ᠭᠠᠢᠬᠠᠮᠰᠢᠭᠲᠤ ᠮᠡᠷᠭᠡᠨ ᠦᠭᠡᠰГайхамшигт мэргэн үгс Gaikhamshigt mergen ügs
ᠭᠠᠢᠬᠠᠮᠰᠢᠭᠲᠤ ᠮᠡᠷᠭᠡᠨ ᠦᠭᠡᠰ

ᠬᠣᠷᠸ᠎ᠠ ᠳ᠋ᠤ᠌ ᠠᠵᠠ ᠵᠢᠷᠭᠠᠯ ᠢ᠋ᠶ᠋ᠠᠨ ᠨᠡᠮᠡᠬᠦ ᠴᠣᠷ ᠤ᠋ᠨ ᠭᠠᠭᠴᠠ ᠠᠷᠭ᠎ᠠ ᠪᠣᠯ ᠪᠤᠰᠤᠳ ᠲᠤ᠌ ᠲᠦᠭᠡᠭᠡᠬᠦ᠂ᠡᠷᠡᠭᠦᠯ ᠪᠡᠶ᠎ᠡ ᠰᠠᠷᠠᠭᠤᠯ ᠤᠬᠠᠭᠠᠨ ᠤ᠋ ᠨᠢᠭᠤᠴᠠ ᠨᠢ ᠥᠩᠭᠡᠷᠡᠭᠰᠡᠨ ᠳ᠋ᠦ᠍ ᠬᠠᠷᠠᠮᠰᠠᠬᠤ ᠦᠭᠡᠢ᠂ᠢᠷᠡᠭᠡᠳᠦᠢ ᠳ᠋ᠦ᠍ ᠰᠠᠨᠠᠭᠠᠰᠢᠷᠠᠬᠤ ᠦᠭᠡᠢ ᠶᠠᠭ ᠣᠳᠣ ᠤᠬᠠᠮᠰᠠᠷ ᠲᠠᠢ ᠠᠮᠢᠳᠤᠷᠠᠬᠤ ᠳ᠋ᠤ᠌ ᠣᠷᠣᠰᠢᠨ᠎ᠠ᠂ ᠬᠠᠮᠢᠭ᠎ᠠ ᠴᠤ᠌ ᠣᠴᠢᠭᠰᠠᠨ ᠬᠥᠮᠦᠨ ᠥᠪᠡᠷ ᠲᠡᠢ ᠪᠠᠨ ᠯᠠ ᠪᠠᠢᠨ᠎ᠠ᠂ᠬᠠᠷᠠᠩᠭᠤᠢ ᠨᠡᠮᠡᠬᠦ ᠲᠣᠰᠤᠮ ᠵᠢᠩᠬᠢᠨᠢ ᠭᠡᠷᠡᠯ ᠲᠣᠳᠣᠷᠠᠳᠠᠭ᠃ ᠬᠥᠮᠦᠰ ᠨᠠᠮ᠎ᠠ ᠶ᠋ᠢ ᠣᠢᠯᠠᠭᠠᠬᠤ ᠦᠭᠡᠢ ᠪᠠᠢᠨ᠎ᠠ ᠭᠡᠵᠦ ᠪᠤᠬᠢᠨᠢᠳᠤᠬᠤ ᠶ᠋ᠢᠨ ᠣᠷᠣᠨ ᠳ᠋ᠤ᠌ ᠪᠢ ᠬᠥᠮᠦᠰ ᠢ᠋ ᠣᠢᠯᠠᠭᠠᠬᠤ ᠦᠭᠡᠢ ᠪᠠᠢᠭ᠎ᠠ ᠶᠤᠮ ᠪᠢᠰᠢ ᠪᠢᠵᠡ ᠭᠡᠵᠦ ᠰᠠᠨᠠᠭ᠎ᠠ ᠵᠣᠪᠠ! ᠴᠢᠨᠦ ᠬᠠᠷᠠᠵᠤ ᠪᠠᠢᠭ᠎ᠠ ᠪᠦᠬᠦᠨ ᠴᠢᠨᠦ ᠮᠡᠳᠡᠷᠡᠮᠵᠢ ᠶ᠋ᠢᠨ ᠲᠤᠰᠬᠠᠯ ᠲᠠᠩᠳᠠ ᠮᠢᠨᠦ ᠵᠥᠪ ᠭᠡᠵᠦ ᠪᠣᠳᠣᠳᠠᠭ ᠬᠥᠮᠦᠨ ᠠᠮᠢᠳᠤᠷᠠᠯ ᠠ᠋ᠴᠠ ᠶᠠᠭᠤ ᠴᠤ᠌ ᠰᠤᠷᠤᠯᠴᠠᠬᠤ ᠦᠭᠡᠢ᠃ᠠᠯᠳᠠᠭ᠎ᠠ ᠪᠠᠨ ᠦᠭᠡᠢᠰᠬᠡᠬᠦ ᠨᠢ ᠳᠠᠪᠬᠤᠷ ᠠᠯᠳᠠᠭ᠎ᠠ ᠶᠤᠮ᠃ ᠬᠡᠴᠡᠭᠦᠦ ᠦᠶ᠎ᠡ ᠳ᠋ᠡᠭᠡᠨ ᠪᠠᠢᠭᠠᠯᠢ ᠶ᠋ᠢ ᠠᠨᠢᠷᠳᠠ᠂ ᠪᠠᠢᠭᠠᠯᠢ ᠶ᠋ᠢᠨ ᠨᠠᠮ ᠭᠦᠮ ᠬᠥᠮᠦᠰ ᠦ᠋ᠨ ᠣᠯᠢᠭᠲᠤ ᠮᠢᠩᠭᠠᠨ ᠦᠭᠡᠰ ᠡᠴᠡ ᠢᠯᠡᠭᠦᠦ ᠲᠠᠢᠪᠤᠰᠢᠷᠠᠯ ᠰᠣᠶᠣᠷᠬᠠᠨ᠎ᠠ᠃ᠦᠷᠭᠦᠯᠵᠢ ᠶ᠋ᠢᠨ ᠨᠠᠷᠠᠯᠠᠭ ᠡᠳᠦᠷ ᠦ᠋ᠳ ᠨᠢ ᠴᠦᠯ ᠪᠦᠲᠦᠭᠡᠳᠡᠭ᠃ ᠰᠡᠳᠬᠢᠯ ᠢ᠋ᠶ᠋ᠡᠨ ᠥᠭᠡᠳᠡᠷᠡᠭ ᠪᠠᠢᠯᠭᠠᠶ᠎ᠠ ᠭᠡᠪᠡᠯ ᠨᠢᠷᠤᠭᠤ ᠪᠠᠨ ᠲᠡᠭᠰᠢᠯᠡ᠃ ᠵᠠᠮ ᠮᠥᠷ ᠭᠡᠳᠡᠭ ᠦᠭᠡᠨ ᠳ᠋ᠦ᠍ ᠠᠪᠲᠠᠬᠤ ᠬᠡᠷᠡᠭ ᠦᠭᠡᠢ᠂ ᠡᠳᠦᠷ ᠳᠣᠳᠣᠮ ᠤ᠋ᠨ ᠦᠢᠯᠡᠳᠦᠯ ᠬᠢᠭᠡᠳ ᠬᠠᠨᠳᠤᠯᠭ᠎ᠠ ᠴᠢᠨᠢ ᠥᠪᠡᠷ ᠢ᠋ᠶ᠋ᠡᠨ ᠵᠠᠮ ᠮᠥᠷ ᠪᠣᠯᠤᠨ᠎ᠠ᠃ ᠪᠠᠢᠳᠠᠭ ᠯᠠ ᠵᠦᠢᠯᠡᠰ ᠭᠠᠢᠬᠠᠮᠰᠢᠭ ᠪᠣᠯᠵᠤ ᠬᠤᠪᠢᠷᠠᠬᠤ ᠶ᠋ᠢ ᠵᠢᠩᠬᠢᠨᠢ ᠵᠠᠯᠪᠠᠷᠢᠯ ᠭᠡᠨ᠎ᠡ᠃ ᠦᠷ᠎ᠡ ᠬᠡᠦᠬᠡᠳ ᠢ᠋ᠶ᠋ᠡᠨ ᠬᠥᠮᠦᠵᠢᠭᠦᠯᠬᠦ ᠭᠡᠵᠦ ᠬᠦᠴᠦᠯᠡᠬᠦ ᠬᠡᠷᠡᠭ ᠦᠭᠡᠢ᠂ ᠲᠡᠳᠡ ᠥᠪᠡᠷᠰᠡᠳ ᠢ᠋ ᠴᠢᠨᠢ ᠳᠠᠭᠤᠷᠢᠶᠠᠬᠤ ᠪᠣᠯᠬᠣᠷ ᠥᠪᠡᠷᠰᠡᠳ ᠢ᠋ ᠪᠡᠨ ᠯᠡ ᠬᠥᠮᠦᠵᠢᠭᠦᠯ! ᠪᠢ ᠬᠡᠨ ᠪᠣᠯᠬᠤ ᠴᠢᠮ᠎ᠠ ᠳ᠋ᠤ᠌ ᠶᠠᠭᠤ ᠪᠠᠢᠭ᠎ᠠ ᠠ᠋ᠴᠠ ᠬᠠᠮᠢᠶᠠᠷᠴᠤ ᠠᠵᠠ ᠵᠢᠷᠭᠠᠯ ᠪᠣᠢ ᠪᠣᠯᠬᠤ ᠦᠭᠡᠢ᠂ ᠴᠢᠨᠦ ᠪᠣᠳᠣᠵᠤ ᠮᠡᠳᠡᠷᠡᠵᠦ ᠪᠠᠢᠭ᠎ᠠ ᠵᠦᠢᠯᠡᠰ ᠡᠴᠡ ᠯᠡ ᠪᠣᠢ ᠪᠣᠯᠤᠨ᠎ᠠ᠃ᠪᠦᠭᠦᠳᠡ ᠶ᠋ᠢ ᠣᠢᠯᠠᠭᠠᠨ᠎ᠠ ᠭᠡᠳᠡᠭ ᠨᠢ ᠪᠦᠭᠦᠳᠡ ᠶ᠋ᠢ ᠥᠷᠥᠰᠢᠶᠡᠨ᠎ᠡ ᠭᠡᠰᠡᠨ ᠦᠭᠡ᠂ ᠬᠡᠷᠪᠡ ᠥᠪᠡᠷ ᠢ᠋ ᠪᠡᠨ ᠬᠥᠭᠵᠢᠭᠦᠯᠬᠦ ᠦᠭᠡᠢ ᠯᠡ ᠪᠣᠯ ᠤᠬᠠᠭᠠᠨ ᠲᠠᠢ ᠬᠥᠮᠦᠨ ᠴᠦ᠍ ᠲᠡᠨᠡᠭ ᠪᠣᠯᠳᠠᠭ᠃ᠴᠢ ᠠᠭᠤᠷ ᠬᠢᠯᠢᠩ ᠦ᠋ᠨ ᠢ᠋ᠶ᠋ᠡᠨ ᠲᠥᠯᠥᠭᠡ ᠰᠢᠢᠳᠬᠡᠯ ᠬᠦᠯᠢᠶᠡᠬᠦ ᠦᠭᠡᠢ ᠴᠦ᠍ ᠠᠭᠤᠷ ᠬᠢᠯᠢᠩ ᠴᠢᠮ᠎ᠠ ᠶ᠋ᠢ ᠥᠪᠡᠷ ᠢ᠋ᠶ᠋ᠡᠨ ᠰᠢᠢᠳᠬᠡᠨ᠎ᠡ᠃ᠡᠷᠡᠭᠦᠯ ᠡᠩᠬᠡ ᠤᠷᠲᠤ ᠤᠳᠠᠭᠠᠨ ᠠᠮᠢᠳᠤᠷᠠᠬᠤ ᠵᠣᠷ ᠬᠠᠭᠠᠰ ᠬᠣᠭᠣᠯᠠᠯᠠᠵᠤ ᠬᠣᠶᠠᠷ ᠳᠠᠬᠢᠨ ᠠᠯᠬᠤᠵᠤ ᠭᠤᠷᠪᠠ ᠳᠠᠬᠢᠨ ᠢᠨᠢᠶᠡᠵᠦ ᠬᠢᠵᠠᠭᠠᠷ ᠦᠭᠡᠢ ᠶᠡᠬᠡ ᠪᠡᠷ ᠬᠠᠢᠷᠠᠯᠠ᠃ ᠬᠠᠢᠷ᠎ᠠ ᠪᠢᠯᠬᠠᠭᠰᠠᠨ ᠭᠠᠵᠠᠷ ᠢ᠋ ᠯᠡ ᠠᠪᠢᠳᠠ ᠶ᠋ᠢᠨ ᠣᠷᠣᠨ ᠭᠡᠳᠡᠭ ᠃ᠵᠢᠷᠦᠬᠡᠨ ᠡᠴᠡ ᠴᠢᠨᠢ ᠤᠶᠠᠷᠠᠯ ᠬᠠᠢᠷ᠎ᠠ ᠤᠷᠤᠰᠴᠤ ᠪᠠᠢᠭ᠎ᠠ ᠪᠣᠯ ᠴᠢ ᠳ᠋ᠧᠪᠠᠵᠠᠨ ᠳ᠋ᠤ᠌ ᠪᠠᠢᠨ᠎ᠠ᠃
ᠭᠡᠭᠡᠷᠡᠯ ᠲᠠᠪᠴᠠᠩ ᠠ᠋ᠴᠠ ᠲᠦᠮᠡᠨᠴᠡᠴᠡᠭ ᠪᠠᠭᠤᠯᠭᠠᠪᠠ᠃
