ᠪᠤᠷᠬᠠᠨ ᠱᠠᠰᠢᠨ ᠪ ᠦᠨᠳᠤᠰᠦᠨ ᠮᠠᠳᠡᠯᠭᠡБурхан шашны үндсэн мэдлэг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠱᠠᠰᠢᠨ ᠪ ᠦᠨᠳᠤᠰᠦᠨ ᠮᠠᠳᠡᠯᠭᠡБурхан шашны үндсэн мэдлэг

ᠪᠤᠷᠬᠠᠨ ᠱᠠᠰᠢᠨ ᠪ ᠦᠨᠳᠤᠰᠦᠨ ᠮᠠᠳᠡᠯᠭᠡБурхан шашны үндсэн мэдлэг

2025-02-18

2592

ᠪᠤᠷᠬᠠᠨ ᠱᠠᠰᠢᠨ ᠦ ᠦᠨᠳᠤᠰᠦᠨ ᠮᠠᠳᠡᠯᠭᠡ

ᠪᠤᠷᠬᠠᠨ

    ᠮᠣᠩᠭᠣᠯ ᠦᠭᠡ᠂ ᠲᠥᠪᠡᠳ ᠢ᠋ᠶ᠋ᠡᠷ ᠰᠠᠩᠵᠠᠢ ᠂ ᠰᠠᠨᠰᠺᠷᠢᠲ ᠢ᠋ᠶ᠋ᠠᠷ ᠪᠤᠳ᠋ᠳ᠋ᠾᠠ ᠭᠡᠳᠡᠭ᠃ ᠤᠬᠠᠭᠠᠷᠠᠨ ᠬᠡᠬᠡᠷᠡᠭᠰᠡᠨ ᠭᠡᠬᠦ ᠤᠳᠬ᠎ᠠ ᠲᠠᠢ᠃ ᠣᠷᠴᠢᠯᠠᠩ ᠤ᠋ᠨ ᠠᠯᠢᠪᠠ ᠵᠣᠪᠠᠯᠠᠩ ᠭᠡᠮ ᠢ᠋ ᠤᠬᠠᠭᠠᠷᠠᠨ ᠮᠡᠳᠡᠵᠦ᠂ᠮᠤᠩᠬᠠᠭ ᠤ᠋ᠨ ᠬᠠᠷᠠᠩᠭᠤᠢ ᠠ᠋ᠴᠠ ᠰᠠᠯᠵᠤ᠂ ᠪᠡᠶ᠎ᠡ ᠬᠡᠯᠡ ᠰᠡᠳᠬᠢᠯ ᠦ᠋ᠨ ᠭᠡᠮ ᠪᠦᠬᠦᠨ ᠢ᠋ ᠠᠷᠢᠯᠭᠠᠵᠤ᠂ ᠠᠯᠢᠪᠠ ᠡᠷᠳᠡᠮ ᠪᠦᠬᠦᠨ ᠳ᠋ᠦ᠍ ᠨᠡᠪᠲᠡᠷᠡᠵᠦ᠂ ᠲᠡᠭᠦᠰ ᠤᠬᠠᠭᠠᠷᠠᠭᠰᠠᠳ ᠢ᠋ ᠪᠤᠷᠬᠠᠨ ᠭᠡᠨ᠎ᠡ᠃

ᠱᠠᠭᠢᠮᠤᠨᠢ ᠪᠤᠷᠬᠠᠨ

ᠪᠤᠷᠬᠠᠨ ᠤ᠋ ᠠᠷᠪᠠᠨ ᠠᠯᠳᠠᠷ

1.ᠲᠡᠭᠦᠨᠴᠢᠯᠡᠨ ᠢᠷᠡᠭᠰᠡᠨ ᠭᠡᠳᠡᠭ ᠨᠢ ᠤᠭ ᠴᠢᠨᠠᠷ ᠤ᠋ᠨ ᠶᠣᠰᠣᠨ ᠢ᠋ ᠪᠠᠷᠢᠵᠤ ᠢᠷᠡᠭᠰᠡᠨ᠃
2.ᠲᠡᠢᠨ ᠢ᠋ ᠳᠠᠷᠤᠭᠰᠠᠨ ᠭᠡᠳᠡᠭ ᠨᠢ ᠥᠪᠡᠷ ᠦ᠋ᠨ ᠳᠣᠲᠣᠭᠠᠳᠤ ᠰᠡᠳᠬᠢᠯ ᠮᠠᠲᠠᠯ ᠤ᠋ᠨ ᠳᠠᠢᠰᠤᠨ ᠢ᠋ ᠳᠠᠷᠤᠭᠰᠠᠨ᠃
3.ᠦᠨᠡᠬᠡᠷ ᠲᠤᠭᠤᠯᠤᠭᠰᠠᠨ ᠭᠡᠳᠡᠭ ᠨᠢ ᠠᠯᠢᠪᠠ ᠨᠣᠮ ᠳ᠋ᠤ᠌ ᠨᠡᠪᠲᠡᠷᠡᠵᠦ᠂ ᠨᠣᠮ ᠤ᠋ᠨ ᠠᠷᠢᠭᠤᠨ ᠦᠷ᠎ᠡ ᠶ᠋ᠢ ᠣᠯᠤᠭᠰᠠᠨ᠃
4.ᠬᠥᠯ ᠦ᠋ᠨ ᠮᠥᠷ ᠢ᠋ ᠲᠣᠳᠣᠷᠬᠠᠢ ᠠᠢᠯᠠᠳᠤᠭᠴᠢ ᠭᠡᠳᠡᠭ ᠨᠢ ᠥᠩᠭᠡᠷᠡᠭᠰᠡᠨ ᠢᠷᠡᠭᠡᠳᠦᠢ ᠶ᠋ᠢᠨ ᠬᠤᠪᠢ ᠵᠠᠶᠠᠭ᠎ᠠ ᠶ᠋ᠢ ᠮᠡᠳᠡᠬᠦ᠃
5.ᠰᠠᠢᠪᠡᠷ ᠣᠳᠤᠭᠰᠠᠨ ᠭᠡᠳᠡᠭ ᠨᠢ ᠮᠥᠩᠬᠡ ᠶ᠋ᠢᠨ ᠶᠣᠰᠣᠨ ᠢ᠋ ᠤᠬᠠᠵᠤ᠂ ᠠᠮᠤᠭᠤᠯᠠᠩ ᠬᠣᠭᠣᠰᠣᠨ ᠳ᠋ᠤ᠌ ᠣᠷᠣᠰᠢᠬᠤ ᠃
6.ᠶᠢᠷᠲᠢᠨᠴᠦ ᠶ᠋ᠢ ᠠᠢᠯᠠᠳᠤᠭᠴᠢ ᠭᠡᠳᠡᠭ ᠶᠢᠷᠲᠢᠨᠴᠦ ᠶ᠋ᠢᠨ ᠤᠤᠯ ᠴᠢᠨᠠᠷ ᠢ᠋ ᠤᠬᠠᠭᠠᠷᠠᠵᠤ᠂ ᠲᠡᠭᠦᠨ ᠡᠴᠡ ᠪᠡᠨ ᠲᠤᠭᠤᠷᠠᠲᠠᠯ᠎ᠠ ᠭᠡᠲᠦᠯᠭᠡᠬᠦ
7.ᠲᠡᠩᠴᠡᠰᠢ ᠦᠭᠡᠢ ᠪᠡᠭ᠍ᠰᠢ ᠭᠡᠳᠡᠭ ᠨᠢ ᠶᠢᠷᠲᠢᠨᠴᠦ ᠳ᠋ᠦ᠍ ᠬᠠᠮᠤᠭ ᠤ᠋ᠨ ᠡᠷᠬᠢᠮ ᠳᠡᠭᠡᠳᠦ᠃
8.ᠰᠠᠢᠲᠤᠷ ᠤᠳᠤᠷᠢᠳᠤᠨ ᠲᠣᠨᠢᠯᠭᠠᠭᠴᠢ ᠭᠡᠳᠡᠭ ᠨᠢ ᠶᠢᠷᠲᠢᠨᠴᠦ ᠶ᠋ᠢᠨ ᠠᠮᠢᠲᠠᠨ ᠵᠦᠢᠯᠡᠳᠡᠨ ᠢ᠋ ᠮᠤᠩᠬᠠᠭ ᠤ᠋ᠨ ᠨᠣᠢᠷ ᠠ᠋ᠴᠠ ᠨᠢ ᠰᠡᠷᠢᠭᠡᠵᠦ᠂ ᠪᠢᠯᠢᠭ ᠦ᠋ᠨ ᠰᠢᠳᠢ ᠶ᠋ᠢ ᠣᠢᠯᠠᠭᠠᠭᠤᠯᠵᠤ᠃ ᠨᠢᠷᠸᠠᠨ ᠤ᠋ ᠵᠠᠮ ᠳ᠋ᠤ᠌ ᠬᠥᠲᠥᠯᠬᠦ ᠃
9.ᠲᠩᠷᠢ ᠬᠥᠮᠦᠨ ᠦ᠌ ᠪᠡᠭ᠍ᠰᠢ ᠭᠡᠳᠡᠭ ᠨᠢ ᠬᠥᠮᠦᠨ ᠪᠠ ᠲᠩᠷᠢ ᠶ᠋ᠢᠨ ᠪᠡᠭ᠍ᠰᠢ ᠭᠡᠰᠡᠨ ᠤᠳᠬ᠎ᠠ ᠲᠠᠢ᠃
10.ᠢᠯᠠᠵᠤ ᠲᠡᠭᠦᠰ ᠨᠥᠭᠴᠢᠭᠰᠡᠨ ᠭᠡᠳᠡᠭ ᠨᠢ ᠣᠷᠴᠢᠯᠠᠩ ᠤ᠋ᠨ ᠬᠦᠯᠢᠶᠡᠵᠦ ᠪᠣᠯᠬᠤ ᠡᠪᠡᠳᠬᠦ᠂ ᠦᠳᠡᠯᠡᠬᠦ᠂ ᠦᠬᠦᠬᠦ᠂ ᠲᠥᠷᠥᠬᠦ ᠵᠣᠪᠠᠯᠠᠩ ᠠ᠋ᠴᠠ ᠭᠡᠲᠦᠯᠵᠦ᠂ ᠪᠢᠯᠢᠭ ᠦ᠋ᠨ ᠰᠢᠮ᠎ᠡ ᠪᠡᠷ ᠮᠥᠩᠬᠡ ᠣᠷᠣᠰᠢᠭᠰᠠᠨ᠃

ᠪᠤᠷᠬᠠᠨ ᠤ᠋ ᠠᠷᠪᠠᠨ ᠬᠣᠶᠠᠷ ᠵᠣᠬᠢᠶᠠᠩᠭᠤᠢ

1.ᠲᠦᠰᠢᠳ ᠲᠩᠷᠢ ᠶ᠋ᠢᠨ ᠣᠷᠣᠨ ᠠ᠋ᠴᠠ ᠵᠠᠯᠠᠷᠠᠭᠰᠠᠨ

2. ᠡᠬᠡ ᠶ᠋ᠢᠨ ᠬᠡᠪᠡᠯᠢ ᠳ᠋ᠦ᠍ ᠣᠷᠣᠰᠢᠭᠰᠠᠨ

3.ᠡᠬᠡ ᠡᠴᠡ ᠮᠡᠨᠳᠦᠯᠡᠭᠰᠡᠨ

4.ᠤᠷ᠎ᠠ ᠤᠬᠠᠭᠠᠨ ᠨᠢ ᠮᠡᠷᠭᠡᠰᠢᠭᠰᠡᠨ

5.ᠬᠠᠲᠤᠨ ᠠᠪᠴᠤ ᠬᠤᠷᠢᠮᠯᠠᠭᠰᠠᠨ

6.ᠭᠡᠷ ᠣᠷᠳᠣᠨ ᠢ᠋ᠶ᠋ᠠᠨ ᠣᠷᠬᠢᠭᠰᠠᠨ

7.ᠬᠠᠲᠠᠭᠤᠵᠢᠯ ᠢ᠋ ᠠᠮᠰᠠᠭᠰᠠᠨ

8.ᠪᠣᠳᠢ ᠮᠣᠳᠣᠨ ᠤ᠋ ᠳᠡᠷᠭᠡᠳᠡ ᠵᠠᠯᠠᠷᠠᠭᠰᠠᠨ

9.ᠰᠢᠮᠨᠤᠰ ᠤ᠋ᠨ ᠠᠢᠮᠠᠭ ᠢ᠋ ᠳᠠᠷᠤᠭᠰᠠᠨ

10.ᠭᠡᠭᠡᠷᠡᠨ ᠪᠤᠷᠬᠠᠨ ᠪᠣᠯᠤᠭᠰᠠᠨ

11.ᠨᠣᠮ ᠤ᠋ᠨ ᠬᠦᠷᠳᠦ ᠶ᠋ᠢ ᠡᠷᠭᠢᠭᠦᠯᠦᠭᠰᠡᠨ

12.ᠭᠠᠰᠠᠯᠠᠩ ᠠ᠋ᠴᠠ ᠨᠥᠭᠴᠢᠭᠰᠡᠨ

ᠪᠤᠷᠬᠠᠨ ᠤ᠋ ᠨᠠᠶᠠᠨ ᠨᠠᠢᠷᠠᠭ

1.ᠬᠢᠮᠤᠰᠤ ᠨᠢ ᠵᠡᠰ ᠦ᠋ᠨ ᠥᠩᠭᠡ ᠮᠡᠲᠦ;2. ᠬᠢᠮᠤᠰᠤ ᠨᠢ ᠴᠢᠯᠡᠭᠡᠷᠡᠭᠰᠡᠨ ᠥᠩᠭᠡᠲᠦ;3. ᠬᠢᠮᠤᠰᠤ ᠨᠢ ᠳᠣᠪᠣᠭᠣᠷ;4.ᠬᠤᠷᠤᠭᠤᠳ ᠨᠢ ᠪᠥᠭᠡᠷᠡᠩᠬᠡᠢ;5.ᠬᠤᠷᠤᠭᠤᠤᠨ ᠨᠢ ᠤᠯᠠᠮ ᠢ᠋ᠶ᠋ᠠᠷ ᠨᠠᠷᠢᠨ;6. ᠬᠤᠷᠤᠭᠤᠤᠨ ᠨᠢ ᠳᠡᠯᠭᠡᠷ;7. ᠰᠤᠳᠠᠰᠤ ᠨᠢ ᠢᠯᠡ ᠪᠤᠰᠤ;8. ᠰᠤᠳᠠᠰᠤ ᠰᠤᠳᠠᠯ ᠨᠢ ᠵᠠᠩᠭᠢᠷᠠᠭ᠎ᠠ ᠦᠭᠡᠢ;9.ᠱᠠᠭᠠᠢ  ᠨᠢ ᠢᠯᠡ ᠪᠤᠰᠤ ;10. ᠪᠣᠢᠪᠢ ᠨᠢ ᠲᠡᠭᠰᠢᠬᠡᠨ;11.ᠠᠷᠰᠯᠠᠨ ᠤ᠋ ᠪᠠᠢᠳᠠᠯ ᠢ᠋ᠶ᠋ᠠᠷ ᠠᠵᠢᠷᠠᠭᠴᠢ;12.. ᠵᠠᠭᠠᠨ ᠤ᠋ ᠪᠠᠢᠳᠠᠯ ᠢ᠋ᠶ᠋ᠠᠷ ᠠᠵᠢᠷᠠᠭᠴᠢ;13. ᠭᠠᠯᠠᠭᠤᠨ ᠤ᠋ ᠪᠠᠢᠳᠠᠯ ᠢ᠋ᠶ᠋ᠠᠷ ᠠᠵᠢᠷᠠᠭᠴᠢ;14. ᠰᠦᠷᠦᠭ ᠦ᠋ᠨ ᠮᠠᠩᠯᠠᠢ ᠶ᠋ᠢᠨ ᠪᠠᠢᠳᠠᠯ ᠢ᠋ᠶ᠋ᠠᠷ ᠠᠵᠢᠷᠠᠭᠴᠢ;15. ᠵᠥᠪᠰᠢᠶᠡᠷᠡᠬᠦᠶ᠎ᠡ (ᠨᠠᠷᠠ ᠵᠥᠪ) ᠡᠷᠭᠢᠨ ᠠᠵᠢᠷᠠᠭᠴᠢ;16. ᠦᠵᠡᠰᠬᠦᠯᠡᠩᠲᠡᠶ᠎ᠡ ᠠᠵᠢᠷᠠᠭᠴᠢ;17. ᠬᠡᠯᠪᠡᠷᠢᠯ ᠦᠭᠡᠢ ᠴᠢᠭ ᠠᠵᠢᠷᠠᠭᠴᠢ;18. ᠯᠠᠭᠱᠠᠨ ᠮᠠᠰᠢᠳᠠ ᠭᠤᠸ᠎ᠠ;19.ᠯᠠᠭᠱᠠᠨ ᠨᠢ ᠠᠷᠴᠢᠭᠰᠠᠨ ᠮᠡᠲᠦ ;20.ᠯᠠᠭᠱᠠᠨ ᠨᠢ ᠦᠶ᠎ᠡ ᠵᠡᠷᠭᠡ ᠪᠡᠷ ᠲᠡᠭᠰᠢ;21 ᠯᠠᠭᠱᠠᠨ ᠨᠢ ᠴᠡᠪᠡᠷ;22. ᠯᠠᠭᠱᠠᠨ ᠨᠢ ᠵᠥᠭᠡᠯᠡᠨ;23. ᠯᠠᠭᠱᠠᠨ ᠨᠢ ᠮᠠᠰᠢᠳᠠ ᠠᠷᠢᠯᠤᠭᠰᠠᠨ;24. ᠪᠡᠯᠭᠡ ᠰᠢᠨᠵᠢ ᠣᠭᠣᠭᠠᠲᠠ ᠲᠡᠭᠦᠰᠦᠭᠰᠡᠨ; 25. ᠯᠠᠭᠱᠠᠨ ᠴᠡᠭᠡᠵᠢ ᠠᠭᠤᠤ ᠪᠣᠯᠤᠭᠠᠳ ᠰᠠᠢᠨ;26. ᠲᠡᠭᠰᠢ ᠠᠯᠬᠤᠭᠴᠢ;27. ᠯᠠᠭᠱᠠᠨ ᠮᠠᠰᠢ ᠵᠠᠯᠠᠭᠤ ᠥᠩᠭᠡᠲᠦ;28. ᠯᠠᠭᠱᠠᠨ ᠨᠢ ᠱᠤᠪᠳᠤᠭᠣᠷ ᠪᠤᠰᠤ;29. ᠯᠠᠭᠱᠠᠨ ᠨᠢ ᠳᠡᠯᠭᠡᠷ;30. ᠯᠠᠭᠱᠠᠨ ᠨᠢ ᠮᠠᠰᠢᠳᠠ ᠴᠢᠭᠢᠷᠠᠭ;31. ᠯᠠᠭᠱᠠᠨ ᠤ᠋ ᠭᠡᠰᠢᠭᠦᠨ᠂ ᠲᠡᠭᠦᠨ ᠦ᠌ ᠭᠡᠰᠢᠭᠦᠨ ᠨᠢ ᠮᠠᠰᠢᠳᠠ ᠢᠯᠭᠠᠷᠠᠭᠰᠠᠨ;32. ᠦᠵᠡᠨ ᠠᠢᠯᠠᠳᠬᠤ ᠨᠢ ᠪᠦᠷᠦᠭᠡᠯᠵᠡᠬᠦ ᠦᠭᠡᠢ᠂ ᠮᠠᠰᠢᠳᠠ ᠠᠷᠢᠯᠤᠭᠰᠠᠨ;33.ᠲᠥᠭᠥᠷᠢᠭ ᠪᠡᠯᠭᠦᠭᠡᠰᠦᠳᠦ;34. ᠲᠠᠰᠢᠶ᠎ᠠ ᠲᠡᠨᠢᠭᠡᠷ;35. ᠬᠣᠲᠣᠭᠣᠷ ᠦᠭᠡᠢ ᠪᠡᠯᠭᠦᠭᠡᠰᠦᠳᠤ;36. ᠲᠡᠭᠰᠢ ᠬᠡᠪᠡᠯᠢᠳᠦ;37. ᠬᠦᠢᠰᠦ ᠨᠢ ᠵᠥᠪ ᠡᠷᠭᠢᠭᠰᠡᠨ;38. ᠬᠦᠢᠰᠦ ᠨᠢ ᠭᠦᠨ;39. ᠬᠣᠲᠠᠯᠠ ᠠ᠋ᠴᠠ ᠦᠵᠡᠰᠬᠦᠯᠡᠩᠲᠦ;40. ᠬᠠᠮᠤᠭ ᠶᠠᠪᠤᠳᠠᠯ ᠨᠢ ᠴᠡᠪᠡᠷ;41.ᠯᠠᠭᠱᠠᠨ ᠳ᠋ᠤ᠌ ᠮᠡᠩᠭᠡ ᠬᠢᠭᠡᠳ ᠰᠡᠪᠬᠡ ᠦᠭᠡᠢ; 42.ᠮᠣᠳᠣᠷ ᠨᠢ ᠮᠣᠳᠣᠨ ᠤ᠋ ᠤᠩᠭᠠᠷᠢᠯ ᠮᠡᠲᠦ ᠵᠥᠭᠡᠯᠡᠨ; 43. ᠮᠣᠳᠣᠷ ᠤ᠋ᠨ ᠠᠷ ᠨᠢ ᠲᠣᠳᠣᠷᠬᠠᠢ; 44. ᠮᠣᠳᠣᠷ ᠤ᠋ᠨ ᠠᠷ ᠨᠢ ᠭᠦᠨ; 45. ᠮᠣᠳᠣᠷ ᠤ᠋ᠨ  ᠠᠷ ᠨᠢ ᠤᠷᠲᠤᠯᠢᠭ; 46. ᠨᠢᠭᠤᠷ ᠨᠢ ᠨᠡᠩ ᠤᠷᠲᠤ ᠴᠤ᠌  ᠪᠤᠰᠤ; 47. ᠤᠷᠤᠭᠤᠯ ᠨᠢ ᠪᠢᠮᠪᠠ( ᠵᠢᠮᠢᠰ) ᠮᠡᠲᠦ ᠤᠯᠠᠭᠠᠨ;48.ᠬᠡᠯᠡ ᠨᠢ ᠵᠥᠭᠡᠯᠡᠨ;49. ᠬᠡᠯᠡ ᠨᠢ ᠨᠢᠮᠭᠡᠨ;50. ᠬᠡᠯᠡ ᠨᠢ ᠤᠯᠠᠭᠠᠨ;51. ᠵᠠᠭᠠᠨ ᠤ᠋ ᠳᠠᠭᠤᠨ ᠬᠢᠭᠡᠳ ᠯᠤᠤ ᠶ᠋ᠢᠨ ᠳᠠᠭᠤᠨ ᠯᠤᠭ᠎ᠠ ᠲᠡᠭᠦᠯᠳᠡᠷ;52. ᠵᠠᠷᠯᠢᠭ ᠨᠢ ᠢᠷᠠᠭᠤ ᠰᠣᠨᠣᠰᠬᠤᠶ᠎ᠠ ᠵᠥᠭᠡᠯᠡᠨ;53.ᠰᠣᠶᠣᠭ᠎ᠠ ᠨᠢ ᠪᠥᠭᠡᠷᠡᠩᠬᠡᠢ;54.ᠰᠣᠶᠣᠭ᠎ᠠ ᠨᠢ ᠬᠤᠷᠴᠠ;55.ᠰᠣᠶᠣᠭ᠎ᠠ ᠨᠢ ᠴᠠᠭᠠᠨ;56.ᠰᠣᠶᠣᠭ᠎ᠠ ᠨᠢ ᠲᠡᠭᠰᠢ;57.ᠰᠣᠶᠣᠭ᠎ᠠ ᠨᠢ ᠤᠯᠠᠮ ᠨᠠᠷᠢᠨ;58.ᠬᠠᠮᠠᠷ ᠨᠢ ᠥᠨᠳᠥᠷ;59.ᠬᠠᠮᠠᠷ ᠨᠢ ᠴᠡᠪᠡᠷ;60.ᠮᠠᠰᠢᠳᠠ ᠠᠷᠢᠯᠤᠭᠰᠠᠨ ᠮᠡᠯᠮᠡᠢᠲᠦ;61. ᠠᠭᠤᠤ ᠮᠡᠯᠮᠡᠢᠲᠦ;62.ᠰᠣᠷᠮᠤᠤᠰᠤ ᠨᠢ ᠨᠢᠭ᠍ᠳᠡ;63. ᠮᠡᠯᠮᠡᠢ ᠶ᠋ᠢᠨ ᠬᠠᠷ᠎ᠠ ᠴᠠᠭᠠᠨ ᠨᠢ ᠢᠯᠭᠠᠷᠠᠭᠰᠠᠨ᠂ ᠯᠢᠩᠬᠤ᠎ᠠ ᠶ᠋ᠢᠨ ᠪᠦᠬᠦᠯᠢ ᠨᠠᠪᠴᠢ ᠮᠡᠲᠦ;64. ᠬᠥᠮᠥᠰᠬᠡ ᠨᠢ ᠤᠷᠲᠤᠯᠢᠭ;65. ᠬᠥᠮᠥᠰᠬᠡ ᠨᠢ ᠵᠥᠭᠡᠯᠡᠨ;66. ᠬᠥᠮᠦᠰᠬᠡᠨ ᠦ᠌ ᠦᠰᠨᠢᠷ ᠨᠢ ᠰᠠᠴᠠᠭᠤ;67. ᠬᠥᠮᠥᠰᠬᠡ ᠨᠢ ᠭᠢᠯᠦᠭᠡᠷ;68.ᠰᠣᠨᠣᠷ ᠤ᠋ᠨ ᠤᠨᠵᠢᠯᠭ᠎ᠠ( ᠴᠢᠬᠢᠨ ᠦ᠌ ᠭᠡᠳᠡᠰᠦ )ᠨᠢ ᠵᠤᠵᠠᠭᠠᠨ ᠪᠥᠭᠡᠳ ᠤᠷᠲᠤᠯᠢᠭ;69. ᠰᠣᠨᠣᠷ( ᠴᠢᠬᠢ) ᠨᠢ ᠲᠡᠭᠰᠢ ᠰᠠᠴᠠᠭᠤ;70. ᠰᠣᠨᠣᠷ ᠤ᠋ᠨ ᠡᠷᠬᠡᠲᠡᠨ ᠨᠢ ᠡᠰᠡ ᠳᠣᠷᠣᠢᠲᠠᠭᠰᠠᠨ;71. ᠮᠠᠩᠯᠠᠢ (ᠮᠠᠩᠨᠠᠢ) ᠨᠢ ᠰᠠᠢᠲᠤᠷ ᠢᠯᠭᠠᠷᠠᠭᠰᠠᠨ;72.ᠮᠠᠩᠯᠠᠢ (ᠮᠠᠩᠨᠠᠢ) ᠶ᠋ᠢᠨ ᠢᠷᠠᠯᠭ᠎ᠠ ᠶᠡᠬᠡ;73. ᠲᠡᠷᠢᠭᠦᠨ ᠨᠢ ᠮᠠᠰᠢ ᠳᠡᠯᠭᠡᠷᠡᠩᠭᠦᠢ;74. ᠲᠡᠷᠢᠭᠦᠨ ᠦ᠌ ᠦᠰᠨᠢᠷ ᠨᠢ ᠷᠠᠰᠢᠶᠠᠷ ᠴᠢᠯᠠᠭᠤ ᠮᠡᠲᠦ ᠬᠠᠷ᠎ᠠ;75. ᠲᠡᠷᠢᠭᠦᠨ ᠦ᠌ ᠦᠰᠨᠢᠷ ᠨᠢ ᠨᠢᠭ᠍ᠳᠡ;76. ᠲᠡᠷᠢᠭᠦᠨ ᠦ᠌ ᠦᠰᠨᠢᠷ ᠨᠢ ᠵᠥᠭᠡᠯᠡᠨ;77. ᠲᠡᠷᠢᠭᠦᠨ ᠦ᠌ ᠦᠰᠨᠢᠷ ᠨᠢ ᠡᠰᠡ ᠰᠢᠷᠠᠯᠳᠤᠭᠰᠠᠨ;78. ᠲᠡᠷᠢᠭᠦᠨ ᠦ᠌ ᠦᠰᠨᠢᠷ ᠨᠢ ᠰᠢᠷᠦᠭᠦᠨ ᠦᠭᠡᠢ;79. ᠲᠡᠷᠢᠭᠦᠨ ᠦ᠌ ᠦᠰᠨᠢᠷ ᠨᠢ ᠰᠠᠢᠨ ᠦᠨᠦᠷᠲᠦ;80. ᠮᠣᠳᠣᠷ ᠬᠢᠭᠡᠳ ᠪᠣᠢᠪᠢ ᠳ᠋ᠠᠭᠠᠨ ᠴᠣᠭ ᠤ᠋ᠨ ᠵᠢᠷᠤᠬᠠᠢ ᠪᠠ ᠥᠯᠵᠡᠢ ᠪᠣᠯᠤᠨ ᠬᠠᠰ ᠤ᠋ᠨ ᠡᠷᠭᠢᠭᠦᠯᠭᠡᠲᠦ᠃

ᠪᠤᠷᠬᠠᠨ ᠤ᠋ ᠭᠤᠴᠢᠨ ᠬᠣᠶᠠᠷ ᠯᠠᠭᠱᠠᠨ

1.ᠲᠡᠷᠢᠭᠦᠨ ᠦᠰᠨᠢᠷ( ᠲᠣᠯᠣᠭᠠᠢ ᠶ᠋ᠢᠨ ᠦᠰᠦ) ᠯᠦ᠍ᠭᠡ ᠲᠡᠭᠦᠯᠳᠡᠷ( ᠡᠭᠡᠯ ᠪᠣᠳᠠᠭᠠᠯᠢ ᠠ᠋ᠴᠠ ᠳᠥᠷᠪᠡᠨ ᠬᠤᠷᠤᠭᠤ ᠦᠯᠡᠮᠵᠢ); 2.ᠲᠡᠷᠢᠭᠦᠨ ᠦ᠌ ᠦᠰᠨᠢᠷ ᠨᠢ ᠨᠠᠷᠠᠨ ᠵᠥᠪ ᠡᠷᠭᠢᠭᠰᠡᠨ; 3. ᠰᠠᠩ ᠤ᠋ᠨ ᠦᠰᠨᠢᠷ ᠨᠢ ᠬᠥᠮᠥᠰᠬᠡ ᠶ᠋ᠢᠨ ᠵᠠᠪᠰᠠᠷ᠎ᠠ ᠵᠥᠪ ᠡᠷᠭᠢᠭᠰᠡᠨ ᠪᠥᠭᠡᠳ ᠨᠠᠷᠠᠨ ᠰᠠᠷᠠᠨ ᠠ᠋ᠴᠠ ᠦᠯᠡᠮᠵᠢ ᠭᠡᠷᠡᠯ ᠯᠦ᠍ᠭᠡ ᠲᠡᠭᠦᠰ᠂ ᠴᠠᠢᠪᠤᠷ ᠵᠥᠭᠡᠯᠡᠨ; 4. ᠮᠡᠯᠮᠡᠢ ᠨᠢ ᠬᠥᠬᠡᠮᠳᠦᠭ ᠡᠷᠳᠡᠨᠢ ᠮᠡᠲᠦ; 5. ᠰᠣᠷᠮᠤᠤᠰᠤ ᠨᠢ ᠰᠦᠷᠦᠭ ᠦ᠋ᠨ ᠮᠠᠩᠯᠠᠢ ᠶ᠋ᠢᠨ ᠬᠢ( ᠵᠠᠭᠠᠨ ᠤ᠋ ᠬᠢ) ᠮᠡᠲᠦ ᠳᠡᠭᠡᠳᠦ ᠳᠣᠣᠷᠠᠲᠤ ᠨᠢ ᠦᠯᠦ ᠨᠡᠢᠯᠡᠯᠳᠦᠬᠦ; 6. ᠳᠥᠴᠢᠨ ᠴᠠᠬᠢᠭᠤᠷ( ᠰᠢᠳᠦ) ᠲᠡᠭᠦᠰ ᠪᠥᠭᠡᠳ ᠳᠡᠭᠡᠷ᠎ᠡ ᠳᠣᠣᠷ᠎ᠠ ᠲᠡᠭᠰᠢ ᠬᠣᠷᠢ ;7. ᠴᠠᠬᠢᠭᠤᠷ ᠨᠢ ᠲᠡᠭᠰᠢ ;8. ᠴᠠᠬᠢᠭᠤᠷ ᠨᠢ ᠵᠠᠪᠰᠠᠷ ᠦᠭᠡᠢ ᠨᠢᠭ᠍ᠳᠡ ᠰᠠᠢᠨ ;9. ᠴᠠᠬᠢᠭᠤᠷ ᠨᠢ ᠮᠠᠰᠢ ᠴᠠᠭᠠᠨ ;10. ᠮᠠᠭᠤ ᠠᠮᠲᠠ ᠴᠤ᠌ ᠡᠷᠬᠢᠮ ᠠᠮᠲᠠᠲᠤ ;11. ᠵᠠᠵᠠᠭᠤᠷ( ᠬᠠᠴᠠᠷ) ᠨᠢ ᠠᠷᠰᠯᠠᠨ ᠤ᠋ ᠬᠢ ᠮᠡᠲᠦ ᠲᠣᠯᠢ ᠰᠢᠭ᠋ ᠲᠥᠭᠥᠷᠢᠭ ᠳᠡᠯᠭᠡᠷ;12. ᠬᠡᠯᠡᠨ ᠦ᠌ ᠨᠢᠮᠭᠡᠨ ᠤᠷᠲᠤ ᠨᠢ ᠢᠭᠤᠷ ᠤ᠋ᠨ ᠬᠣᠲᠠ ᠮᠠᠨᠳᠤᠯ ᠢ᠋ ᠪᠦᠷᠬᠦᠬᠦ;13. ᠵᠠᠷᠯᠢᠭ ᠨᠢ ᠡᠰᠡᠷᠸ᠎ᠠ ᠶ᠋ᠢᠨ ᠡᠭᠡᠰᠢᠭ ᠮᠡᠲᠦ ᠣᠢᠷ᠎ᠠ ᠲᠤᠯᠠ ᠪᠦᠬᠦᠨ᠎ᠡ ᠲᠡᠭᠰᠢ ᠲᠣᠳᠣ;14. ᠴᠠᠷᠪᠠᠭᠤ ᠶ᠋ᠢᠨ ᠲᠡᠷᠢᠭᠦᠨ ᠨᠢ ᠬᠦᠵᠦᠭᠦᠦ ᠯᠦ᠍ᠭᠡ ᠪᠠᠷᠢᠯᠳᠤᠭᠰᠠᠨ ᠮᠠᠰᠢ ᠮᠥᠬᠥᠷᠢᠭ( ᠲᠥᠭᠥᠷᠢᠭ);15. ᠬᠣᠶᠠᠷ ᠮᠣᠳᠣᠷ ᠤ᠋ᠨ ᠠᠷᠤ ᠲᠠᠯ᠎ᠠ᠂ ᠬᠣᠶᠠᠷ ᠪᠣᠢᠪᠢ ᠶ᠋ᠢᠨ ᠥᠯᠮᠡᠢ᠂ ᠬᠣᠶᠠᠷ ᠮᠥᠷᠥ᠂ ᠰᠢᠯᠢ ᠡᠳᠡᠭᠡᠷ ᠳᠣᠯᠣᠭ᠎ᠠ ᠨᠢ ᠳᠣᠪᠣᠭᠣᠷ;16. ᠡᠭᠡᠮ ᠮᠥᠷᠥ ᠨᠢ ᠳᠡᠯᠭᠡᠷ;17. ᠠᠷᠠᠰᠤ ᠨᠢ ᠨᠢᠮᠭᠡᠨ ᠪᠥᠭᠡᠳ ᠠᠯᠲᠠᠨ ᠥᠩᠭᠡᠲᠦ;18. ᠪᠣᠰᠤᠭᠰᠠᠭᠠᠷ ᠦᠯᠦ ᠪᠥᠬᠥᠢᠬᠦ ᠠᠯᠳᠠᠯ᠎ᠠ ᠮᠣᠳᠣᠷ ᠨᠢ ᠡᠪᠦᠳᠦᠭ ᠲᠡᠭᠡᠨ ᠬᠦᠷᠦᠭᠰᠡᠨ;19. ᠴᠡᠭᠡᠵᠢ ᠨᠢ ᠳᠡᠯᠭᠡᠷ ᠠᠭᠤᠤ ᠠᠷᠰᠯᠠᠨ ᠮᠡᠲᠦ;20. ᠯᠠᠭᠱᠠᠨ ᠨᠢ ᠨᠢᠭᠷᠤᠳᠠᠬᠤ ᠮᠣᠳᠣ ᠮᠡᠲᠦ ᠡᠩ ᠲᠤᠷᠤᠭ ᠰᠠᠴᠠᠭᠤ;21. ᠦᠰᠦ ᠨᠢ ᠨᠢᠵᠡᠭᠡᠳᠴᠢᠯᠡᠨ ᠣᠷᠭᠣᠭᠠᠳ᠂ ᠵᠥᠪ ᠡᠷᠭᠢᠭᠰᠡᠨ;22. ᠰᠢᠷ᠎ᠠ ᠦᠰᠦ ᠨᠢ ᠨᠢᠵᠡᠭᠡᠳᠴᠢᠯᠡᠨ ᠳᠡᠭᠡᠭᠰᠢᠳᠡ ᠬᠠᠨᠳᠤᠭᠰᠠᠨ;23. ᠨᠢᠭᠤᠴᠠ ᠶ᠋ᠢᠨ ᠣᠷᠣᠨ ᠨᠢ ᠲᠤᠳᠦᠭ᠍ᠰᠢ ᠰᠢᠩᠭᠡᠭᠰᠡᠨ ᠨᠢ ᠵᠠᠭᠠᠨ ᠡᠷᠳᠡᠨᠢ ᠮᠡᠲᠦ; 24. ᠭᠤᠶ᠎ᠠ ᠨᠢ ᠰᠠᠢᠬᠠᠨ ᠮᠥᠬᠥᠷᠢᠭ( ᠪᠥᠭᠡᠷᠡᠩᠬᠡᠢ) ; 25. ᠡᠪᠦᠳᠦᠭ ᠦ᠋ᠨ ᠲᠣᠢᠭ ᠨᠢ ᠦᠯᠦ ᠳᠣᠪᠣᠢᠭᠰᠠᠨ; 26. ᠮᠣᠳᠣᠷ ᠬᠢᠭᠡᠳ ᠪᠣᠢᠪᠢ ᠶ᠋ᠢᠨ ᠳᠤᠯᠢᠶ᠎ᠠ ᠨᠢ ᠵᠥᠭᠡᠯᠡᠨ᠂ ᠵᠠᠯᠠᠭᠤ ᠮᠢᠷᠠᠳᠤ ; 27. ᠮᠣᠳᠣᠷ ᠬᠢᠭᠡᠳ ᠪᠣᠢᠪᠢ ᠶ᠋ᠢᠨ ᠬᠤᠷᠤᠭᠤᠳ ᠨᠢ ᠭᠠᠯᠠᠭᠤᠨ ᠤ᠋ ᠬᠠᠭᠠᠨ ᠮᠡᠲᠦ ᠶᠡᠬᠡ ᠡᠷᠳᠡᠨᠢ ᠶ᠋ᠢᠨ ᠲᠣᠣᠷ ᠢ᠋ᠶ᠋ᠠᠷ ᠬᠣᠯᠪᠣᠯᠳᠤᠭᠰᠠᠨ; 28. ᠮᠣᠳᠣᠷ ᠬᠢᠭᠡᠳ ᠪᠣᠢᠪᠢ ᠶ᠋ᠢᠨ ᠲᠤᠯᠢᠶ᠎ᠠ ᠳ᠋ᠠᠭᠠᠨ ᠬᠦᠷᠳᠦᠨ ᠦ᠌ ᠪᠡᠯᠭᠡ ᠯᠦ᠍ᠭᠡ ᠲᠡᠭᠦᠯᠳᠡᠷ; 29. ᠬᠤᠷᠤᠭᠤᠳ ᠨᠢ ᠤᠷᠲᠤ; 30. ᠪᠣᠢᠪᠢ ᠪᠠᠲᠤᠳᠠ ᠣᠷᠣᠰᠢᠭᠰᠠᠨ ᠨᠢ ᠶᠠᠰᠤᠲᠤ ᠮᠡᠯᠡᠬᠡᠢ ᠮᠡᠲᠦ; 31. ᠪᠣᠢᠪᠢ ᠶ᠋ᠢᠨ ᠥᠰᠥᠭᠡᠢ ᠨᠢ ᠪᠣᠢᠪᠢ ᠶ᠋ᠢᠨ ᠲᠤᠯᠢᠶ᠎ᠠ ᠶ᠋ᠢᠨ ᠳᠥᠷᠪᠡ ᠶ᠋ᠢᠨ ᠨᠢᠭᠡ ᠡᠴᠡ ᠬᠡᠲᠦᠷᠡᠭᠰᠡᠨ; 32. ᠪᠣᠢᠪᠢ ᠶ᠋ᠢᠨ ᠰᠢᠯᠪᠢ ᠪᠤᠯᠴᠢᠩ ᠨᠢ ᠡᠨᠡᠶᠠ( ᠪᠣᠳᠢ ᠭᠥᠷᠥᠭᠡᠰᠦ )ᠭᠥᠷᠦᠭᠡᠰᠦᠨ ᠦ᠌ ᠬᠢ ᠮᠡᠲᠦ ᠣᠭᠣᠭᠠᠲᠠ ᠲᠡᠭᠰᠢ ᠳᠡᠯᠭᠡᠷ᠃

ᠪᠤᠷᠬᠠᠨ ᠤ᠋ ᠵᠠᠷᠯᠢᠭ ᠤ᠋ᠨ ᠭᠤᠷᠪᠠ ᠬᠤᠷᠢᠶᠠᠭᠰᠠᠨ

ᠪᠤᠷᠬᠠᠨ ᠪᠡᠭ᠍ᠰᠢ ᠨᠢᠷᠸᠠᠨ ᠳᠦᠷᠢ ᠦᠵᠡᠭᠦᠯᠦᠭᠰᠡᠨ ᠲᠡᠷᠡ ᠵᠤᠨ ᠷᠡᠽᠡᠭ᠌ᠷᠢᠬ᠎ᠠ ᠳ᠋ᠤ᠌ ᠪᠤᠷᠬᠠᠨ ᠤ᠋ ᠨᠣᠮ ᠢ᠋ ᠠᠩᠬ᠎ᠠ ᠤᠳᠠᠭ᠎ᠠ ᠬᠤᠷᠢᠶᠠᠭᠰᠠᠨ ᠪᠠᠢᠨ᠎ᠠ᠃ ᠡᠭᠦᠨ ᠳ᠋ᠦ᠍ ᠠᠵᠠᠳᠠᠱᠠᠳᠤᠷᠤ ᠬᠠᠭᠠᠨ ᠥᠭᠯᠢᠭᠡ ᠶ᠋ᠢᠨ ᠡᠵᠡᠨ ᠪᠣᠯᠤᠨ ᠲᠡᠳᠬᠦᠵᠡᠢ᠃ ᠪᠤᠷᠬᠠᠨ ᠪᠡᠭ᠍ᠰᠢ ᠶ᠋ᠢᠨ ᠬᠠᠮᠤᠭ ᠵᠠᠷᠯᠢᠭ ᠢ᠋ ᠠᠨᠠᠨᠳᠠ᠂ ᠢᠯᠡᠳᠲᠡ ᠣᠨᠣᠭᠴᠢ ᠶ᠋ᠢᠨ ᠬᠠᠮᠤᠭ ᠨᠣᠮ ᠢ᠋ ᠤᠪᠡᠯᠢ ᠨᠠᠷ ᠲᠤᠰ ᠲᠤᠰ ᠴᠡᠭᠡᠵᠢ ᠪᠡᠷ ᠤᠩᠰᠢᠨ᠃ ᠭᠤᠷᠪᠠᠨ ᠰᠠᠪᠠ ᠠᠢᠮᠠᠭ ᠤ᠋ᠨ ᠨᠣᠮ ᠢ᠋ ᠬᠤᠷᠢᠶᠠᠵᠠᠢ᠃
ᠨᠣᠮ ᠤ᠋ᠨ ᠬᠣᠶᠠᠳᠠᠬᠢ ᠬᠤᠷᠢᠶᠠᠭᠰᠠᠨ ᠨᠢ: ᠪᠤᠷᠬᠠᠨ ᠪᠡᠭ᠍ᠰᠢ ᠨᠢᠷᠸᠠᠨ ᠳᠦᠷᠢ ᠦᠵᠡᠭᠦᠯᠦᠭᠰᠡᠨ ᠡᠴᠡ ᠬᠣᠢᠰᠢ110 ᠵᠢᠯ ᠦ᠋ᠨ ᠬᠣᠢᠨ᠎ᠠ ᠸᠡᠢᠰᠢᠯᠢ ᠪᠠᠯᠭᠠᠰᠤᠨ᠎ᠠ ᠪᠣᠯᠤᠭᠰᠠᠨ ᠪᠠ ᠠᠱᠣᠺᠠ ᠬᠠᠭᠠᠨ ᠥᠭᠯᠢᠭᠡ ᠶ᠋ᠢᠨ ᠡᠵᠡᠨ ᠪᠣᠯᠵᠠᠢ᠃ ᠡᠨᠡ ᠦᠶ᠎ᠡ ᠳ᠋ᠦ᠍ ᠮᠠᠭᠠᠳᠠ ᠬᠣᠲᠠ ᠠ᠋ᠴᠠ ᠢᠷᠡᠭᠰᠡᠨ ᠵᠠᠷᠢᠮ ᠯᠠᠮ᠎ᠠ ᠨᠠᠷ ᠰᠠᠬᠢᠯ ᠰᠠᠨᠸᠠᠷ ᠢ᠋ᠶ᠋ᠠᠨ ᠡᠪᠳᠡᠭᠰᠡᠨ ᠦ᠌ ᠤᠴᠢᠷ ᠬᠥᠭᠡᠭᠡᠭᠳᠡᠨ ᠶᠠᠪᠤᠵᠤ᠂ ᠮᠥᠨ ᠦᠶ᠎ᠡ ᠡᠴᠡ ᠰᠦᠮ᠎ᠡ ᠬᠡᠢᠳ ᠦ᠋ᠨ ᠲᠢᠭ ᠵᠢᠷᠤᠮ ᠢ᠋ ᠰᠢᠨᠡᠴᠢᠯᠡᠨ ᠪᠣᠯᠪᠠᠰᠤᠷᠠᠭᠤᠯᠵᠠᠢ᠃
ᠭᠤᠷᠪᠠᠳᠠᠬᠢ ᠬᠤᠷᠢᠶᠠᠭᠰᠠᠨ ᠨᠢ: ᠭᠠᠨᠢᠱᠠᠭ᠎ᠠ ᠬᠠᠭᠠᠨ ᠤ᠋ ᠦᠶ᠎ᠡ ᠳ᠋ᠦ᠍ ᠨᠢᠬᠠᠭᠠᠪᠠ ᠬᠠᠭᠠᠨ ᠥᠭᠯᠢᠭᠡ ᠶ᠋ᠢᠨ ᠡᠵᠡᠨ ᠪᠣᠯᠵᠤ᠂ ᠠᠪᠢᠳᠠᠷᠮ᠎ᠠ ᠬᠢᠭᠡᠳ ᠰᠤᠳᠤᠷ ᠤ᠋ᠨ ᠠᠢᠮᠠᠭ ᠤ᠋ᠨ ᠨᠣᠮ ᠳ᠋ᠤ᠌ ᠭᠠᠷᠤᠭ᠎ᠠ ᠦᠭᠡᠢ ᠬᠡᠰᠡᠭ ᠢ᠋ ᠬᠤᠷᠢᠶᠠᠭᠰᠠᠨ ᠪᠠᠢᠨ᠎ᠠ᠃

ᠪᠤᠷᠬᠠᠨ ᠱᠠᠰᠢᠨ ᠤ᠋ ᠨᠣᠮᠯᠠᠯ

ᠭᠤᠷᠪᠠᠨ ᠤᠬᠠᠭᠠᠨ᠂ ᠳᠥᠷᠪᠡᠨ ᠦᠨᠡᠨ᠂ ᠨᠠᠢ᠍ᠮᠠᠨ ᠲᠥᠪ ᠵᠠᠮ᠂ ᠭᠤᠷᠪᠠᠨ ᠨᠣᠮ ᠤ᠋ᠨ ᠰᠢᠨᠵᠢ᠂ ᠭᠤᠷᠪᠠᠨ 
ᠰᠤᠷᠭᠠᠯ᠂ ᠠᠷᠪᠠᠨ ᠬᠣᠶᠠᠷ ᠰᠢᠲᠦᠨ ᠪᠠᠷᠢᠯᠳᠤᠯᠭ᠎ᠠ᠂ ᠰᠢᠯᠲᠠᠭᠠᠨ ᠦᠷ᠎ᠡ᠂ ᠬᠣᠭᠣᠰᠣᠨ ᠴᠢᠨᠠᠷ᠂ 
ᠣᠷᠴᠢᠯᠲᠠ᠂ ᠶᠢᠷᠲᠢᠨᠴᠦ ᠶ᠋ᠢᠨ ᠦᠵᠡᠯ ᠵᠡᠷᠭᠡ᠃
                              
                     ᠨᠠᠩᠰᠠᠯᠮ᠎ᠠ ᠶᠢᠨ« ᠪᠢᠯᠢᠭ ᠤᠨ ᠮᠥᠷ ᠤᠨ ᠲᠤᠯᠢᠳᠬᠠᠯ»» ᠡᠴᠡ