ᠮᠢᠨᠦ ᠲᠥᠷᠥᠭᠰᠡᠨ ᠦ ᠤᠴᠢᠷ - ᠸᠠᠴᠢᠷᠪᠠᠲᠤ ᠶ᠋ᠢᠨ ᠳᠠᠰᠢᠪᠠᠯᠪᠠᠷ Миний төрсний учир. - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠲᠥᠷᠥᠭᠰᠡᠨ ᠦ ᠤᠴᠢᠷ - ᠸᠠᠴᠢᠷᠪᠠᠲᠤ ᠶ᠋ᠢᠨ ᠳᠠᠰᠢᠪᠠᠯᠪᠠᠷ Миний төрсний учир. - Очирбатын Дашбалбар

ᠮᠢᠨᠦ ᠲᠥᠷᠥᠭᠰᠡᠨ ᠦ ᠤᠴᠢᠷ - ᠸᠠᠴᠢᠷᠪᠠᠲᠤ ᠶ᠋ᠢᠨ ᠳᠠᠰᠢᠪᠠᠯᠪᠠᠷ Миний төрсний учир. - Очирбатын Дашбалбар

2025-02-16

690

ᠮᠢᠨᠦ ᠲᠥᠷᠥᠭᠰᠡᠨ ᠦ ᠤᠴᠢᠷ


 ᠭᠠᠭᠴᠠᠬᠦ ᠰᠠᠢᠨ ᠦᠢᠯᠡᠰ ᠢ᠋ᠶ᠋ᠡᠷ ᠳᠦᠭᠦᠷᠡᠩ ᠠᠮᠢᠳᠤᠷᠠᠬᠤ ᠭᠡᠵᠦ 
 ᠭᠠᠵᠠᠷ ᠳᠡᠭᠡᠷ᠎ᠡ ᠪᠢ ᠵᠣᠴᠢᠨ ᠪᠤᠰᠤ ᠡᠵᠡᠨ ᠨᠢ ᠪᠣᠯᠵᠤ ᠢᠷᠡᠭᠰᠡᠨ ᠶᠦᠮ᠃ 
 ᠭᠤᠨᠢᠭ ᠳᠦᠭᠦᠷᠡᠩ ᠨᠢᠳᠦ ᠲᠡᠢ ᠥᠬᠢᠨ ᠦ᠌ ᠵᠢᠷᠦᠬᠡᠨ ᠳ᠋ᠦ᠍ 
            ᠪᠠᠶᠠᠷ ᠤ᠋ᠨ ᠬᠤᠨᠳᠠᠭ᠎ᠠ ᠴᠠᠯᠬᠢᠭᠠᠬᠤ ᠭᠡᠵᠦ 
 ᠭᠤᠳᠤᠢᠵᠤ ᠦᠵᠡᠭᠡ ᠦᠭᠡᠢ ᠰᠢᠯᠦᠭᠴᠢ ᠶ᠋ᠢᠨ ᠲᠡᠷᠢᠭᠦᠨ ᠢ᠋ 
            ᠲᠡᠷᠡ ᠥᠬᠢᠨ ᠦ᠌ ᠭᠠᠷ ᠢ᠋ᠶ᠋ᠠᠷ ᠢᠯᠪᠢᠭᠦᠯᠬᠦ ᠭᠡᠵᠦ 
 ᠬᠣᠯᠠ ᠶ᠋ᠢᠨ ᠬᠣᠯᠠ ᠳ᠋ᠤ᠌ ᠣᠲᠣᠭᠠᠳ ᠡᠵᠢ ᠪᠡᠨ ᠬᠦᠯᠢᠶᠡᠯᠭᠡᠬᠦ ᠭᠡᠵᠦ 
 ᠬᠣᠩᠭᠣᠷ ᠡᠵᠢ ᠳ᠋ᠡᠭᠡᠨ ᠠᠯᠤᠰ ᠠ᠋ᠴᠠ ᠡᠷᠭᠢᠵᠦ 
            ᠦᠷ᠎ᠡ ᠲᠡᠢ ᠬᠥᠮᠦᠨ ᠦ᠌ ᠵᠢᠷᠭᠠᠯ ᠢ᠋ ᠡᠳ᠋ᠯᠡᠭᠦᠯᠬᠦ ᠭᠡᠵᠦ 
 ᠬᠣᠷᠸ᠎ᠠ ᠳ᠋ᠤ᠌ ᠪᠢ ᠤᠴᠠᠷᠠᠯ ᠭᠤᠨᠢᠭ ᠲᠠᠢ ᠰᠦᠯᠵᠢᠯᠳᠦᠨ ᠶᠠᠪᠤᠭ᠎ᠠ ᠶᠤᠮ 
 ᠬᠣᠨᠣᠭ ᠤ᠋ᠨ ᠣᠯᠠᠨ ᠳ᠋ᠤ᠌ ᠡᠬᠡ ᠣᠷᠣᠨ ᠢ᠋ᠶ᠋ᠠᠨ ᠰᠦᠯᠳᠡᠯᠡᠨ 
 ᠡᠨᠡᠷᠢᠯ ᠬᠠᠢᠷ᠎ᠠ ᠶ᠋ᠢᠨ ᠮᠠᠨᠠᠨ ᠳ᠋ᠤ᠌ ᠲᠥᠭᠡᠷᠢᠵᠦ ᠶᠠᠪᠤᠭ᠎ᠠ ᠶᠤᠮ 
 ᠬᠤᠷᠢᠮ ᠤ᠋ᠨ ᠰᠥᠨᠢ ᠰᠠᠷᠠᠨ ᠤ᠋ ᠭᠡᠷᠡᠯ ᠳ᠋ᠦ᠍ ᠰᠠᠢᠬᠠᠨ ᠥᠬᠢᠳ ᠲᠡᠢ ᠪᠥᠵᠢᠭᠯᠡᠬᠦ ᠭᠡᠵᠦ 
 ᠬᠤᠷᠳᠤᠨ ᠬᠣᠯᠠ ᠶ᠋ᠢᠨ ᠵᠢᠭᠳᠡᠬᠡᠨ ᠲᠦᠪᠡᠷᠭᠡᠨ ᠳ᠋ᠦ᠍ ᠠᠵᠠ ᠵᠢᠷᠭᠠᠯ ᠢ᠋ᠶ᠋ᠠᠨ ᠵᠡᠭᠦᠳᠦᠯᠡᠬᠦ ᠭᠡᠵᠦ 
 ᠠᠷᠢᠬᠢ ᠳᠦᠭᠦᠷᠡᠩ ᠬᠤᠨᠳᠠᠭ᠎ᠠ ᠰᠢᠭ᠋ ᠭᠣᠮᠣᠳᠠᠯ ᠲᠠᠢ ᠵᠢᠷᠦᠬᠡ ᠶ᠋ᠢ ᠠᠮᠠᠷᠠᠭᠠᠬᠤ ᠭᠡᠵᠦ 
 ᠠᠶ᠎ᠠ᠂ ᠲᠡᠷᠡ ᠭᠤᠨᠢᠭ ᠢ᠋ ᠨᠢ ᠤᠤᠭᠤᠭᠠᠳ ᠥᠪᠡᠷ ᠦ᠋ᠨ ᠪᠠᠶᠠᠰᠬᠤᠯᠠᠩ ᠢ᠋ 
            ᠥᠷᠥᠭᠡᠯ ᠦ᠋ᠨ ᠵᠢᠷᠦᠬᠡᠨ ᠳ᠋ᠦ᠍ ᠶᠡᠭᠦᠯᠡᠬᠦ ᠭᠡᠵᠦ 
 ᠠᠮᠲᠠᠲᠤ ᠡᠨᠡ ᠰᠣᠪᠢᠩ ᠪᠢᠯᠢᠭ ᠦ᠋ᠨ ᠣᠷᠴᠢᠯᠠᠩ ᠳ᠋ᠤ᠌ ᠪᠢ ᠲᠥᠷᠥᠭᠰᠡᠨ ᠶᠦᠮ᠃ 
 ᠭᠠᠵᠠᠷ ᠳᠡᠭᠡᠷ᠎ᠡ ᠭᠠᠭᠴᠠᠭᠠᠷ ᠢ᠋ᠶ᠋ᠠᠨ ᠢᠷᠡᠵᠦ ᠪᠣᠢ ᠪᠢᠴᠢᠬᠠᠨ ᠬᠦᠦ ᠶ᠋ᠢ 
 ᠭᠠᠷ ᠰᠤᠩᠭᠠᠨ ᠬᠥᠮᠦᠰ ᠲᠡᠢ ᠴᠣᠭ ᠤᠭᠲᠤᠬᠤ ᠭᠡᠵᠦ 
 ᠭᠠᠯ ᠲᠣᠭᠣᠷᠢᠨ ᠰᠠᠭᠤᠵᠤ ᠰᠢᠨ᠎ᠡ ᠬᠥᠮᠦᠨ ᠲᠥᠷᠥᠭᠰᠡᠨ ᠦ᠌ 
 ᠪᠠᠶᠠᠷ ᠤ᠋ᠨ ᠰᠢᠷᠡᠭᠡ ᠶ᠋ᠢ ᠰᠢᠯᠦᠭ ᠢ᠋ᠶ᠋ᠡᠷ ᠢ᠋ᠶ᠋ᠡᠨ ᠵᠠᠰᠠᠬᠤ ᠭᠡᠵᠦ 
 ᠰᠢᠳᠢᠲᠦ ᠣᠷᠴᠢᠯᠠᠩ ᠤ᠋ᠨ ᠠᠭᠤᠯᠠᠰ᠂ ᠴᠠᠰᠤ᠂ ᠵᠡᠭᠦᠦ ᠶ᠋ᠢᠨ ᠰᠦᠪᠡᠭᠴᠢ ᠰᠢᠭ 
            ᠨᠠᠷᠢᠰᠬᠤ ᠲᠡᠭᠷᠢ ᠲᠡᠢ ᠴᠣᠭ ᠨᠠᠢᠷᠯᠠᠬᠤ ᠭᠡᠵᠦ 
 ᠬᠠᠭᠠᠯᠭᠠᠨ ᠤ᠋ ᠬᠢᠨᠢ ᠳᠡᠷᠭᠡᠳᠡ ᠭᠣᠣᠯᠲᠤ ᠪᠣᠷᠣ ᠶ᠋ᠢᠨ ᠴᠡᠴᠡᠭ 
            ᠢᠷᠡᠭᠡᠳᠦᠢ ᠶ᠋ᠢ ᠪᠡᠯᠭᠡᠳᠡᠨ ᠲᠠᠯᠪᠢᠵᠤ 
 ᠬᠠᠮᠢᠭ᠎ᠠ ᠬᠣᠯᠠ ᠳ᠋ᠤ᠌ ᠬᠦᠷᠬᠦ ᠵᠠᠮ ᠢ᠋ ᠨᠢ ᠡᠬᠡ ᠣᠷᠣᠨ ᠤ᠋ ᠪᠠᠨ 
            ᠨᠠᠷᠠ ᠪᠠᠷ ᠵᠠᠰᠠᠬᠤ ᠭᠡᠵᠦ 
 ᠣᠷᠴᠢᠯᠠᠩ ᠳ᠋ᠤ᠌ ᠪᠢ ᠢᠷᠡᠭᠰᠡᠨ ᠶᠦᠮ᠃ 
 ᠵᠠᠮ ᠪᠦᠬᠦᠨ ᠢ᠋ᠶ᠋ᠡᠷ ᠶᠠᠪᠤᠬᠤ ᠭᠡᠵᠦ 
 ᠤᠰᠤ ᠪᠦᠬᠦᠨ ᠡᠴᠡ ᠠᠮᠰᠠᠬᠤ ᠭᠡᠵᠦ 
 ᠣᠳᠣ ᠪᠦᠬᠦᠨ ᠲᠡᠢ ᠶᠠᠷᠢᠯᠴᠠᠬᠤ ᠭᠡᠵᠦ 
 ᠴᠡᠴᠡᠭ ᠪᠦᠬᠦᠨ ᠲᠡᠢ ᠰᠢᠪᠡᠨᠡᠯᠳᠦᠬᠦ ᠭᠡᠵᠦ 
 ᠭᠠᠵᠠᠷ ᠳᠡᠭᠡᠷ᠎ᠡ ᠪᠢ ᠲᠥᠷᠥᠭᠰᠡᠨ ᠶᠦᠮ  
 ᠬᠡᠦᠬᠡᠨ ᠪᠦᠬᠦᠨ ᠢ᠋ ᠬᠠᠢᠷᠠᠯᠠᠵᠤ ᠨᠢᠭᠡᠨ ᠳ᠋ᠦ᠍ᠨᠢ ᠳᠤᠷᠠᠯᠠᠵᠤ 
 ᠬᠥᠮᠦᠨ ᠪᠦᠬᠦᠨ ᠢ᠋ ᠬᠦᠨᠳᠦᠯᠡᠵᠦ ᠨᠢᠭᠡ ᠲᠡᠢ ᠨᠢ ᠨᠥᠬᠥᠷᠯᠡᠵᠦ 
 ᠬᠦᠯᠦᠭ ᠪᠦᠬᠦᠨ ᠢ᠋ ᠤᠨᠤᠵᠤ ᠨᠢᠭᠡ ᠶ᠋ᠢ ᠨᠢ ᠰᠢᠯᠢᠬᠦ ᠭᠡᠵᠦ 
 ᠬᠦᠰᠡᠯ ᠦ᠋ᠨ ᠴᠡᠩᠬᠡᠷ ᠣᠷᠴᠢᠯᠠᠩ ᠳ᠋ᠤ᠌ ᠢᠷᠡᠭᠰᠡᠨ ᠶᠦᠮ᠃ 
 ᠠᠶ᠎ᠠ᠂ ᠣᠯᠠᠨ ᠵᠢᠯ ᠦ᠋ᠨ ᠳᠠᠷᠠᠭ᠎ᠠ ᠮᠢᠨᠦ ᠠᠷᠤ ᠠ᠋ᠴᠠ 
 ᠣᠷᠴᠢᠯᠠᠩ ᠳᠡᠭᠡᠷ᠎ᠡ ᠢᠷᠡᠭᠰᠡᠨ ᠬᠦᠦ ᠮᠢᠨᠢ! 
 ᠤᠤᠭᠤᠬᠤ ᠶ᠋ᠢ ᠬᠦᠰᠡᠪᠡᠯ ᠴᠢᠮᠠᠲᠤ ᠪᠢ ᠲᠠᠭᠱᠠ ᠳᠦᠭᠦᠷᠡᠩ ᠰᠢᠭᠦᠳᠡᠷᠢ ᠥᠭᠭᠦᠨ᠎ᠡ 
 ᠢᠳᠡᠬᠦ ᠶ᠋ᠢ ᠬᠦᠰᠡᠪᠡᠯ ᠴᠢᠮᠠᠲᠤ ᠪᠢ ᠠᠳᠬᠤ ᠳᠦᠭᠦᠷᠡᠩ ᠮᠣᠢᠯ ᠥᠭᠭᠦᠨ᠎ᠡ 
 ᠲᠠᠭᠠᠷᠠᠪᠠᠯ ᠴᠢᠨᠢ ᠰᠡᠳᠬᠢᠯ ᠦ᠋ᠨ ᠢ᠋ᠶ᠋ᠡᠨ ᠬᠤᠷ᠎ᠠ ᠶ᠋ᠢ ᠠᠰᠬᠠᠷᠠᠭᠤᠯᠤᠨ᠎ᠠ 
 ᠣᠷᠣᠬᠤ ᠣᠷᠣᠨ ᠦᠭᠡᠢ ᠪᠣᠯᠪᠠᠯ ᠠᠭᠤᠯᠠᠰ ᠭᠡᠷ ᠴᠢᠨᠢ ᠪᠣᠯᠤᠨ᠎ᠠ 
 ᠣᠢ ᠭᠤᠨᠢᠭ ᠢ᠋ ᠴᠢᠨᠢ ᠪᠣᠷᠣᠭᠠᠨ ᠤ᠋ ᠳᠠᠷᠠᠭᠠᠬᠢ ᠰᠣᠯᠣᠩᠭ᠎ᠠ ᠠᠷᠴᠢᠨ᠎ᠠ 
 ᠳᠠᠢᠰᠤᠨ ᠴᠢᠮ᠎ᠠ ᠤᠷᠤᠭᠤ ᠬᠠᠯᠳᠠᠪᠠᠯ ᠣᠢ ᠮᠣᠳᠣ ᠰᠢᠪᠡᠭᠡ ᠪᠣᠯᠤᠨ᠎ᠠ 
 ᠡᠬᠡ ᠣᠷᠣᠨ ᠨᠤᠮᠤ ᠪᠣᠯᠤᠨ᠎ᠠ 
 ᠠᠷᠠᠳ ᠲᠦᠮᠡᠨ ᠰᠤᠮᠤ ᠪᠣᠯᠤᠨ᠎ᠠ 
 ᠳᠠᠶᠠᠭᠠᠷ ᠮᠣᠩᠭᠣᠯ ᠳ᠋ᠤ᠌ ᠨᠢᠯᠬ᠎ᠠ ᠦᠷ᠎ᠡ ᠴᠢᠨᠦ ᠲᠥᠯᠥᠭᠡ ᠳᠤᠲᠠᠬᠤ ᠶᠠᠭᠤᠮ᠎ᠠ ᠦᠭᠡᠢ 
 ᠥᠨᠥᠳᠥᠷ ᠪᠢ ᠴᠢᠮᠠᠲᠤ ᠥᠪᠡᠷ ᠢ᠋ ᠪᠡᠨ ᠵᠣᠷᠢᠭᠤᠯᠤᠨ᠎ᠠ 
 ᠥᠷᠭᠡᠨ ᠣᠯᠠᠨ ᠳ᠋ᠠᠭᠠᠨ ᠴᠢ ᠮᠠᠷᠭᠠᠰᠢ ᠠᠮᠢᠳᠤᠷᠠᠯ ᠢ᠋ᠶ᠋ᠠᠨ ᠵᠣᠷᠢᠭᠤᠯᠤᠭᠠᠷᠠᠢ !