ᠴᠠᠭᠠᠨ ᠭᠠЦагаан гаTsagaan ga ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠭᠠЦагаан гаTsagaan ga

ᠴᠠᠭᠠᠨ ᠭᠠЦагаан гаTsagaan ga

2025-02-21

271

ᠴᠠᠭᠠᠨ ᠭᠠ

   ᠲᠤᠰ ᠡᠮ ᠪᠣᠯ ᠭᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠴᠠᠭᠠᠨ ᠭᠠ ᠶ᠋ᠢᠨ ᠦᠨᠳᠦᠰᠦᠯᠢᠭ ᠡᠰᠢ ᠮᠥᠨ᠃ ᠪᠠᠰᠠ ᠭᠠᠵᠠ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠲᠥᠮᠥᠰᠥᠯᠢᠭ ᠡᠰᠢ ᠲᠡᠢ ᠪᠥᠭᠡᠳ ᠭᠠᠭᠴᠠᠭᠠᠷ ᠪᠤᠶᠤ ᠬᠡᠳᠦ ᠪᠡᠷ ᠵᠠᠯᠭᠠᠯᠳᠤᠵᠤ ᠤᠷᠭᠤᠨ᠎ᠠ᠂ ᠭᠦᠢᠬᠡᠨ ᠨᠣᠭᠣᠭᠠᠨ ᠪᠤᠶᠤ ᠨᠣᠭᠣᠪᠲᠤᠷ ᠴᠠᠭᠠᠨ ᠥᠩᠭᠡ ᠲᠡᠢ᠂ ᠠᠩᠬᠢᠯᠤᠮ᠎ᠠ ᠦᠨᠦᠷ ᠲᠡᠢ᠂᠃ ᠦᠨᠳᠦᠰᠦ ᠨᠢ ᠲᠤᠷᠤᠭ ᠪᠦᠳᠦᠭᠦᠨ᠃ ᠬᠥᠷᠥᠰᠥᠨ ᠳᠡᠭᠡᠷ᠎ᠡ ᠡᠰᠢ ᠦᠭᠡᠢ᠃ 2ᠨᠠᠪᠴᠢ ᠲᠠᠢ᠂ ᠪᠠᠷᠤᠭ ᠪᠠᠷᠢᠭᠤᠯ ᠦᠭᠡᠢ᠂ ᠬᠡᠪᠲᠡᠭᠡ ᠤᠷᠭᠤᠨ᠎ᠠ᠃ ᠨᠠᠪᠴᠢ ᠨᠢ ᠲᠣᠭᠣᠷᠢᠭ ᠪᠤᠶᠤ ᠥᠷᠭᠡᠨ ᠲᠣᠭᠣᠷᠢᠭ ᠬᠡᠯᠪᠡᠷᠢ ᠲᠡᠢ᠂8 — 15cm ᠤᠷᠲᠤ᠂5 — 12cm ᠥᠷᠭᠡᠨ᠂ ᠱᠣᠪᠣᠭᠣᠷ ᠪᠤᠶᠤ ᠮᠤᠬᠤᠷ ᠰᠢᠤᠬᠠᠨ ᠦᠵᠦᠭᠦᠷ ᠲᠡᠢ᠂ ᠥᠷᠭᠡᠨ ᠱᠠᠭᠠᠨᠲᠠᠭ ᠤᠭ ᠲᠠᠢ᠂ ᠨᠢᠮᠭᠡᠨ᠂ ᠨᠣᠭᠣᠭᠠᠨ᠂ ᠬᠠᠶᠠ ᠬᠥᠪᠡᠭᠡ ᠪᠣᠯᠤᠨ ᠦᠵᠦᠭᠦᠷ ᠨᠢ ᠪᠣᠷᠣᠪᠲᠤᠷ ᠪᠠᠢᠳᠠᠭ᠃10 — 12 ᠵᠤᠷᠪᠤᠰ ᠨᠠᠪᠴᠢᠨ ᠰᠤᠳᠠᠯ ᠲᠠᠢ᠃ ᠨᠠᠪᠴᠢᠨ ᠪᠠᠷᠢᠭᠤᠯ ᠨᠢ ᠰᠤᠨᠵᠤ ᠲᠣᠭᠳᠣᠢ ᠪᠣᠯᠳᠠᠭ᠂1 — 5cm ᠤᠷᠲᠤ᠂ ᠲᠦᠷᠦᠭᠦᠦ ᠬᠡᠯᠪᠡᠷᠢᠲᠦ ᠪᠠᠭ ᠴᠡᠴᠡᠭ ᠲᠡᠢ ᠪᠥᠭᠡᠳ ᠨᠠᠪᠴᠢᠨ ᠲᠣᠭᠳᠣᠢ ᠳᠣᠲᠣᠷ᠎ᠠ ᠠ᠋ᠴᠠ ᠪᠠᠨ ᠤᠷᠭᠤᠨ᠎ᠠ᠃4 — 12 ᠬᠦᠢᠰ ᠴᠡᠴᠡᠭ ᠳᠡᠯᠭᠡᠷᠡᠨ᠎ᠡ᠃ ᠠᠩᠬᠢᠯᠤᠮ᠎ᠠ ᠦᠨᠦᠷ ᠲᠡᠢ᠂ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠨᠣᠭᠣᠭᠠᠨ ᠥᠩᠭᠡ ᠲᠡᠢ᠂2.5cm ᠣᠷᠴᠢᠮ ᠤᠷᠲᠤ᠂ ᠴᠡᠴᠡᠭ ᠦ᠋ᠨ ᠲᠣᠭᠳᠣᠢ ᠨᠢ ᠪᠠᠭᠯᠠᠭᠴᠢ ᠢᠯᠲᠠᠰᠤ ᠲᠠᠢ ᠪᠠᠨ ᠲᠡᠩᠴᠡᠭᠦᠦ ᠤᠷᠲᠤ᠂ ᠴᠡᠴᠡᠭ ᠦ᠋ᠨ ᠳᠡᠯᠪᠢ ᠶ᠋ᠢᠨ ᠴᠣᠷᠭᠣ ᠨᠢ ᠨᠠᠷᠢᠨ᠂2.5 — 3cm ᠤᠷᠲᠤ᠃ ᠰᠡᠵᠢᠭᠦᠷ ᠢᠯᠲᠠᠰᠤ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂ ᠴᠠᠭᠠᠨ᠂1.2 — 1.5cm ᠤᠷᠲᠤ᠃ ᠥᠷᠭᠡᠨ ᠲᠣᠮᠣ ᠤᠷᠤᠭᠤᠯ ᠬᠡᠯᠲᠡᠰ ᠲᠡᠢ᠂ ᠳ᠋ᠢᠶᠠᠮᠧᠲ᠋ᠷ ᠨᠢ2.5cm ᠣᠷᠴᠢᠮ᠂ ᠳᠤᠮᠳᠠ ᠬᠡᠰᠡᠭ ᠲᠤᠨᠢ ᠭᠦᠨ ᠣᠨᠢ ᠲᠠᠢ᠂2 ᠰᠡᠵᠢᠭᠦᠷ ᠢᠯᠲᠠᠰᠤ ᠶ᠋ᠢᠨ ᠣᠷᠣᠢ ᠨᠢ ᠥᠴᠦᠬᠡᠨ ᠬᠣᠲᠣᠭᠣᠷ᠂ ᠴᠠᠭᠠᠨ ᠥᠩᠭᠡ ᠲᠡᠢ᠂ ᠪᠠᠭᠠᠯᠵᠤᠤᠷ ᠤ᠋ᠨ ᠬᠡᠰᠡᠭ ᠨᠢ ᠪᠣᠷᠣᠪᠲᠤᠷ ᠤᠯᠠᠭᠠᠨ᠃ ᠬᠠᠵᠠᠭᠤ ᠠ᠋ᠴᠠ ᠤᠷᠭᠤᠭᠰᠠᠨ ᠳᠣᠷᠣᠢᠲᠠᠭᠰᠠᠨ ᠡᠷ᠎ᠡ ᠲᠣᠭᠣᠷᠴᠣᠭ ᠨᠢ ᠴᠡᠴᠡᠭ ᠦ᠋ᠨ ᠳᠡᠯᠪᠢ ᠰᠢᠭ᠂ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠴᠠᠭᠠᠨ ᠥᠩᠭᠡ ᠲᠡᠢ᠂1.2cm ᠣᠷᠴᠢᠮ ᠤᠷᠲᠤ᠃ ᠲᠣᠭᠣᠰᠣᠪᠴᠢ ᠶ᠋ᠢᠨ ᠲᠠᠰᠤᠯᠤᠪᠴᠢ ᠨᠢ ᠥᠷᠭᠡᠨ᠂ ᠣᠷᠣᠢ ᠶ᠋ᠢᠨ ᠬᠡᠰᠡᠭ ᠪᠣᠯᠤᠨ ᠳᠥᠷᠪᠡᠯᠵᠢᠨ ᠬᠡᠯᠪᠡᠷᠢᠲᠦ ᠴᠡᠴᠡᠭ ᠦ᠋ᠨ ᠳᠡᠯᠪᠢ ᠲᠡᠢ ᠪᠡᠨ ᠨᠡᠢᠯᠡᠭᠰᠡᠨ ᠪᠠᠢᠳᠠᠭ᠃ ᠳᠣᠣᠷᠠᠲᠤ ᠣᠷᠣᠨᠲᠤ ᠤᠮᠠᠢ ᠲᠠᠢ᠂3 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ ᠨᠠᠷᠢᠨ ᠤᠷᠲᠤ᠂ ᠪᠠᠭᠠᠨ᠎ᠠ ᠶ᠋ᠢᠨ ᠠᠮᠠᠰᠠᠷ ᠨᠢ ᠲᠠᠪᠠᠭ ᠬᠡᠯᠪᠡᠷᠢ ᠲᠡᠢ᠂ ᠬᠣᠩᠭᠣᠷᠴᠣᠭᠲᠤ ᠵᠢᠮᠢᠰ ᠲᠡᠢ᠃8 — 9 ᠳ᠋ᠦ᠍ᠭᠡᠷ ᠰᠠᠷ᠎ᠠ ᠳ᠋ᠤ᠌ ᠴᠡᠴᠡᠭᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ᠂ ᠣᠢ ᠶ᠋ᠢᠨ ᠳᠣᠲᠣᠷ᠎ᠠ᠂ ᠡᠪᠡᠰᠦᠨ ᠳᠤᠮᠳᠠ ᠤᠷᠭᠤᠨ᠎ᠠ᠃ ᠣᠯᠠᠩᠬᠢ ᠳ᠋ᠠᠭᠠᠨ ᠠᠷᠠᠴᠢᠯᠠᠨ ᠲᠠᠷᠢᠵᠤ ᠪᠣᠢ᠃ ᠲᠠᠢᠸᠠᠨ᠂ ᠭᠤᠸᠠᠩᠳ᠋ᠥ᠋ᠩ᠂ ᠭᠤᠸᠠᠩᠰᠢ᠂ ᠹᠦᠵᠢᠶᠠᠨ᠂ ᠶᠦᠨᠨᠠᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] 12 ᠳ᠋ᠤᠭᠠᠷ ᠰᠠᠷ᠎ᠠ ᠠ᠋ᠴᠠ ᠳᠠᠷᠠᠭ᠎ᠠ ᠵᠢᠯ ᠦ᠋ᠨ3 ᠳ᠋ᠤᠭᠠᠷ ᠰᠠᠷ᠎ᠠ ᠶ᠋ᠢᠨ ᠬᠣᠭᠣᠷᠣᠨᠳᠣ ᠬᠥᠷᠥᠰᠥᠨ ᠳᠡᠭᠡᠷᠡᠬᠢ ᠬᠡᠰᠡᠭ ᠨᠢ ᠬᠤᠪᠠᠬᠠᠢᠷᠠᠬᠤ ᠦᠶ᠎ᠡ ᠳ᠋ᠦ᠍2 ᠵᠢᠯ ᠤᠷᠭᠤᠭᠰᠠᠨ ᠦᠨᠳᠦᠰᠦᠯᠢᠭ ᠡᠰᠢ ᠶ᠋ᠢ ᠨᠢ ᠮᠠᠯᠲᠠᠨ ᠠᠪᠴᠤ ᠰᠢᠪᠡᠷ ᠰᠢᠷᠣᠢ᠂ ᠬᠣᠯᠢᠮᠠᠭ ᠵᠦᠢᠯ ᠢ᠋ ᠨᠢ ᠠᠷᠢᠯᠭᠠᠨ ᠴᠡᠪᠡᠷᠯᠡᠭᠡᠳ᠂ ᠬᠡᠷᠴᠢᠮᠯᠡᠵᠦ ᠬᠦᠬᠦᠷ ᠢ᠋ᠶ᠋ᠡᠷ1 ᠡᠳᠦᠷ ᠣᠳᠤᠭᠰᠠᠨ ᠤ᠋ ᠰᠡᠭᠦᠯᠡᠷ ᠴᠢᠬᠢᠷᠰᠦᠨ ᠳᠡᠭᠡᠷ᠎ᠡ ᠳᠡᠯᠭᠡᠵᠦ ᠨᠠᠷᠠᠨ ᠳ᠋ᠤ᠌ ᠬᠠᠲᠠᠭᠠᠨ᠎ᠠ᠂ ᠬᠠᠭᠰᠠᠭᠠᠵᠤ ᠪᠣᠯᠬᠤ ᠦᠭᠡᠢ᠃
   [ ᠠᠮᠲᠠ᠂ ᠴᠢᠨᠠᠷ᠂ ᠡᠷᠳᠡᠮ] ᠭᠣᠰᠢᠭᠤᠨ᠂ ᠭᠠᠰᠢᠭᠤᠨ᠂ ᠡᠬᠡᠭᠦᠨ ᠠᠮᠲᠠ ᠲᠠᠢ᠃ ᠬᠠᠯᠠᠭᠤᠨ ᠴᠢᠨᠠᠷ ᠲᠠᠢ᠃ ᠬᠠᠭᠤᠷᠠᠢ᠂ ᠬᠥᠩᠭᠡᠨ᠂ ᠬᠤᠷᠴᠠ᠂ ᠰᠢᠷᠦᠭᠦᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠪᠠᠳᠭ᠋ᠠᠨ ᠬᠡᠢ ᠶ᠋ᠢ ᠳᠠᠷᠤᠬᠤ᠂ ᠢᠯᠴᠢ ᠶ᠋ᠢ ᠰᠡᠯᠪᠢᠬᠦ᠂ ᠥᠳᠬᠡᠷᠡᠭᠰᠡᠨ ᠴᠢᠰᠤ ᠶ᠋ᠢ ᠰᠢᠩᠭᠡᠷᠡᠭᠦᠯᠬᠦ ᠴᠢᠳᠠᠯ ᠲᠠᠢ᠃ ᠭᠣᠣᠯᠳᠠᠭᠤ ᠰᠢᠩᠭᠡᠭᠡᠯᠲᠡ ᠮᠠᠭᠤᠳᠠᠭᠰᠠᠨ᠂ ᠬᠣᠳᠣᠭᠣᠳᠣ ᠡᠪᠡᠳᠬᠦ᠂ ᠴᠢᠰᠤ ᠪᠦᠷᠢᠯᠳᠦᠭᠰᠡᠨ᠂ ᠴᠢᠰᠤᠨ ᠪᠡᠲᠡᠭᠢ᠂ ᠰᠠᠷ᠎ᠠ ᠶ᠋ᠢᠨ ᠭᠬᠢᠷ ᠲᠡᠭᠰᠢ ᠦᠭᠡᠢ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 山 奈
   ᠠᠩᠭ᠌ᠯᠢ ᠨᠡᠷ᠎ᠡ᠄ Kaempferia glanga ln

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ