ᠴᠢᠮ᠎ᠠ ᠳ᠋ᠤ᠌ ᠪᠠᠨ ᠤᠩᠰᠢᠬᠤ ᠰᠢᠯᠦᠭ - ᠱᠠᠷᠠᠢᠳ· ᠭᠡᠷᠡᠯЧамдаа унших шүлэг-Шарайд· Гэрэл ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠳ᠋ᠤ᠌ ᠪᠠᠨ ᠤᠩᠰᠢᠬᠤ ᠰᠢᠯᠦᠭ - ᠱᠠᠷᠠᠢᠳ· ᠭᠡᠷᠡᠯЧамдаа унших шүлэг-Шарайд· Гэрэл

ᠴᠢᠮ᠎ᠠ ᠳ᠋ᠤ᠌ ᠪᠠᠨ ᠤᠩᠰᠢᠬᠤ ᠰᠢᠯᠦᠭ - ᠱᠠᠷᠠᠢᠳ· ᠭᠡᠷᠡᠯЧамдаа унших шүлэг-Шарайд· Гэрэл

2025-02-17

676

ᠴᠢᠮ᠎ᠠ ᠳ᠋ᠤ᠌ ᠪᠠᠨ ᠤᠩᠰᠢᠬᠤ ᠰᠢᠯᠦᠭ

       ᠵᠣᠬᠢᠶᠠᠭᠴᠢ᠄ ᠱᠠᠷᠠᠢᠳ· ᠭᠡᠷᠡᠯ 
       ᠤᠶᠠᠩᠭᠠᠯᠠᠭᠴᠢ᠄ ᠤᠷᠠᠯᠢᠭ 
  ᠲᠡᠷᠭᠡᠯ ᠰᠠᠷᠠᠨ ᠴᠢᠷᠠᠢ ᠶ᠋ᠢ ᠴᠢᠨᠢ 
  ᠢᠨᠢᠶᠡᠳᠦ ᠪᠠᠶᠠᠷ ᠢ᠋ᠶ᠋ᠠᠷ ᠪᠠᠶᠠᠰᠬᠠᠵᠤ 
  ᠴᠡᠴᠡᠭᠡᠨ ᠰᠠᠢᠬᠠᠨ ᠪᠡᠶ᠎ᠡ ᠶ᠋ᠢ ᠴᠢᠨᠢ 
  ᠠᠷᠴᠠ ᠶ᠋ᠢᠨ ᠦᠨᠦᠷ ᠢ᠋ᠶ᠋ᠡᠷ ᠷᠠᠰᠢᠶᠠᠯᠠᠵᠤ 
  ᠴᠢᠨᠦ ᠲᠥᠯᠥᠭᠡ ᠨᠡᠭᠦᠭᠰᠡᠨ ᠰᠡᠳᠬᠢᠯ ᠢ᠋ᠶ᠋ᠡᠨ ᠬᠠᠢᠷ᠎ᠠ ᠪᠠᠷ ᠤᠶᠠᠷᠠᠭᠠᠵᠤ 
  ᠴᠢᠨᠦ ᠲᠤᠬᠠᠢ ᠬᠡᠯᠬᠢᠭᠰᠡᠨ ᠨᠠᠢᠷᠠᠭ ᠢ᠋ᠶ᠋ᠠᠨ ᠳᠤᠷᠠᠯᠠᠯ ᠢ᠋ᠶ᠋ᠠᠷ ᠠᠮᠢᠯᠠᠭᠤᠯᠵᠤ 
  ᠲᠣᠷᠮᠣᠭᠣᠷ ᠠᠯᠠᠭ ᠨᠢᠳᠦᠨ ᠳ᠋ᠦ᠍ ᠨᠢ ᠨᠢᠯᠪᠤᠰᠤ ᠬᠦᠷᠭᠡᠬᠦ ᠦᠭᠡᠢ 
  ᠲᠣᠭ᠎ᠠ ᠲᠠᠢ ᠨᠠᠰᠤᠨ ᠤ᠋ ᠵᠠᠶᠠᠭᠠᠨ ᠳ᠋ᠤ᠌ ᠴᠢᠨᠢ ᠬᠦ ᠬᠦᠷᠭᠡᠬᠦ ᠦᠭᠡᠢ
  ᠳᠣᠭᠳᠣᠯᠬᠤ ᠬᠦᠷᠡᠩ ᠵᠢᠷᠦᠬᠡᠨ ᠳ᠋ᠦ᠍ ᠨᠢ ᠰᠡᠪ ᠬᠦᠷᠭᠡᠬᠦ ᠦᠭᠡᠢ
  ᠲᠤᠤᠯᠠ ᠶ᠋ᠢᠨ ᠤᠰᠤᠨ ᠴᠣᠭᠴᠠᠰ ᠲᠤ᠌ ᠴᠢᠨᠢ ᠰᠡᠪ ᠬᠦᠷᠭᠡᠬᠦ ᠦᠭᠡᠢ
  ᠴᠢᠮ᠎ᠠ ᠲᠠᠢ ᠤᠭᠲᠤᠭᠰᠠᠨ ᠪᠣᠯᠵᠣᠭ᠎ᠠ ᠪᠦᠬᠦᠨ ᠢ᠋ ᠨᠠᠨᠳᠢᠩᠨᠠᠵᠤ
  ᠴᠢᠮ᠎ᠠ ᠲᠠᠢ ᠲᠤᠭᠤᠯᠤᠭᠰᠠᠨ ᠤᠴᠠᠷᠠᠯ ᠪᠦᠬᠦᠨ ᠢ᠋ ᠡᠷᠬᠢᠮᠯᠡᠵᠦ
  ᠴᠢᠮ᠎ᠠ ᠲᠠᠢ ᠪᠠᠢᠭᠰᠠᠨ ᠴᠠᠭ ᠮᠥᠴᠡ ᠪᠦᠬᠦᠨ ᠢ᠋ ᠬᠢᠮᠠᠭᠠᠳᠠᠵᠤ
  ᠴᠢᠮ᠎ᠠ ᠲᠠᠢ ᠲᠠᠨᠢᠯᠴᠠᠭᠰᠠᠨ ᠬᠠᠯᠠᠭᠤᠬᠠᠨ ᠮᠥᠴᠡ ᠪᠡᠨ ᠮᠥᠷᠥᠭᠡᠳᠴᠦ
  ᠨᠠᠳᠠ ᠲᠠᠢ ᠦᠶᠡᠷᠬᠡᠬᠰᠡᠨ ᠠᠷᠢᠭᠤᠨ ᠳᠤᠷᠠᠳᠬᠠᠯ ᠢ᠋ᠶ᠋ᠠᠨ ᠤᠩᠰᠢᠵᠤ
  ᠨᠠᠳᠠ ᠪᠠᠷ ᠪᠠᠶᠠᠷᠬᠠᠳᠠᠭ ᠠᠩᠬᠢᠷᠬᠠᠨ ᠳᠠᠭᠤᠨ ᠳ᠋ᠤ᠌ ᠴᠢᠨᠢ ᠤᠶᠠᠷᠠᠴᠤ
  ᠨᠠᠮ᠎ᠠ ᠶ᠋ᠢ ᠲᠦᠰᠢᠬᠦ ᠡᠮᠵᠡᠭ ᠮᠥᠴᠡ ᠶ᠋ᠢ ᠴᠢᠨᠢ ᠪᠥᠭᠡᠴᠡᠢᠯᠡᠵᠦ
  ᠨᠠᠮ᠎ᠠ ᠶ᠋ᠢ ᠬᠠᠢᠷᠠᠯᠠᠳᠠᠭ ᠡᠩᠬᠦᠷᠡᠢ ᠰᠡᠳᠬᠢᠯ ᠢ᠋ ᠴᠢᠨᠢ ᠡᠪᠦᠷᠯᠡᠵᠦ
  ᠴᠢᠮ᠎ᠠ ᠲᠠᠢ ᠦᠷᠭᠦᠯᠵᠢᠯᠡᠬᠦ ᠢᠷᠡᠭᠡᠳᠦᠢ ᠳ᠋ᠦ᠍ ᠪᠡᠨ ᠲᠡᠮᠡᠦᠯᠦᠨᠡᠮ
  ᠴᠢᠮ᠎ᠠ ᠲᠠᠢ ᠥᠩᠭᠡᠷᠡᠭᠦᠯᠬᠦ ᠠᠮᠢᠳᠤᠷᠠᠯ ᠡᠷᠭᠦᠵᠦ ᠳᠡᠪᠳᠡᠷᠢᠨᠡᠮ
  ᠴᠢᠮ᠎ᠠ ᠲᠠᠢ ᠵᠢᠷᠭᠠᠬᠤ ᠠᠯᠤᠰ ᠤ᠋ᠨ ᠬᠦᠰᠡᠯ ᠲᠥᠰᠥᠭᠡᠯᠡᠨᠡᠮ
  ᠴᠢᠮ᠎ᠠ ᠲᠠᠢ ᠮᠥᠩᠬᠡᠷᠡᠬᠦ ᠠᠷᠢᠭᠤᠨ ᠬᠠᠢᠷ᠎ᠠ ᠪᠠᠷ ᠬᠠᠢᠯᠤᠨᠠᠮ

        ᠦᠰᠦᠭ ᠬᠠᠳᠠᠭᠴᠢ᠄ ᠱᠠᠷᠠᠢᠳ· ᠭᠡᠷᠡᠯ
        ᠦᠰᠦᠭ ᠠᠮᠢᠯᠠᠭᠤᠯᠤᠭᠴᠢ᠄ ᠱᠠᠷᠠᠢᠳ· ᠭᠡᠷᠡᠯ