ᠭᠤᠴᠢᠳᠤᠭᠠᠷ ᠵᠠᠭᠤᠨ ᠳᠤ ᠠᠮᠢᠳᠤᠷᠠᠬᠤ ᠥᠬᠢᠨ ᠳᠦ ᠢᠯᠡᠭᠡᠬᠦ ᠰᠢᠯᠦᠭ - ᠸᠠᠴᠢᠷᠪᠠᠲᠤ ᠶ᠋ᠢᠨ ᠳᠠᠰᠢᠪᠠᠯᠪᠠᠷ Гучдугаар зуунд амьдрах охинд илгээх шүлэг - Очирбатын Дашбалбар
ᠠᠷᠪᠠᠨ ᠵᠠᠭᠤᠨ ᠪᠢᠳᠡᠨ ᠢ᠋ ᠲᠤᠰᠠᠭᠠᠷᠯᠠᠵᠤ
ᠠᠯᠲᠠᠢ ᠶ᠋ᠢᠨ ᠨᠢᠷᠤᠭᠤ ᠰᠢᠭ᠋ ᠬᠥᠨᠳᠡᠯᠢᠳᠦᠨᠡ
ᠣᠳᠣᠳ ᠤ᠋ᠨ ᠲᠤᠶᠠᠭᠠᠨ ᠳ᠋ᠤ᠌ ᠪᠢ ᠴᠢᠮᠠᠶ᠋ᠢ ᠲᠥᠰᠦᠭᠡᠯᠡᠵᠦ
ᠣᠨ ᠵᠢᠯ ᠦ᠋ᠨ ᠡᠨᠡ ᠡᠷᠭᠢ ᠡᠴᠡ ᠰᠢᠯᠦᠭ ᠢ᠋ᠶ᠋ᠡᠨ ᠢᠯᠡᠭᠡᠨ᠎ᠡ
ᠴᠢᠨᠦ ᠢᠷᠡᠬᠦ ᠡᠷᠭᠢ ᠳ᠋ᠦ᠍ ᠪᠣᠳᠣᠯ ᠮᠢᠨᠢ ᠬᠦᠷᠬᠦ ᠳ᠋ᠦ᠍
ᠴᠢᠭᠢᠭᠲᠦ ᠦᠳᠡᠰᠢ ᠶ᠋ᠢᠨ ᠠᠭᠠᠷ ᠲᠤ᠌ ᠪᠢ ᠠᠭᠤᠰᠤᠨ᠎ᠠ
ᠣᠷᠣᠰᠢᠨ ᠪᠣᠢ ᠬᠣᠭᠣᠰᠣᠨ ᠵᠠᠢ ᠳ᠋ᠤ᠌ ᠴᠢᠨᠢ ᠨᠠᠮᠠᠶ᠋ᠢ ᠰᠢᠯᠵᠢᠬᠦ ᠳ᠋ᠦ᠍
ᠣᠷᠣᠨ ᠳ᠋ᠤ᠌ ᠮᠢᠨᠢ ᠢᠷᠡᠬᠦ ᠴᠢ ᠮᠢᠨᠦ ᠲᠤᠬᠠᠢ ᠲᠥᠰᠦᠭᠡᠯᠡᠯ ᠮᠡᠳᠬᠡᠨᠡ
ᠭᠤᠳᠤᠮᠵᠢ ᠪᠠᠢᠰᠢᠩ ᠢ᠋ ᠴᠢᠨᠢ ᠪᠢ ᠮᠡᠳᠡᠬᠦ ᠦᠭᠡᠢ
ᠭᠤᠴᠢᠳᠤᠭᠠᠷ ᠵᠠᠭᠤᠨ ᠭᠡᠵᠦ ᠬᠠᠶᠢᠭᠯᠠᠨᠠ
ᠶᠠᠮᠠᠷ ᠴᠤ᠌ ᠤᠨᠤᠭ᠎ᠠ ᠡᠨᠳᠡ ᠡᠴᠡ ᠵᠦᠭᠯᠡᠬᠦ ᠦᠭᠡᠢ ᠠᠯᠤᠰ ᠲᠤ᠌
ᠢᠷᠠᠭᠤ ᠨᠠᠢᠷᠠᠭ ᠢ᠋ᠶ᠋ᠠᠷ ᠳᠠᠮᠵᠢᠨ ᠪᠢ ᠣᠴᠢᠨ᠎ᠠ
ᠣᠳᠣᠳ ᠭᠡᠢᠭᠰᠡᠨ ᠦᠳᠡᠰᠢ ᠴᠣᠩᠬᠣᠨ ᠤ᠋ ᠴᠠᠭᠠᠨ᠎ᠠ ᠰᠠᠭᠤᠬᠤ ᠳ᠋ᠤ᠌ ᠴᠢᠨᠢ
ᠣᠨ ᠵᠢᠯ ᠢ᠋ ᠲᠤᠭᠤᠯᠤᠭᠰᠠᠨ ᠮᠢᠨᠦ ᠠᠯᠬᠤᠭ᠎ᠠ ᠰᠣᠨᠣᠰᠳᠠᠨ᠎ᠠ
ᠴᠣᠩᠬᠣᠨ ᠤ᠋ ᠴᠢᠨᠢ ᠬᠥᠰᠢᠭᠡ ᠱᠠᠵᠢᠭᠢᠨᠠᠨ ᠪᠢ ᠣᠷᠣᠵᠤ ᠣᠴᠢᠨ᠎ᠠ
ᠰᠣᠴᠢᠬᠤ ᠳ᠋ᠠᠭᠠᠨ ᠴᠢ ᠰᠢᠯᠦᠭ ᠦ᠋ᠨ ᠮᠢᠨᠢ ᠲᠡᠭᠦᠪᠦᠷᠢ ᠶ᠋ᠢ ᠭᠠᠷ ᠠ᠋ᠴᠠ ᠪᠠᠨ ᠠᠯᠳᠠᠨ᠎ᠠ
ᠦᠯᠦ ᠦᠵᠡᠭᠳᠡᠬᠦ ᠮᠢᠨᠦ ᠨᠠᠮᠤᠭᠤᠬᠠᠨ ᠳᠠᠭᠤ ᠶ᠋ᠢ ᠰᠣᠨᠣᠰᠬᠤ ᠳ᠋ᠠᠭᠠᠨ
ᠦᠯᠡᠮᠵᠢ ᠭᠤᠸ᠎ᠠ ᠥᠬᠢᠨ ᠴᠢ ᠠᠶᠤᠬᠤ ᠬᠡᠷᠡᠭ ᠦᠭᠡᠢ ᠶ᠋ᠢ ᠤᠬᠠᠭᠠᠷᠠᠨ᠎ᠠ
ᠪᠤᠭᠤᠷᠤᠯ ᠬᠣᠷᠸ᠎ᠠ ᠳ᠋ᠤ᠌ ᠮᠢᠩᠭᠠᠨ ᠵᠢᠯ ᠦ᠋ᠨ ᠡᠮᠦᠨ᠎ᠡ ᠠᠮᠢᠳᠤᠷᠠᠭᠠᠳ
ᠪᠤᠴᠠᠭᠠᠳ ᠶᠠᠪᠤᠴᠢᠬᠠᠭᠰᠠᠨ ᠨᠠᠢᠷᠠᠭᠴᠢ ᠡᠷᠭᠢᠵᠦ ᠢᠷᠡᠭᠰᠡᠨ ᠢ᠋ ᠣᠢᠯᠠᠭᠠᠨ᠎ᠠ᠃
