷ ᠦ᠋ᠨ ᠨᠢᠳᠦᠨ ᠡᠴᠡ ᠬᠠᠮᠠᠭᠠᠯᠠᠬᠤ ᠡᠨᠡ ᠲᠣᠰᠣ ᠶ᠋ᠢ ᠨᠢᠭᠤᠷ ᠦᠰᠦᠨ ᠳ᠋ᠦ᠍ ᠴᠢᠨᠢ ᠳᠦᠷᠭᠢᠭᠡᠳ ᠥᠭᠭᠦᠶ᠎ᠡ》
ᠲᠡᠷᠡ ᠲᠣᠰᠣ ᠨᠢ ᠢᠯᠢᠰᠢᠶᠠ ᠶ᠋ᠢ ᠴᠢᠷᠠᠢ ᠮᠠᠭᠤᠲᠠᠢ ᠪᠣᠯᠭᠠᠬᠤ ᠬᠠᠲᠤᠨ ᠤ᠋ ᠵᠠᠯᠢ ᠪᠠᠢᠵᠠᠢ᠃ᠬᠠᠭᠠᠨ ᠢᠯᠢᠰᠢᠶᠠ ᠶ᠋ᠢ ᠬᠠᠷᠠᠭᠠᠳ ᠶᠡᠬᠡᠳᠡ ᠬᠢᠯᠢᠩᠨᠡᠪᠡ᠃
《ᠠ᠂ ᠡᠨᠡ ᠦᠵᠡᠰᠢ ᠦᠭᠡᠢ ᠮᠠᠭᠤᠬᠠᠢ ᠶᠠᠭᠤᠮ᠎ᠠ ᠮᠢᠨᠦ ᠥᠬᠢᠨ ᠪᠠᠢᠬᠤ ᠶᠣᠰᠣ ᠦᠭᠡᠢ᠂ ᠠᠪᠤᠭᠠᠳ ᠶᠠᠪᠤ᠂ ᠪᠢ ᠡᠭᠦᠨ ᠢ᠋ ᠬᠠᠷᠠᠮᠠᠷ ᠦᠭᠡᠢ ᠪᠠᠢᠨ᠎ᠠ 》
ᠲᠡᠭᠡᠭᠡᠳ ᠥᠬᠢᠨ ᠢ᠋ ᠣᠷᠳᠣᠨ ᠠ᠋ᠴᠠ ᠬᠥᠭᠡᠭᠡᠵᠦ ᠭᠠᠷᠭᠠᠯ᠎ᠠ᠃
《ᠧ ᠧ᠂ ᠳᠡᠭᠦᠦ ᠨᠠᠷ ᠮᠢᠨᠢ ᠬᠠᠮᠲᠤ ᠪᠠᠢᠳᠠᠭ ᠴᠤ᠌ ᠪᠣᠯᠤᠭᠠᠰᠠᠢ》
ᠢᠯᠢᠰᠢᠶᠠ ᠳᠡᠭᠦᠦ ᠨᠠᠷ ᠢ᠋ᠶ᠋ᠠᠨ ᠬᠠᠢᠬᠤ ᠡᠷᠢᠯ ᠳ᠋ᠦ᠍ ᠭᠠᠷᠤᠯ᠎ᠠ᠂ ᠲᠡᠭᠡᠭᠡᠳ ᠣᠢ ᠳ᠋ᠤ᠌ ᠶᠠᠪᠤᠵᠤ ᠪᠠᠢᠭᠠᠳ ᠵᠢᠵᠢᠭᠬᠡᠨ ᠴᠥᠭᠥᠷᠥᠮ ᠣᠯᠤᠨ ᠨᠢᠭᠤᠷ ᠢ᠋ᠶ᠋ᠠᠨ ᠤᠬᠢᠶᠠᠲᠠᠯ᠎ᠠ ᠡᠷᠭᠢᠭᠡᠳ ᠬᠥᠭᠡᠷᠦᠬᠦᠨ ᠥᠬᠢᠨ ᠪᠣᠯᠤᠭᠰᠠᠨ ᠳ᠋ᠤ᠌ ᠪᠠᠨ ᠶᠡᠬᠡᠳᠡ ᠪᠠᠶᠠᠷᠯᠠᠵᠠᠢ᠃ ᠨᠠᠷᠠᠨ ᠤ᠋ ᠲᠤᠶᠠᠭ᠎ᠠ ᠥᠨᠳᠥᠷ ᠮᠣᠳᠣᠳ ᠤ᠋ᠨ ᠵᠠᠪᠰᠠᠷ ᠢ᠋ᠶ᠋ᠠᠷ ᠭᠠᠵᠠᠷ ᠲᠤ᠌ ᠪᠠᠷᠤᠭ ᠬᠦᠷᠬᠦ ᠪᠡᠷ ᠦᠭᠡᠢ ᠥᠳᠬᠡᠨ ᠣᠢ ᠪᠠᠢᠯ᠎ᠠ᠃ᠬᠠᠷᠠᠩᠭᠤᠢ ᠪᠣᠯᠵᠤ ᠪᠠᠢᠬᠤ ᠳ᠋ᠤ᠌ ᠢᠯᠢᠰᠢᠶᠨ ᠣᠢ ᠶ᠋ᠢᠨ ᠭᠦᠨ ᠳ᠋ᠦ᠍ ᠬᠦᠷᠦᠯ᠎ᠡ᠃ ᠲᠡᠨᠳᠡ ᠬᠡᠨ ᠴᠦ᠍ ᠪᠠᠢᠭᠰᠠᠨ ᠦᠭᠡᠢ᠃ ᠢᠯᠢᠰᠢᠶᠠ ᠠᠯᠬᠤᠭᠠᠳ ᠯᠠ ᠪᠠᠢᠯ᠎ᠠ᠂ ᠠᠯᠬᠤᠭᠠᠳ ᠯᠠ ᠪᠠᠢᠯ᠎ᠠ᠃ ᠬᠡᠰᠡᠭ ᠬᠤᠭᠤᠴᠠᠭᠠᠨ ᠤ᠋ ᠳᠠᠷᠠᠭ᠎ᠠ ᠲᠡᠷᠡ ᠬᠥᠯ ᠦ᠋ᠨ ᠴᠢᠮᠡᠭᠡ ᠰᠣᠨᠣᠰᠤᠯ᠎ᠠ᠃ ᠶᠡᠬᠡ ᠠᠶᠤᠵᠤ ᠨᠢᠭᠤᠭᠳᠠᠬᠤ ᠭᠡᠵᠦ ᠣᠷᠣᠯᠳᠣᠪᠠ᠃ ᠨᠢᠭᠤᠭᠳᠠᠵᠤ ᠴᠦ᠍ ᠠᠮᠵᠢᠭ᠎ᠠ ᠦᠭᠡᠢ ᠪᠠᠢᠲᠠᠯ᠎ᠠ ᠨᠢᠭᠡᠨ ᠡᠮᠡᠭᠡᠨ ᠲᠡᠢ ᠲᠠᠭᠠᠷᠠᠵᠠᠢ᠃
《ᠪᠢ ᠴᠢᠮ᠎ᠠ ᠶ᠋ᠢ ᠠᠶᠤᠯᠭᠠᠴᠢᠬᠠᠪᠠ ᠤᠤ?》
《ᠠ᠂ ᠲᠡᠢᠮᠦ ᠠ᠋ ᠵᠢᠭᠠᠬᠠᠨ ᠯᠠ》
《ᠪᠢ ᠡᠨᠳᠡ ᠵᠢᠮᠢᠰ ᠲᠡᠭᠦᠬᠦ ᠪᠡᠷ ᠢᠷᠡᠳᠡᠭ ᠶᠤᠮ᠂ ᠴᠢ ᠵᠢᠮᠢᠰ ᠢᠳᠡᠬᠦ ᠤᠤ?》
《ᠥ᠂ ᠲᠡᠢᠮᠦ ᠠ᠋᠂ ᠲᠡᠭᠡᠶ᠎ᠡ᠂ ᠪᠢ ᠮᠠᠰᠢ ᠶᠡᠬᠡ ᠥᠯᠥᠰᠴᠦ ᠪᠠᠢᠨ᠎ᠠ᠂ ᠪᠢ ᠪᠠᠰᠠ ᠰᠢᠷᠢᠩᠭᠢ ᠳ᠋ᠦ᠍ ᠶᠠᠭᠤ ᠢᠳᠡᠵᠦ ᠪᠣᠯᠳᠠᠭ ᠢ᠋ ᠮᠡᠳᠡᠬᠦ ᠦᠭᠡᠢ》
《ᠡᠭᠦᠨ ᠢ᠋ ᠠᠪ᠂ ᠭᠡᠬᠦ  ᠳ᠋ᠦ᠍ ᠪᠡᠨ ᠴᠢ ᠡᠨᠳᠡ ᠶᠠᠭᠤ ᠬᠢᠵᠦ ᠪᠠᠢᠳᠠᠭ ᠪᠢᠯᠡ? 》
《ᠪᠢ ᠠᠷᠪᠠᠨ ᠨᠢᠭᠡᠨ ᠬᠠᠨ ᠬᠥᠪᠡᠭᠦᠳ ᠢ᠋ ᠬᠠᠢᠵᠤ ᠪᠠᠢᠨ᠎ᠠ᠂ ᠲᠠ ᠲᠡᠳᠡᠨ ᠢ᠋ ᠬᠠᠷᠠᠭᠰᠠᠨ ᠤᠤ?》
《ᠦᠭᠡᠢ᠂ ᠬᠠᠷᠠᠭ᠎ᠠ ᠦᠭᠡᠢ᠂ ᠭᠡᠬᠦ ᠳ᠋ᠦ᠍ ᠪᠡᠨ ᠪᠢ ᠲᠣᠯᠣᠭᠠᠢ ᠳ᠋ᠠᠭᠠᠨ ᠲᠢᠲᠢᠮ ᠲᠡᠢ ᠬᠡᠳᠦᠨ ᠬᠤᠨ ᠰᠢᠪᠠᠭᠤ ᠬᠠᠷᠠᠭᠰᠠᠨ᠂ ᠲᠡᠳᠡ ᠮᠥᠷᠡᠨ ᠳ᠋ᠦ᠍ ᠰᠡᠯᠢᠵᠦ ᠪᠠᠢᠨ᠎ᠠ ᠯᠠᠢ᠂ ᠲᠠᠢᠰᠢ ᠪᠠᠨ ᠣᠴᠢᠪᠠᠯ ᠲᠠᠭᠠᠷᠠᠵᠤ ᠮᠠᠭᠠᠳ ᠦᠭᠡᠢ》
ᠢᠯᠢᠰᠢᠶᠠ ᠨᠥᠭᠦᠭᠡ ᠡᠮᠡᠭᠡᠨ ᠳ᠋ᠦ᠍ ᠲᠠᠯᠠᠷᠬᠠᠭᠠᠳ ᠭᠣᠣᠯ ᠤ᠋ᠨ ᠡᠷᠭᠢ ᠳ᠋ᠡᠭᠡᠨ ᠠᠯᠬᠤᠵᠤ ᠡᠬᠢᠯᠡᠯ᠎ᠡ᠂ ᠲᠡᠭᠡᠭᠡᠳ ᠬᠡᠳᠦᠨ ᠴᠠᠭ ᠠᠯᠬᠤᠭᠰᠠᠨ ᠤ᠋ ᠳᠠᠷᠠᠭ᠎ᠠ ᠭᠣᠣᠯ ᠤ᠋ᠨ ᠳᠠᠯᠠᠢ ᠳ᠋ᠤ᠌ ᠴᠢᠳᠬᠤᠳᠠᠭ ᠬᠡᠰᠡᠭ ᠲᠦ᠍ ᠢᠷᠡᠯ᠎ᠡ᠃
《ᠡᠨᠳᠡ ᠬᠡᠨ ᠴᠦ᠍ ᠠᠯᠠᠭ᠎ᠠ᠂ ᠠ ᠪᠢ ᠶᠠᠭᠠᠬᠢᠵᠤ ᠳᠡᠭᠦᠦ ᠨᠠᠷ ᠢ᠋ᠶ᠋ᠠᠨ ᠣᠯᠬᠤ ᠪᠣᠢ?》
ᠳᠠᠯᠠᠢ ᠶ᠋ᠢᠨ ᠵᠠᠮᠠᠭ ᠤ᠋ᠨ ᠳᠡᠷᠭᠡᠳᠡ ᠴᠠᠭᠠᠨ ᠬᠤᠨ ᠤ᠋ ᠠᠷᠪᠠᠨ ᠨᠢᠭᠡᠨ ᠰᠢᠷᠬᠡᠭ ᠥᠳᠥ ᠪᠠᠢᠬᠤ ᠶ᠋ᠢ ᠣᠯᠵᠤ ᠬᠠᠷᠠᠯ᠎ᠠ᠃
《ᠠᠷᠪᠠᠨ ᠨᠢᠭᠡ ᠪᠠᠢᠨ᠎ᠠ᠂ ᠠᠷᠪᠠᠨ ᠨᠢᠭᠡᠨ ᠳᠡᠭᠦᠦ ᠪᠡᠨ ᠤᠳᠠᠬᠤ ᠦᠭᠡᠢ ᠣᠯᠵᠤ ᠮᠠᠭᠠᠳ ᠦᠭᠡᠢ ᠶᠦ᠍ᠮ》
ᠨᠠᠷᠠ ᠵᠢᠷᠭᠠᠬᠤ ᠭᠡᠵᠦ ᠪᠠᠢᠬᠤ ᠳ᠋ᠤ᠌ ᠲᠡᠷᠡ ᠠᠷᠪᠠᠨ ᠨᠢᠭᠡᠨ ᠦᠵᠡᠰᠬᠦᠯᠡᠩᠲᠦ ᠬᠤᠨ ᠲᠡᠭᠷᠢ ᠳ᠋ᠦ᠍ ᠨᠢᠰᠴᠦ ᠪᠠᠢᠬᠤ ᠶ᠋ᠢ ᠬᠠᠷᠠᠵᠠᠢ᠃ ᠲᠡᠳᠡ ᠵᠣᠭᠰᠣᠵᠤ ᠪᠠᠢᠭᠰᠠᠨ ᠭᠠᠵᠠᠷ ᠤᠷᠤᠭᠤ ᠢᠷᠡᠵᠦ ᠡᠩᠨᠡᠨ ᠪᠠᠭᠤᠵᠠᠭᠠᠯ᠎ᠠ᠂ ᠪᠠᠰᠠ ᠨᠠᠷᠠ ᠵᠢᠷᠭᠠᠬᠤ ᠳ᠋ᠤ᠌ ᠲᠡᠳᠡ ᠠᠷᠪᠠᠨ ᠨᠢᠭᠡᠨ ᠬᠠᠨ ᠬᠥᠪᠡᠭᠦᠳ ᠪᠣᠯᠵᠤ ᠬᠤᠪᠢᠷᠠᠵᠠᠭᠠᠯ᠎ᠠ᠃
《ᠳᠡᠭᠦᠦ ᠨᠠᠷ ᠮᠢᠨᠢ᠂ ᠦ ᠠᠷᠠᠢ ᠭᠡᠵᠦ ᠲᠠᠨᠠᠷ ᠢ᠋ ᠪᠡᠨ ᠣᠯᠤᠯ᠎ᠠ᠂ ᠪᠢ ᠢᠯᠢᠰᠢᠶᠠ ᠪᠠᠢᠨ᠎ᠠ》
ᠢᠯᠢᠰᠢᠶᠠ ᠲᠠᠢ ᠠᠭᠤᠯᠵᠠᠭᠠᠳ ᠲᠡᠳᠡ ᠪᠦᠭᠦᠳᠡ ᠪᠠᠶᠠᠷᠯᠠᠵᠠᠢ᠃
《ᠪᠢᠳᠡᠨ ᠳ᠋ᠦ᠍ ᠵᠢᠯ ᠳ᠋ᠦ᠍ ᠨᠢᠭᠡ ᠤᠳᠠᠭ᠎ᠠ ᠭᠡᠷ ᠲᠡᠭᠡᠨ ᠬᠠᠷᠢᠬᠤ ᠶ᠋ᠢ ᠵᠥᠪᠰᠢᠶᠡᠷᠡᠳᠡᠭ᠂ ᠪᠢᠳᠡ ᠮᠠᠷᠭᠠᠰᠢ ᠣᠷᠳᠣᠨ ᠳ᠋ᠤ᠌ ᠣᠴᠢᠨ᠎ᠠ᠂ ᠲᠠ ᠪᠢᠳᠡᠨ ᠲᠡᠢ ᠬᠠᠮᠲᠤ ᠶᠠᠪᠤᠬᠤ ᠤᠤ?》
《ᠲᠡᠭᠡᠯᠭᠦᠢ ᠶᠠᠭᠠᠬᠢᠬᠤᠪ ᠳᠠ᠂ ᠪᠠᠰᠠ ᠪᠢ ᠲᠠ ᠨᠠᠷ ᠤ᠋ᠨ ᠡᠨᠡ ᠮᠠᠭᠤᠬᠠᠢ ᠬᠠᠷᠢᠶᠠᠯ ᠢ᠋ ᠠᠷᠢᠯᠭᠠᠮᠠᠷ ᠪᠠᠢᠨ᠎ᠠ》
ᠮᠠᠷᠭᠠᠰᠢ ᠥᠷᠯᠥᠭᠡ ᠨᠢ ᠬᠠᠨ ᠬᠥᠪᠡᠭᠦᠳ ᠳᠠᠬᠢᠨ ᠬᠤᠨ ᠪᠣᠯᠵᠤ ᠬᠤᠪᠢᠷᠠᠵᠠᠭᠠᠯ᠎ᠠ᠃ ᠲᠡᠳᠡ ᠢᠯᠢᠰᠢᠶᠠ ᠶ᠋ᠢ ᠲᠤᠤᠷᠠᠨ ᠳᠡᠭᠡᠷ᠎ᠡ ᠰᠠᠭᠤ ᠭᠡᠪᠡ᠃ ᠲᠡᠭᠡᠭᠡᠳ ᠲᠣᠣᠷ ᠢ᠋ ᠬᠤᠰᠢᠭᠤᠨ ᠳ᠋ᠠᠭᠠᠨ ᠵᠠᠭᠤᠭᠠᠳ ᠨᠢᠰᠴᠦ ᠣᠳᠤᠯ᠎ᠠ᠃ ᠢᠯᠢᠰᠢᠶᠠ ᠳ᠋ᠤ᠌ ᠨᠢᠰᠬᠦ ᠶᠡᠬᠡ ᠲᠠᠭᠠᠯᠠᠭᠳᠠᠵᠠᠢ᠃ ᠡᠭᠦᠯᠡᠰ ᠲᠡᠭᠦᠨ ᠦ᠌ ᠳᠣᠣᠷ᠎ᠠ ᠬᠥᠪᠴᠦ ᠪᠠᠢᠯ᠎ᠠ᠂ ᠪᠠᠰᠠ ᠲᠡᠳᠡᠨ ᠦ᠌ ᠳᠣᠣᠷ᠎ᠠ ᠠᠭᠤᠯᠠᠰ ᠣᠢ ᠬᠣᠲᠠ ᠲᠣᠰᠬᠣᠳ᠂ ᠪᠠᠰᠠ ᠣᠷᠳᠣᠨ ᠰᠢᠯᠲᠦᠭᠡᠨ ᠥᠩᠭᠡᠷᠡᠵᠦ ᠪᠠᠢᠪᠠ᠃ ᠣᠷᠣᠢ ᠭᠡᠬᠦ ᠳ᠋ᠦ᠍ ᠲᠡᠳᠡ ᠨᠢᠭᠡᠨ ᠠᠭᠤᠢ ᠶ᠋ᠢᠨ ᠣᠢᠷᠠᠯᠴᠠᠭ᠎ᠠ ᠭᠠᠵᠠᠷ ᠲᠤ᠌ ᠪᠠᠭᠤᠵᠠᠭᠠᠯ᠎ᠠ᠃ ᠲᠡᠳᠡ ᠠᠭᠤᠢ ᠳ᠋ᠤ᠌ ᠬᠣᠨᠣᠭ ᠲᠥᠭᠡᠷᠢᠭᠦᠯᠬᠦ ᠪᠡᠷ ᠰᠢᠢᠳᠴᠡᠢ᠃ᠰᠥᠨᠢ ᠢᠯᠢᠰᠢᠶᠠ ᠤᠨᠲᠠᠵᠤ ᠪᠠᠢᠭᠠᠳ ᠰᠢᠳᠢᠲᠦ ᠳᠠᠭᠢᠨᠢ ᠢᠷᠡᠵᠦ ᠠᠭᠤᠯᠵᠠᠯ᠎ᠠ ᠭᠡᠵᠦ ᠵᠡᠭᠦᠳᠦᠯᠡᠵᠡᠢ᠂ ᠲᠡᠷᠡ ᠰᠢᠳᠢᠲᠦ ᠳᠠᠭᠢᠨᠢ ᠣᠢ ᠳ᠋ᠤ᠌ ᠲᠠᠭᠠᠷᠠᠭᠰᠠᠨ ᠡᠮᠡᠭᠡᠨ ᠲᠡᠢ ᠶᠡᠬᠡ ᠠᠳᠠᠯᠢᠬᠠᠨ ᠪᠣᠯᠬᠤ ᠶ᠋ᠢ ᠢᠯᠢᠰᠢᠶᠠ ᠠᠩᠵᠠᠭᠠᠷᠠᠵᠠᠢ᠃
《ᠰᠠᠢᠨ ᠤᠤ? ᠢᠯᠢᠰᠢᠶᠠ ᠶᠠᠭᠤᠨ ᠳ᠋ᠤ᠌ ᠰᠠᠨᠠᠭ᠎ᠠ ᠵᠣᠪᠠᠵᠤ ᠪᠠᠢᠭ᠎ᠠ ᠶ᠋ᠢ ᠴᠢᠨᠢ ᠮᠡᠳᠡᠨ᠎ᠡ 》
《ᠲᠡᠢᠮᠦ ᠠ᠋᠂ ᠳᠡᠭᠦᠦ ᠨᠠᠷ ᠢ᠋ᠶ᠋ᠠᠨ ᠲᠡᠷᠡ ᠬᠠᠷᠢᠶᠠᠯ ᠠ᠋ᠴᠠ ᠭᠠᠷᠭᠠᠮᠠᠷ ᠪᠠᠢᠨ᠎ᠠ᠂ ᠭᠡᠪᠡᠴᠦ ᠶᠠᠭᠠᠬᠢᠵᠤ ᠬᠢᠳᠡᠭ ᠢ᠋ᠶ᠋ᠡᠨ ᠮᠡᠳᠡᠳᠡᠭ ᠦᠭᠡᠢ》
《ᠬᠦᠰᠡᠭᠰᠡᠨ ᠳ᠋ᠡᠭᠡᠨ ᠬᠦᠷᠬᠦ ᠶ᠋ᠢᠨ ᠲᠤᠯᠠᠳᠠ ᠴᠢ ᠵᠣᠷᠢᠭ ᠲᠠᠢ ᠲᠡᠪᠴᠢᠶᠡᠷᠢ ᠲᠡᠢ ᠪᠠᠢᠬᠤ ᠶᠣᠰᠣᠲᠠᠢ᠂ ᠬᠡᠷᠪᠡ ᠴᠢᠳᠠᠨ᠎ᠠ ᠭᠡᠪᠡᠯ ᠪᠢ ᠴᠢᠮ᠎ᠠ ᠳ᠋ᠤ᠌ ᠠᠷᠭ᠎ᠠ ᠵᠢᠭᠠᠵᠤ ᠥᠭᠭᠦᠶ᠎ᠡ》
《ᠪᠢ ᠳᠡᠭᠦᠦ ᠨᠠᠷ ᠤ᠋ᠨ ᠢ᠋ᠶ᠋ᠠᠨ ᠲᠥᠯᠥᠭᠡ ᠶᠠᠭᠤ ᠴᠤ᠌ ᠬᠢᠵᠦ ᠴᠢᠳᠠᠨ᠎ᠠ》
《ᠬᠣᠷᠣᠰᠴᠤ ᠡᠪᠡᠳᠦᠨ᠎ᠡ ᠰᠢᠦ》
《ᠪᠢ ᠡᠪᠡᠳᠦᠯᠲᠡ ᠶ᠋ᠢ ᠲᠡᠰᠦᠨ᠎ᠡ᠂ ᠨᠠᠳᠠ ᠳ᠋ᠤ᠌ ᠠᠷᠭ᠎ᠠ ᠪᠠᠨ ᠵᠢᠭᠠᠵᠤ ᠥᠭ ᠯᠡ ᠳᠡ》
《ᠡᠨᠡ ᠠᠭᠤᠢ ᠶ᠋ᠢᠨ ᠣᠢᠷᠠᠯᠴᠠᠭ᠎ᠠ ᠣᠷᠣᠰᠢᠭᠤᠯᠭ᠎ᠠ ᠶ᠋ᠢᠨ ᠭᠠᠵᠠᠷ ᠲᠤ᠌ ᠤᠷᠭᠤᠳᠠᠭ ᠲᠤᠰᠬᠠᠢ ᠬᠠᠯᠠᠭᠠᠢ ᠪᠠᠢᠳᠠᠭ ᠶᠤᠮ᠂ ᠴᠢ ᠲᠡᠭᠦᠨ ᠢ᠋ ᠤᠲᠠᠰᠤ ᠪᠣᠯᠭᠠᠨ ᠡᠭᠡᠷᠡᠭᠡᠳ ᠠᠷᠪᠠᠨ ᠨᠢᠭᠡᠨ ᠰᠢᠷᠬᠡᠭ ᠬᠦᠷᠮ᠎ᠡ ᠨᠡᠬᠡᠭᠡᠷᠡᠢ᠂ ᠬᠦᠷᠮ᠎ᠡ ᠶ᠋ᠢ ᠬᠤᠨ ᠳᠡᠭᠡᠷ᠎ᠡ ᠰᠢᠳᠡᠬᠦ ᠳ᠋ᠦ᠍ ᠬᠠᠷᠢᠶᠠᠯ ᠠᠷᠢᠯᠬᠤ ᠪᠣᠯᠤᠨ᠎ᠠ᠂ ᠭᠡᠪᠡᠴᠦ ᠬᠠᠮᠤᠭ ᠤ᠋ᠨ ᠴᠢᠬᠤᠯᠠ ᠨᠢ ᠡᠨᠡ ᠳᠠᠭᠠᠭᠠᠯᠭᠠᠪᠤᠷᠢ ᠶ᠋ᠢ ᠡᠬᠢᠯᠡᠬᠦ ᠡᠴᠡ ᠳᠠᠭᠤᠰᠬᠤ ᠬᠦᠷᠲᠡᠯ᠎ᠡ ᠴᠢ ᠨᠢᠭᠡ ᠴᠦ᠍ ᠦᠭᠡ ᠳᠤᠤᠭᠠᠷᠴᠤ ᠪᠣᠯᠬᠤ ᠦᠭᠡᠢ᠂ ᠬᠡᠷᠪᠡ ᠴᠢ ᠦᠭᠡ ᠳᠤᠤᠭᠠᠷᠪᠠᠯ ᠳᠡᠭᠦᠦ ᠨᠠᠷ ᠴᠢᠨᠢ ᠦᠬᠦᠬᠦ ᠪᠣᠯᠤᠨ᠎ᠠ ᠰᠢᠦ》
《ᠵᠠ ᠪᠢ ᠬᠢᠨ᠎ᠡ》
ᠢᠯᠢᠰᠢᠶᠠ ᠢᠩᠭᠢᠵᠦ ᠬᠡᠯᠡᠭᠡᠳ ᠰᠡᠷᠢᠭᠰᠡᠨ ᠴᠢᠨᠢ ᠵᠡᠭᠦᠳᠦ ᠪᠠᠢᠭᠰᠠᠨ ᠢ᠋ ᠨᠢ ᠣᠢᠯᠠᠭᠠᠪᠠ ᠃ ᠲᠡᠭᠡᠭᠡᠳ ᠳᠡᠭᠦᠦ ᠨᠠᠷ ᠢ᠋ᠶ᠋ᠠᠨ ᠬᠠᠢᠲᠠᠯ᠎ᠠ ᠪᠦᠭᠦᠳᠡ ᠪᠠᠢᠬᠤ ᠦᠭᠡᠢ ᠪᠠᠢᠯ᠎ᠠ᠃
《ᠲᠡᠷᠡ ᠳᠠᠭᠠᠭᠠᠯᠭᠠᠪᠤᠷᠢ ᠶ᠋ᠢ ᠡᠬᠢᠯᠡᠬᠦ ᠳ᠋ᠦ᠍ ᠶᠠᠭ ᠲᠣᠬᠢᠷᠠᠬᠤ ᠴᠠᠭ ᠪᠠᠢᠨ᠎ᠠ》
ᠢᠯᠢᠰᠢᠶᠠ ᠭᠠᠷᠴᠤ ᠬᠠᠯᠠᠭᠠᠢ ᠲᠡᠭᠦᠵᠦ ᠡᠬᠢᠯᠡᠯ᠎ᠡ᠃ ᠬᠠᠳᠬᠤᠵᠤ ᠡᠪᠡᠳᠴᠦ ᠪᠠᠢᠯ᠎ᠠ᠂ ᠭᠡᠪᠡᠴᠦ ᠢᠯᠢᠰᠢᠶᠠ ᠡᠬᠢᠯᠡᠭᠰᠡᠨ ᠵᠡᠭᠦᠳᠦ ᠪᠡᠨ ᠳᠠᠭᠤᠰᠬᠠᠬᠤ ᠪᠠᠷ ᠦᠷᠭᠦᠯᠵᠢᠯᠡᠭᠦᠯᠪᠡ᠃ ᠬᠠᠯᠠᠭᠠᠢ ᠲᠡᠭᠦᠭᠡᠳ ᠠᠭᠤᠢ ᠳ᠋ᠤ᠌ ᠠᠪᠴᠢᠷᠠᠵᠤ ᠤᠲᠠᠰᠤ ᠪᠣᠯᠭᠠᠨ ᠡᠭᠡᠷᠡᠵᠦ ᠡᠬᠢᠯᠡᠯ᠎ᠡ᠃ ᠢᠯᠢᠰᠢᠶᠠ ᠶᠠᠭᠤ ᠬᠢᠬᠦ ᠶ᠋ᠢ ᠨᠢᠭᠡ ᠬᠤᠯᠤᠭᠠᠨ᠎ᠠ ᠠᠩᠬᠠᠷᠤᠯ ᠲᠠᠢ ᠬᠠᠷᠠᠵᠤ ᠪᠠᠢᠪᠠ᠃ ᠲᠡᠭᠦᠨ ᠳ᠋ᠦ᠍ ᠰᠣᠨᠢᠷᠬᠠᠯᠲᠠᠢ ᠰᠠᠨᠠᠭᠳᠠᠵᠤ ᠢᠯᠢᠰᠢᠶᠠ ᠳ᠋ᠤ᠌ ᠲᠤᠰᠠᠯᠠᠵᠤ ᠡᠬᠢᠯᠡᠯ᠎ᠡ᠃ ᠣᠷᠣᠢ ᠪᠣᠯᠵᠤ ᠳᠡᠭᠦᠦ ᠨᠠᠷ ᠨᠢ ᠠᠭᠤᠢ ᠳ᠋ᠤ᠌ ᠢᠷᠡᠬᠦ ᠳ᠋ᠦ᠍ ᠢᠯᠢᠰᠢᠶᠠ ᠨᠢᠭᠡ ᠯᠡ ᠨᠢᠭᠤᠴᠠᠯᠢᠭ ᠶᠠᠭᠤᠮ᠎ᠠ ᠬᠢᠭᠡᠳ ᠪᠠᠢᠭ᠎ᠠ ᠶ᠋ᠢ ᠠᠩᠵᠠᠭᠠᠷᠠᠵᠠᠢ᠃
《ᠶᠠᠭᠤ ᠬᠢᠵᠦ ᠪᠠᠢᠭ᠎ᠠ ᠶᠤᠮ ᠪᠣᠢ? ᠢᠯᠢᠰᠢᠶᠠ》
《ᠶᠠᠭᠠᠬᠢᠭᠠᠳ ᠬᠠᠷᠢᠭᠤᠯᠬᠤ ᠦᠭᠡᠢ ᠪᠠᠢᠭ᠎ᠠ ᠶᠤᠮ ᠪᠣᠢ ? ᠡᠭᠡᠴᠢ ᠠ᠋᠂ ᠪᠢᠲᠡᠭᠡᠢ ᠨᠢᠭᠤᠯ ᠳᠠ᠂ ᠭᠤᠶᠤᠶ᠎ᠠ ᠶᠠᠭᠤᠮ᠎ᠠ ᠬᠡᠯᠡ ᠯᠡ ᠳᠡ》
《ᠳᠠᠭᠤᠰᠤᠨ ᠳᠠᠭᠤᠰᠲᠠᠯ᠎ᠠ ᠨᠢ ᠨᠢᠭᠡ ᠴᠦ᠍ ᠦᠭᠡ ᠳᠤᠤᠭᠠᠷᠬᠤ ᠪᠠᠷ ᠦᠭᠡᠢ ᠲᠡᠢᠮᠦ ᠠᠵᠢᠯ ᠬᠢᠵᠦ ᠪᠠᠢᠬᠤ ᠰᠢᠭ᠋ ᠪᠠᠢᠨ᠎ᠠ》
ᠣᠳᠬᠣᠨ ᠳᠡᠭᠦᠦ ᠨᠢ ᠡᠭᠡᠴᠢ ᠳ᠋ᠦ᠍ ᠪᠡᠨ ᠣᠴᠢᠭᠠᠳ ᠭᠠᠷ ᠢ᠋ ᠨᠢ ᠡᠷᠭᠦᠪᠡ᠃ᠬᠠᠯᠠᠭᠠᠢ ᠳ᠋ᠤ᠌ ᠬᠠᠳᠬᠤᠭᠤᠯᠵᠤ ᠰᠢᠷᠬᠠᠯᠠᠭᠰᠠᠨ ᠭᠠᠷ ᠢ᠋ ᠬᠠᠷᠠᠭᠠᠳ ᠨᠢᠳᠦᠨ ᠳ᠋ᠦ᠍ ᠨᠢ ᠨᠢᠯᠪᠤᠰᠤ ᠴᠡᠢᠯᠡᠭᠡᠨᠨᠡᠯ᠎ᠡ᠂ ᠬᠡᠳᠦᠨ ᠳᠤᠰᠤᠯ ᠨᠢᠯᠪᠤᠰᠤ ᠢᠯᠢᠰᠢᠶᠠ ᠶ᠋ᠢᠨ ᠭᠠᠷ ᠳᠡᠭᠡᠷ᠎ᠡ ᠳᠤᠰᠤᠯᠠᠵᠤ ᠡᠪᠡᠳᠦᠯᠲᠡ ᠶ᠋ᠢ ᠨᠠᠮᠵᠢᠭᠠᠵᠤ ᠢᠯᠢᠰᠢᠶᠠ ᠤᠨᠲᠠᠭᠠᠳ ᠥᠭᠭᠦᠯ᠎ᠡ᠃ ᠢᠯᠢᠰᠢᠶᠠ ᠣᠯᠠᠨ ᠡᠳᠦᠷ ᠡᠨᠡ ᠠᠵᠢᠯ ᠢ᠋ᠶ᠋ᠠᠨ ᠦᠷᠭᠦᠯᠵᠢᠯᠡᠭᠦᠯᠪᠡ᠃ ᠬᠤᠯᠤᠭᠠᠨ᠎ᠠ ᠰᠠᠢᠨ ᠳᠤᠷ᠎ᠠ ᠪᠠᠷ ᠢ᠋ᠶ᠋ᠠᠨ ᠲᠡᠭᠦᠨ ᠳ᠋ᠦ᠍ ᠲᠤᠰᠠᠯᠠᠵᠤ ᠪᠠᠢᠯ᠎ᠠ ᠃ ᠢᠯᠢᠰᠢᠶᠠ ᠨᠢᠭᠡ ᠬᠦᠷᠮ᠎ᠡ ᠳᠠᠭᠤᠰᠬᠠᠭᠠᠳ ᠳᠠᠷᠠᠭ᠎ᠠ ᠶ᠋ᠢᠨ ᠬᠦᠷᠮ᠎ᠡ ᠪᠡᠨ ᠡᠬᠢᠯᠡᠭᠦᠯᠪᠡ ᠃ᠨᠢᠭᠡ ᠡᠳᠦᠷ ᠬᠠᠯᠠᠭᠠᠢ ᠲᠡᠭᠦᠵᠦ ᠪᠠᠢᠭᠠᠳ ᠣᠢᠷᠠᠬᠠᠨ ᠶᠡᠬᠡ ᠴᠢᠩᠭ᠎ᠠ ᠴᠢᠮᠡᠭᠡ ᠭᠠᠷᠬᠤ ᠶ᠋ᠢ ᠰᠣᠨᠣᠰᠤᠭᠠᠳ ᠠᠭᠤᠢ ᠤᠷᠤᠭᠤ ᠪᠠᠨ ᠪᠤᠴᠠᠬᠤ ᠪᠠᠷ ᠰᠢᠢᠳᠦᠯ᠎ᠡ᠃ᠭᠡᠪᠡᠴᠦ ᠬᠡᠳᠦᠨ ᠨᠣᠬᠠᠳ ᠠᠩᠴᠢᠳ ᠲᠡᠭᠦᠨ ᠢ᠋ ᠲᠣᠭᠣᠷᠢᠨ ᠵᠣᠭᠰᠣᠵᠠᠢ᠃ ᠪᠦᠭᠦᠳᠡ ᠰᠠᠢᠨ ᠬᠤᠪᠴᠠᠰᠤ ᠡᠮᠦᠰᠦᠭᠰᠡᠨ ᠪᠠᠢᠵᠠᠢ᠃ ᠴᠢᠷᠠᠢᠯᠢᠭ ᠵᠠᠯᠠᠭᠤ ᠡᠷ᠎ᠡ ᠮᠣᠷᠢᠨ ᠠ᠋ᠴᠠ ᠪᠠᠨ ᠪᠠᠭᠤᠭᠠᠳ ᠢᠯᠢᠰᠢᠶᠠ ᠳ᠋ᠤ᠌ ᠣᠢᠷᠠᠲᠤᠵᠤ ᠢᠷᠡᠪᠡ᠃
《ᠰᠠᠢᠨ ᠤᠤ? ᠡᠨᠳᠡ ᠶᠠᠭᠤ ᠬᠢᠵᠦ ᠪᠠᠢᠭ᠎ᠠ ᠶᠤᠮ᠂ ᠪᠢ ᠴᠢᠮ᠎ᠠ ᠳ᠋ᠤ᠌ ᠲᠤᠰᠠᠯᠠᠬᠤ ᠤᠤ? ᠪᠢ ᠴᠢᠮ᠎ᠠ ᠶ᠋ᠢ ᠡᠨᠡ ᠠᠶᠤᠯ ᠲᠠᠢ ᠭᠠᠵᠠᠷ ᠲᠤ᠌ ᠣᠷᠬᠢᠵᠤ ᠴᠢᠳᠠᠬᠤ ᠦᠭᠡᠢ᠂ ᠪᠢ ᠪᠣᠯ ᠡᠨᠡ ᠨᠤᠲᠤᠭ ᠤ᠋ᠨ ᠬᠠᠭᠠᠨ᠂ ᠨᠠᠳᠠ ᠲᠠᠢ ᠬᠠᠮᠲᠤ ᠣᠷᠳᠣᠨ ᠤᠷᠤᠭᠤ ᠮᠢᠨᠢ ᠶᠠᠪᠤᠯ ᠳᠠ᠂ ᠴᠢ ᠲᠡᠨᠳᠡ ᠠᠶᠤᠯ ᠦᠭᠡᠢ ᠪᠠᠢᠨ᠎ᠠ》
ᠢᠯᠢᠰᠢᠶᠠ ᠳ᠋ᠤ᠌ ᠬᠠᠭᠠᠨ ᠲᠠᠢ ᠶᠠᠪᠤᠬᠤ ᠠ᠋ᠴᠠ ᠥᠭᠡᠷ᠎ᠡ ᠠᠷᠭ᠎ᠠ ᠪᠠᠢᠭᠰᠠᠨ ᠦᠭᠡᠢ᠂ ᠲᠡᠳᠡ ᠨᠠᠷᠠ ᠵᠢᠷᠭᠠᠬᠤ ᠶ᠋ᠢᠨ ᠡᠮᠦᠨ᠎ᠡ ᠬᠠᠭᠠᠨ ᠤ᠋ ᠣᠷᠳᠣᠨ ᠳ᠋ᠤ᠌ ᠢᠷᠡᠵᠡᠭᠡᠯ᠎ᠡ᠂ ᠦᠨᠡᠬᠡᠷ ᠰᠠᠢᠬᠠᠨ ᠰᠢᠯᠲᠦᠭᠡᠨ ᠪᠠᠢᠪᠠ᠃ ᠭᠡᠪᠡᠴᠦ ᠢᠯᠢᠰᠢᠶᠠ ᠳ᠋ᠤ᠌ ᠲᠡᠨᠳᠡ ᠵᠢᠷᠭᠠᠯ ᠲᠠᠢ ᠪᠠᠢᠭᠰᠠᠨ ᠦᠭᠡᠢ᠃ ᠲᠡᠷᠡ ᠳᠡᠭᠦᠦ ᠨᠠᠷ ᠢ᠋ᠶ᠋ᠠᠨ ᠦᠭᠡᠢᠯᠡᠵᠦ ᠡᠳᠦᠷᠵᠢᠨ ᠤᠬᠢᠯᠠᠳᠠᠭ ᠪᠠᠢᠪᠠ᠂ ᠬᠠᠭᠠᠨ ᠥᠬᠢᠨ ᠦ᠌ ᠤᠲᠠᠰᠤ ᠪᠣᠯᠤᠨ ᠨᠡᠬᠡᠵᠦ ᠪᠠᠢᠭᠰᠠᠨ ᠬᠦᠷᠮ᠎ᠡ ᠶ᠋ᠢ ᠠᠪᠴᠢᠷᠠᠵᠤ ᠥᠭᠭᠦᠯ᠎ᠡ᠃
《ᠴᠢᠮ᠎ᠠ ᠳ᠋ᠤ᠌ ᠪᠦᠬᠦ ᠶᠠᠭᠤᠮ᠎ᠠ ᠶ᠋ᠢ ᠴᠢᠨᠢ ᠥᠭᠭᠦᠯ᠎ᠡ᠂ ᠲᠡᠢᠮᠦ ᠡᠴᠡ ᠭᠡᠷ ᠲᠡᠭᠡᠨ ᠪᠠᠢᠭ᠎ᠠ ᠶᠤᠮ ᠰᠢᠭ᠋ ᠪᠠᠢᠭᠠᠷᠠᠢ᠂ ᠬᠦᠦᠬᠡ᠂ ᠶᠠᠮᠠᠷ ᠰᠠᠢᠬᠠᠨ ᠢᠨᠢᠶᠡᠮᠰᠦᠭᠯᠡᠯ ᠪᠣᠢ? ᠪᠢ ᠴᠢᠮ᠎ᠠ ᠳ᠋ᠤ᠌ ᠵᠢᠷᠦᠬᠡ ᠰᠡᠳᠬᠢᠯ ᠢ᠋ᠶ᠋ᠡᠨ ᠠᠯᠳᠠᠵᠤ ᠪᠠᠢᠬᠤ ᠰᠢᠭ᠋ ᠪᠠᠢᠨ᠎ᠠ》
ᠢᠯᠢᠰᠢᠶᠠ ᠲᠡᠨᠳᠡ ᠬᠦᠷᠮ᠎ᠡ ᠨᠡᠬᠡᠬᠦ ᠡᠴᠡ ᠥᠭᠡᠷ᠎ᠡ ᠶᠠᠭᠤ ᠴᠦ᠍ ᠬᠢᠳᠡᠭ ᠦᠭᠡᠢ ᠪᠠᠢᠯ᠎ᠠ᠃ᠲᠡᠷᠡ ᠠᠷᠪᠠᠨ ᠬᠦᠷᠮ᠎ᠡ ᠨᠡᠬᠡᠵᠡᠢ᠃ᠰᠡᠭᠦᠯᠴᠢ ᠶ᠋ᠢᠨ ᠭᠠᠭᠴᠠ ᠶ᠋ᠢ ᠨᠡᠬᠡᠵᠦ ᠪᠠᠢᠲᠠᠯ᠎ᠠ ᠬᠠᠯᠠᠭᠠᠢ ᠨᠢ ᠳᠠᠭᠤᠰᠴᠢᠬᠠᠵᠠᠢ ᠭᠡᠨ᠎ᠡ ᠃ ᠥᠬᠢᠨ ᠣᠷᠳᠣᠨ ᠤ᠋ ᠣᠢᠷᠠᠯᠴᠠᠭᠠᠬᠢ ᠣᠷᠣᠰᠢᠭᠤᠯᠭ᠎ᠠ ᠶ᠋ᠢᠨ ᠭᠠᠵᠠᠷ ᠤᠷᠤᠭᠤ ᠶᠠᠪᠤᠵᠤ ᠬᠠᠯᠠᠭᠠᠢ ᠲᠡᠭᠦᠶ᠎ᠡ ᠭᠡᠵᠦ ᠪᠣᠳᠣᠵᠠᠢ᠃ ᠲᠡᠭᠡᠭᠡᠳ ᠥᠬᠢᠨ ᠰᠥᠨᠢ ᠳᠦᠯᠢ ᠪᠡᠷ ᠣᠷᠳᠣᠨ ᠠ᠋ᠴᠠ ᠭᠠᠷᠴᠤ ᠣᠷᠣᠰᠢᠭᠤᠯᠭ᠎ᠠ ᠶ᠋ᠢᠨ ᠭᠠᠵᠠᠷ ᠢ᠋ ᠬᠠᠢᠯ᠎ᠠ᠃ ᠲᠡᠭᠦᠨ ᠢ᠋ ᠬᠠᠯᠠᠭᠠᠢ ᠲᠡᠭᠦᠵᠦ ᠪᠠᠢᠲᠠᠯ᠎ᠠ ᠬᠠᠭᠠᠨ ᠪᠣᠯᠤᠨ ᠬᠠᠭᠠᠨ ᠤ᠋ ᠵᠥᠪᠯᠡᠬᠦ ᠦ᠋ᠳ ᠥᠬᠢᠨ ᠢ᠋ ᠣᠯᠵᠤ ᠲᠣᠭᠣᠷᠢᠨ ᠵᠣᠭᠰᠣᠪᠠ᠃
《ᠡᠨᠳᠡ ᠪᠠᠢᠨ᠎ᠠ ᠶᠠᠭᠤ ᠬᠢᠵᠦ ᠪᠠᠢᠭ᠎ᠠ ᠶᠤᠮ ᠪᠣᠢ? ᠬᠠᠯᠠᠭᠠᠢ ᠲᠡᠭᠦᠵᠦ ᠪᠠᠢᠨ᠎ᠠ ᠤᠤ ?ᠶᠠᠭᠠᠬᠢᠬᠤ ᠭᠡᠵᠦ? ᠷᠢᠳᠢ ᠰᠢᠳᠢᠨ ᠳ᠋ᠦ᠍ ᠵᠣᠷᠢᠭᠤᠯᠵᠤ ᠬᠡᠷᠡᠭᠯᠡᠳᠡᠭ ᠪᠠᠢᠵᠤ ᠲᠠᠭᠠᠷᠠᠨ᠎ᠠ᠂ 
ᠴᠢ ᠨᠠᠳᠠ ᠳ᠋ᠤ᠌ ᠱᠤᠯᠤᠮ ᠶᠤᠮ ᠰᠢᠭ᠋ ᠰᠠᠨᠠᠭᠳᠠᠭᠠᠳ ᠪᠠᠢᠭᠰᠠᠨ᠂ ᠡᠭᠦᠨ ᠢ᠋ ᠪᠡᠨ ᠴᠦ᠍ ᠪᠠᠲᠤᠯᠠᠯ᠎ᠠ᠂ ᠡᠷᠬᠢᠮ ᠳᠡᠭᠡᠳᠦᠰ ᠠ᠋᠂ 
ᠪᠢ ᠡᠬᠢᠨ ᠳ᠋ᠦ᠍ ᠪᠡᠨ ᠬᠥᠮᠦᠰ ᠲᠡᠭᠡᠨ ᠢᠲᠡᠭᠡᠭᠡ ᠦᠭᠡᠢ᠂ ᠭᠡᠪᠡᠴᠦ ᠣᠳᠣ ᠮᠠᠷᠭᠠᠰᠢ ᠰᠢᠭᠦᠬᠦ ᠪᠡᠷ ᠤᠷᠤᠭᠤᠯ!
ᠮᠢᠨᠦ ᠬᠥᠮᠦᠰ ᠰᠢᠳᠬᠡᠯ ᠢ᠋ ᠨᠢ ᠲᠣᠭᠲᠠᠭᠠᠬᠤ ᠪᠣᠯᠤᠨ᠎ᠠ᠂ ᠲᠡᠭᠡᠬᠦ ᠪᠡᠷ ᠬᠥᠳᠡᠭᠡ ᠶ᠋ᠢᠨ ᠬᠥᠮᠦᠰ ᠦ᠋ᠨ ᠡᠮᠦᠨ᠎ᠡ ᠠᠯᠠᠪᠠᠯ ᠵᠣᠬᠢᠨ᠎ᠠ᠂ 
ᠡᠰᠡᠪᠡᠯ ᠵᠠᠭᠠᠨ ᠢ᠋ᠶ᠋ᠠᠷ ᠳᠡᠪᠰᠡᠭᠦᠯᠵᠦ ᠬᠥᠨᠥᠭᠡ!
ᠡᠢᠮᠦ ᠱᠤᠯᠤᠮ ᠢ᠋ ᠮᠠᠨ ᠤ᠋ ᠤᠯᠤᠰ ᠲᠤ᠌ ᠪᠠᠢᠬᠤ ᠶ᠋ᠢ ᠵᠥᠪᠰᠢᠶᠡᠷᠡᠳᠡᠭ ᠦᠭᠡᠢ ᠶᠦ᠍ᠮ᠂ 
ᠲᠡᠷᠡ ᠮᠠᠷᠭᠠᠰᠢ ᠦᠬᠦᠬᠦ ᠶᠣᠰᠣᠲᠠᠢ᠂ ᠣᠷᠣᠢᠲᠠᠭᠤᠯᠵᠤ ᠪᠣᠯᠬᠤ ᠦᠭᠡᠢ》
ᠢᠯᠢᠰᠢᠶᠠ ᠶ᠋ᠢ ᠣᠷᠳᠣᠨ ᠠ᠋ᠴᠠ ᠬᠣᠯᠠ ᠠᠷᠠᠯ ᠳᠡᠭᠡᠷ᠎ᠡ ᠴᠦᠯᠡᠬᠦ ᠶᠣᠰᠣᠲᠠᠢ ᠭᠡᠵᠦ ᠰᠢᠢᠳᠴᠡᠢ᠃ ᠥᠬᠢᠨ ᠢ᠋ ᠦᠨᠡᠬᠡᠷ ᠠᠶᠤᠮᠰᠢᠭᠲᠠᠢ ᠱᠣᠷᠣᠩ ᠳ᠋ᠤ᠌ ᠬᠣᠷᠢᠯ᠎ᠠ᠂ ᠡᠨᠳᠡ ᠲᠡᠷᠡ ᠡᠴᠦᠰ ᠦ᠋ᠨ ᠰᠥᠨᠢ ᠪᠡᠨ ᠥᠩᠭᠡᠷᠡᠭᠡᠬᠦ ᠶᠣᠰᠣᠲᠠᠢ᠂ ᠶᠠᠭ ᠡᠨᠡ ᠦᠶ᠎ᠡ ᠳ᠋ᠦ᠍ ᠬᠠᠭᠠᠯᠭ᠎ᠠ ᠨᠡᠭᠡᠭᠡᠭᠳᠡᠯ᠎ᠡ᠂ ᠲᠡᠭᠡᠭᠡᠳ ᠪᠦᠬᠦ ᠬᠦᠷᠮ᠎ᠡ ᠬᠠᠯᠠᠭᠠᠢ ᠶ᠋ᠢ ᠨᠢ ᠬᠣᠷᠢᠬᠤ ᠥᠷᠥᠭᠡ ᠤᠷᠤᠭᠤ ᠰᠢᠳᠡᠴᠢᠬᠡᠪᠡ᠃
《ᠬᠠᠭᠠᠨ ᠴᠢᠮ᠎ᠠ ᠳ᠋ᠤ᠌ ᠥᠭᠭᠦᠭᠦᠯᠦᠯ᠎ᠡ᠂ ᠡᠨᠡ ᠴᠢᠮ᠎ᠠ ᠶ᠋ᠢ ᠲᠠᠭᠠᠷᠠᠭᠤᠯᠬᠤ ᠦᠭᠡᠢ ᠪᠠᠢᠯᠭᠠᠨ᠎ᠠ》
《ᠳᠠᠭᠠᠭᠠᠯᠭᠠᠪᠤᠷᠢ ᠪᠠᠨ ᠭᠦᠢᠴᠡᠳᠬᠡᠬᠦ ᠰᠡᠭᠦᠯᠴᠢ ᠶ᠋ᠢᠨ ᠪᠣᠯᠤᠮᠵᠢ ᠮᠢᠨᠢ ᠡᠨᠡ᠂ ᠭᠡᠪᠡᠴᠦ ᠤᠲᠠᠰᠤ ᠡᠭᠡᠷᠡᠬᠦ ᠳ᠋ᠦ᠍ ᠨᠠᠳᠠ ᠳ᠋ᠤ᠌ ᠳᠠᠬᠢᠭᠠᠳ ᠬᠠᠯᠠᠭᠠᠢ ᠬᠡᠷᠡᠭᠲᠡᠢ》
ᠶᠠᠭ ᠲᠡᠷᠡ ᠦᠶ᠎ᠡ ᠳ᠋ᠦ᠍ ᠱᠣᠷᠣᠩ ᠤ᠋ᠨ ᠥᠷᠥᠭᠡᠨ ᠦ᠌ ᠴᠣᠩᠬᠣ ᠪᠠᠷ ᠨᠥᠭᠦᠭᠡ ᠬᠤᠯᠤᠭᠠᠨ᠎ᠠ ᠣᠷᠣᠵᠤ ᠢᠷᠡᠪᠡ᠂ ᠢᠯᠢᠰᠢᠶᠠ ᠶᠠᠭᠠᠷᠠᠨ ᠠᠵᠢᠯᠯᠠᠵᠤ ᠡᠬᠢᠯᠡᠯ᠎ᠡ᠃ᠬᠤᠯᠤᠭᠠᠨ᠎ᠠ ᠱᠣᠷᠣᠩ ᠣᠷᠣᠰᠢᠭᠤᠯᠭ᠎ᠠ ᠶ᠋ᠢᠨ ᠭᠠᠵᠠᠷ ᠤ᠋ᠨ ᠬᠣᠭᠣᠷᠣᠨᠳᠣ ᠭᠦᠶᠦᠭᠰᠡᠭᠡᠷ ᠲᠡᠷᠡ ᠪᠡᠷ ᠮᠠᠰᠢ ᠶᠡᠬᠡ ᠬᠠᠯᠠᠭᠠᠢ ᠲᠡᠭᠦᠵᠦ ᠢᠯᠢᠰᠢᠶᠠ ᠳ᠋ᠤ᠌ ᠠᠪᠴᠢᠷᠠᠵᠤ ᠥᠭᠴᠦ ᠪᠠᠢᠪᠠ᠃ᠥᠷᠯᠥᠭᠡ ᠲᠡᠭᠦᠨ ᠢ᠋ ᠠᠪᠴᠤ ᠶᠠᠪᠤᠬᠤ ᠬᠦᠷᠲᠡᠯ᠎ᠡ ᠢᠯᠢᠰᠢᠶᠠ ᠡᠴᠦᠰ ᠦ᠋ᠨ ᠬᠦᠷᠮ᠎ᠡ ᠶ᠋ᠢ ᠨᠡᠬᠡᠵᠦ ᠳᠠᠭᠤᠰᠬᠤ ᠪᠠᠢᠯ᠎ᠠ᠃ᠲᠡᠷᠭᠡᠨ ᠳᠡᠭᠡᠷ᠎ᠡ ᠰᠠᠭᠤᠭᠠᠳ ᠥᠪᠡᠷ ᠢ᠋ ᠨᠢ ᠬᠠᠷᠢᠶᠠᠬᠤ ᠪᠠᠷ ᠢᠷᠡᠭᠰᠡᠨ ᠵᠠᠭᠤ ᠵᠠᠭᠤᠨ ᠬᠥᠮᠦᠰ ᠢ᠋ ᠴᠦ᠍ ᠣᠢᠰᠢᠶᠠᠯ ᠦᠭᠡᠢ ᠬᠦᠷᠮ᠎ᠡ ᠪᠡᠨ ᠨᠡᠭᠡᠭᠡᠭᠰᠡᠭᠡᠷ ᠯᠡ ᠪᠠᠢᠵᠠᠢ᠃ᠠᠷᠪᠠᠨ ᠬᠦᠷᠮ᠎ᠡ ᠳᠡᠷᠭᠡᠳᠡ ᠨᠢ ᠬᠡᠪᠲᠡᠨ᠎ᠡ᠂ ᠲᠡᠷᠭᠡ ᠢᠯᠢᠰᠢᠶᠠ ᠶ᠋ᠢ ᠠᠪᠴᠤ ᠶᠠᠪᠤᠬᠤ ᠶᠣᠰᠣᠲᠠᠢ ᠬᠥᠯᠭᠡ ᠳ᠋ᠦ᠍ ᠪᠠᠷᠤᠭ ᠯᠠ ᠬᠦᠷᠬᠦ ᠭᠡᠵᠦ ᠪᠠᠢᠯ᠎ᠠ᠂ ᠶᠠᠭ ᠲᠡᠷᠡ ᠮᠥᠴᠡ ᠳ᠋ᠦ᠍ ᠢᠯᠢᠰᠢᠶᠠ ᠲᠠᠨᠢᠯ ᠴᠢᠮᠡᠭᠡ ᠰᠣᠨᠣᠰᠪᠠ᠂ ᠢᠯᠢᠰᠢᠶᠠ ᠠᠷᠪᠠᠨ ᠨᠢᠭᠡᠨ ᠴᠠᠭᠠᠨ ᠬᠤᠨ ᠳᠡᠭᠡᠭᠦᠷ ᠨᠢ ᠨᠢᠰᠴᠦ ᠪᠠᠢᠬᠤ ᠶ᠋ᠢ ᠬᠠᠷᠠᠯ᠎ᠠ᠃ ᠲᠡᠳᠡ ᠡᠭᠡᠴᠢ ᠶ᠋ᠢ ᠪᠡᠨ ᠬᠠᠮᠠᠭᠠᠯᠠᠬᠤ ᠪᠠᠷ ᠲᠡᠷᠭᠡ ᠶ᠋ᠢ ᠲᠣᠭᠣᠷᠢᠨ ᠰᠠᠭᠤᠪᠠ᠃ ᠢᠯᠢᠰᠢᠶᠠ ᠰᠡᠭᠦᠯᠴᠢ ᠶ᠋ᠢᠨ ᠬᠦᠷᠮ᠎ᠡ ᠪᠡᠨ ᠳᠠᠭᠤᠰᠴᠠᠢ᠃ ᠲᠡᠷᠡ ᠪᠦᠬᠦ ᠬᠦᠷᠮ᠎ᠡ ᠪᠡᠨ ᠪᠦᠭᠦᠳᠡ ᠶ᠋ᠢ ᠨᠢ ᠨᠢᠭᠡ ᠨᠢᠭᠡ ᠪᠡᠷ ᠨᠢ ᠰᠢᠳᠡᠵᠦ ᠬᠤᠨ ᠰᠢᠪᠠᠭᠤᠳ ᠠᠷᠪᠠᠨ ᠨᠢᠭᠡᠨ ᠴᠢᠷᠠᠢᠯᠢᠭ ᠬᠥᠪᠡᠭᠦᠳ ᠪᠣᠯᠵᠤ ᠬᠤᠪᠢᠷᠠᠵᠠᠭᠠᠯ᠎ᠠ᠃
《ᠦ᠂ ᠬᠦᠦᠬᠡ》
《ᠪᠢ ᠳᠡᠭᠦᠦ ᠨᠠᠷ ᠢ᠋ᠶ᠋ᠠᠨ ᠠᠪᠤᠷᠠᠯ᠎ᠠ᠂ ᠣᠳᠣ ᠶᠠᠷᠢᠵᠤ ᠪᠣᠯᠤᠨ᠎ᠠ᠂ ᠪᠢ ᠱᠤᠯᠤᠮ ᠪᠢᠰᠢ ᠠ᠋ ᠬᠠᠷᠢᠨ ᠳᠡᠭᠦᠦ ᠨᠠᠷ ᠢ᠋ᠶ᠋ᠠᠨ ᠱᠤᠯᠤᠮ ᠤ᠋ᠨ ᠰᠢᠳᠢ ᠡᠴᠡ ᠠᠪᠤᠷᠠᠬᠤ ᠭᠡᠵᠦ ᠪᠠᠢᠭᠰᠠᠨ ᠶᠤᠮ》
ᠭᠦᠩᠵᠦ ᠪᠣᠯᠤᠭᠰᠠᠨ ᠶᠠᠪᠤᠳᠠᠯ ᠢ᠋ᠶ᠋ᠠᠨ ᠪᠦᠭᠦᠳᠡ ᠶ᠋ᠢ ᠨᠢ ᠬᠠᠭᠠᠨ ᠳ᠋ᠤ᠌ ᠬᠡᠯᠡᠯ᠎ᠡ᠃ ᠬᠠᠭᠠᠨ ᠢᠯᠢᠰᠢᠶᠠ ᠳ᠋ᠤ᠌ ᠲᠡᠭᠡᠵᠦ ᠬᠠᠨᠳᠤᠭᠰᠠᠨ ᠳ᠋ᠤ᠌ ᠪᠠᠨ ᠶᠡᠬᠡᠳᠡ ᠢᠴᠢᠪᠡ᠃
《ᠴᠢᠮ᠎ᠠ ᠳ᠋ᠤ᠌ ᠡᠷᠡᠭᠡᠯᠵᠡᠭᠰᠡᠨ ᠳ᠋ᠦ᠍ ᠪᠡᠨ ᠪᠢ ᠮᠠᠰᠢ ᠶᠡᠬᠡ ᠬᠠᠷᠠᠮᠰᠠᠵᠤ ᠪᠠᠢᠨ᠎ᠠ᠂ ᠨᠠᠳᠠ ᠲᠠᠢ ᠭᠡᠷᠯᠡᠭᠡᠴᠢ᠂ ᠭᠤᠶᠤᠶ᠎ᠠ》
《ᠲᠡᠭᠡᠶ᠎ᠡ》
ᠣᠷᠳᠣᠨ ᠤ᠋ ᠬᠥᠮᠦᠨ ᠪᠦᠷᠢ ᠬᠠᠭᠠᠨ ᠤ᠋ ᠬᠤᠷᠢᠮ ᠤ᠋ᠨ ᠲᠤᠬᠠᠢ ᠮᠡᠳᠡᠭᠡ ᠶ᠋ᠢ ᠰᠣᠨᠣᠰᠤᠭᠠᠳ ᠦᠨᠡᠬᠡᠷ ᠪᠠᠶᠠᠷᠯᠠᠵᠠᠭᠠᠪᠠ᠃ᠠᠷᠪᠠᠨ ᠨᠢᠭᠡ ᠬᠠᠨ ᠬᠥᠪᠡᠭᠦᠳ ᠬᠠᠭᠠᠨ ᠤ᠋ ᠬᠤᠷᠢᠮ ᠳ᠋ᠤ᠌ ᠣᠷᠣᠯᠴᠠᠯ᠎ᠠ᠃ᠬᠠᠭᠠᠨ ᠢᠯᠢᠰᠢᠶᠠ ᠬᠠᠲᠤᠨ ᠠᠷᠪᠠᠨ ᠨᠢᠭᠡᠨ ᠬᠠᠨ ᠬᠥᠪᠡᠭᠦᠳ ᠦ᠋ᠨ ᠬᠠᠮᠲᠤ᠂ ᠬᠣᠷᠣᠨ ᠰᠠᠨᠠᠭᠠᠲᠤ ᠬᠠᠲᠤᠨ ᠤ᠋ ᠡᠵᠡᠨᠲᠦ ᠤᠯᠤᠰ ᠢ᠋ ᠡᠵᠡᠯᠡᠵᠦ ᠱᠤᠯᠤᠮ ᠢ᠋ ᠨᠠᠰᠤ ᠪᠠᠷ ᠨᠢ ᠬᠣᠷᠢᠯ᠎ᠠ᠃ᠢᠩᠭᠢᠭᠡᠳ ᠬᠠᠭᠠᠨ ᠱᠤᠯᠤᠮ ᠤ᠋ᠨ ᠷᠢᠳᠢ ᠰᠢᠳᠢ ᠡᠴᠡ ᠴᠢᠯᠥᠭᠡᠯᠡᠭᠳᠡᠯ᠎ᠡ᠃ ᠲᠡᠳᠡ ᠪᠦᠭᠦᠳᠡ ᠠᠮᠤᠷ ᠰᠠᠢᠬᠠᠨ ᠳ᠋ᠠᠭᠠᠨ ᠵᠢᠷᠭᠠᠭᠰᠠᠨ ᠶᠤᠮ᠃

ᠦᠰᠦᠭ ᠠᠮᠢᠯᠠᠭᠤᠯᠤᠭᠴᠢ᠄ ᠲᠦᠮᠡᠨᠴᠡᠴᠡᠭ
ᠦᠰᠦᠭ ᠬᠠᠳᠠᠭᠴᠢ᠄ ᠤᠷᠢᠶᠠᠩᠬᠠᠢ᠂ ᠨᠠᠷᠠᠨᠮᠠᠨᠳᠠ
ᠬᠢᠨᠠᠭᠴᠢ᠄ ᠢᠷᠡᠭᠡᠳᠦᠢ