ᠤᠷᠠᠨᠳᠦ᠋ᠰᠢ ᠶᠢᠨ ᠳᠣᠮᠣᠭ (ᠬᠣᠶᠠᠷ)– ᠭᠠᠰᠢᠸ᠎ᠠ Урандүшийн домог(2) – Гашваа
ᠭᠠᠯ ᠦᠳᠡ ᠶ᠋ᠢᠨ ᠬᠠᠯᠠᠭᠤᠨ ᠪᠣᠯᠬᠣᠷ ᠪᠢᠳᠡ ᠠᠭᠤᠯᠠᠨ ᠬᠥᠨᠳᠡᠢ ᠡᠴᠡ ᠠᠷᠠᠢ ᠴᠢᠷᠠᠢ ᠭᠠᠷᠴᠤ ᠢᠷᠡᠭᠡᠳ ᠮᠠᠰᠢᠨ ᠢ᠋ᠶ᠋ᠠᠨ ᠪᠠᠷᠢᠵᠤ ᠤᠷᠠᠨᠳᠥ᠋ᠰᠢ ᠶ᠋ᠢ ᠴᠢᠭᠯᠡᠪᠡ᠃ ᠡᠨᠳᠡ ᠡᠴᠡ ᠤᠷᠠᠨᠳᠥ᠋ᠰᠢ ᠬᠦᠷᠲᠡᠯ᠎ᠡ ᠳᠡᠮᠡᠢ ᠬᠣᠯᠠ ᠦᠭᠡᠢ ᠭᠡᠨ᠎ᠡ᠃ ᠰᠢᠯᠢ ᠶ᠋ᠢᠨ ᠡᠷᠡᠴᠦᠳ ᠦ᠋ᠨ ᠦᠭᠡ ᠪᠡᠷ ᠪᠣᠯ ᠮᠣᠤ ᠲᠡᠷᠡ ᠠᠭᠤᠯᠠ ᠶ᠋ᠢᠨ ᠴᠠᠭᠠᠳᠤ ᠲᠠᠯ᠎ᠠ ᠳ᠋ᠤ᠌ ᠣᠢᠷᠠᠬᠠᠨ ᠪᠠᠢᠬᠤ᠂ ᠴᠠᠢ ᠴᠢᠨᠠᠬᠤ ᠶ᠋ᠢᠨ ᠵᠠᠭᠤᠷ᠎ᠠ ᠬᠦᠷᠳᠡᠭ ᠭᠠᠵᠠᠷ ᠰᠢᠦ ᠭᠡᠵᠦ ᠪᠤ ᠠᠪᠤᠭᠠᠢ ᠶᠠᠷᠢᠨ᠎ᠠ᠃ ᠭᠡᠲᠡᠯ᠎ᠡ ᠡᠨᠡ ᠵᠠᠮ ᠢ᠋ ᠶᠠᠪᠤᠵᠤ ᠭᠠᠷᠬᠤ ᠳ᠋ᠤ᠌ ᠶᠠᠪᠤᠭᠰᠠᠨ ᠬᠥᠮᠦᠨ ᠯᠡ ᠮᠡᠳᠡᠵᠦ ᠶᠠᠪᠤᠭᠰᠠᠨ ᠦᠭᠡᠢ ᠬᠥᠮᠦᠨ ᠳ᠋ᠦ᠍ ᠬᠡᠯᠡᠭᠰᠡᠨ ᠴᠤ᠌ ᠢᠲᠡᠭᠡᠵᠦ ᠶᠠᠳᠠᠨ᠎ᠠ᠃ ᠠᠭᠤᠯᠠᠨ ᠵᠠᠮ ᠨᠠᠷᠢᠨ ᠪᠥᠭᠡᠳ ᠮᠤᠷᠤᠢ ᠮᠤᠰᠬᠢᠭᠤ᠂ ᠡᠩᠬᠦᠯ ᠳᠤᠩᠬᠤᠯ᠂ ᠲᠡᠷᠭᠡᠨ ᠦ᠌ ᠲᠣᠯᠣᠭᠠᠢ ᠪᠥᠭᠰᠡ ᠨᠢ ᠡᠷᠭᠢᠲᠡᠯ᠎ᠡ ᠦᠰᠦᠷᠴᠦ ᠪᠢᠳᠡ ᠬᠡᠳᠦᠨ ᠡᠮᠡᠭᠡᠨ ᠡᠪᠦᠭᠡᠨ ᠢ᠋ ᠭᠡᠳᠡᠰᠦ ᠳᠣᠲᠣᠷ ᠢ᠋ ᠨᠢ ᠬᠣᠯᠢᠮᠠᠷ ᠪᠣᠯᠭᠠᠵᠤ ᠪᠠᠢᠪᠠ᠃ ᠲᠡᠭᠡᠲᠡᠯ᠎ᠡ ᠡᠡᠡᠭ ᠵᠡᠪᠡ ᠭᠠᠷᠴᠤ ᠢᠨᠳᠡᠷᠯᠡᠭᠰᠡᠨ ᠠᠭᠤᠯᠠ ᠶ᠋ᠢᠨ ᠢᠷᠣᠭᠠᠷ ᠢ᠋ᠶ᠋ᠠᠷ ᠥᠩᠭᠡᠷᠡᠬᠦ ᠪᠡᠷ ᠲᠡᠷᠭᠡ ᠬᠥᠮᠦᠨ ᠲᠡᠢ ᠨᠢ ᠯᠢᠪ ᠳᠠᠷᠤᠴᠢᠬᠠᠮᠠᠷ ᠰᠠᠨᠠᠭᠳᠠᠭᠤᠯᠵᠤ ᠨᠢᠭᠡ ᠯᠡ ᠪᠡᠶ᠎ᠡ ᠴᠢᠩᠭᠠᠷᠠᠵᠤ ᠲᠣᠯᠣᠭᠠᠢ ᠶ᠋ᠢᠨ ᠦᠰᠦ ᠠᠷᠵᠠᠢᠵᠤ ᠠᠪᠤᠨ᠎ᠠ᠃ ᠠᠭᠤᠯᠠ ᠬᠠᠭᠠᠭᠠᠯᠵᠤ ᠬᠠᠳᠠ ᠲᠡᠭᠡᠭᠡᠭᠰᠡᠨ ᠵᠠᠭᠤ ᠮᠢᠩᠭᠠᠨ ᠲᠡᠷᠭᠡ ᠲᠡᠮᠡᠭᠡᠨ ᠬᠡᠯᠬᠢᠶ᠎ᠡ ᠮᠡᠲᠦ ᠵᠢᠭᠰᠠᠵᠤ ᠡᠮᠦᠨ᠎ᠡ ᠬᠣᠢᠨ᠎ᠠ ᠨᠢ ᠰᠢᠬᠠᠵᠤ ᠬᠠᠪᠴᠢᠵᠤ ᠤᠯᠠ ᠮᠥᠷ ᠦ᠋ᠨ ᠲᠣᠭᠣᠰᠣ ᠨᠢ ᠲᠡᠭᠷᠢ ᠭᠠᠵᠠᠷ ᠢ᠋ ᠨᠡᠢᠯᠡᠭᠦᠯᠦᠨ᠎ᠡ᠃ ᠨᠠᠷᠠᠨ ᠭᠡᠷᠡᠯ ᠢ᠋ ᠬᠠᠯᠬᠠᠯᠠᠭᠰᠠᠨ ᠲᠣᠭᠣᠰᠣᠨ ᠳ᠋ᠤ᠌ ᠲᠡᠷᠭᠡᠨ ᠳ᠋ᠧᠩ ᠢ᠋ᠶ᠋ᠡᠨ ᠨᠣᠴᠣᠭᠠᠭᠠᠳ ᠶᠠᠪᠤᠭᠰᠠᠨ ᠴᠤ᠌ ᠠᠯᠲᠠ ᠳᠡᠯᠢᠮ ᠦ᠋ᠨ ᠴᠠᠭᠠᠨ᠎ᠠ ᠶᠠᠭᠤ ᠪᠠᠢᠬᠤ ᠨᠢ ᠬᠠᠷᠠᠭᠳᠠᠬᠤ ᠦᠭᠡᠢ ᠦᠢᠯᠡ ᠲᠠᠮᠤ ᠶ᠋ᠢ ᠦᠵᠡᠭᠦᠯᠦᠨ᠎ᠡ᠃ ᠶᠠᠪᠤᠨ ᠪᠠᠢᠭᠰᠠᠭᠠᠷ ᠦᠳᠡ ᠬᠠᠵᠠᠢᠯᠠ᠃ ᠮᠣᠤ ᠲᠡᠷᠡ ᠠᠭᠤᠯᠠ ᠶ᠋ᠢᠨ ᠴᠠᠭᠠᠨ᠎ᠠ ᠭᠡᠳᠡᠭ ᠭᠠᠵᠠᠷ ᠪᠠᠰᠠ ᠯᠠ ᠪᠠᠷ᠎ᠠ ᠦᠭᠡᠢ ᠪᠡᠷ ᠢ᠋ᠶ᠋ᠡᠨ᠃ ᠡᠨᠡ ᠦᠶ᠎ᠡ ᠳ᠋ᠦ᠍ ᠥᠷᠯᠥᠭᠡ ᠶ᠋ᠢᠨ ᠬᠣᠭᠣᠯᠠ ᠦᠶᠡᠷ ᠦ᠋ᠨ ᠬᠥᠨᠳᠡᠢ ᠳ᠋ᠦ᠍ ᠴᠤ᠌ ᠶᠤᠮ ᠤ᠋ᠤ᠂ ᠠᠭᠤᠯᠠ ᠶ᠋ᠢᠨ ᠵᠠᠪᠰᠠᠷ ᠲᠤ᠌ ᠴᠤ᠌ ᠶᠤᠮ ᠤ᠋ᠤ᠂ ᠠᠯᠢ ᠬᠡᠵᠢᠶᠡᠨ ᠦ᠌ ᠰᠢᠩᠭᠡᠭᠡᠳ ᠥᠯᠥᠨ ᠭᠡᠳᠡᠰᠦ ᠶ᠋ᠢᠨ ᠥᠨᠴᠥᠭ ᠪᠤᠯᠤᠩ ᠳ᠋ᠤ᠌ ᠪᠠᠢᠬᠤ ᠲᠠᠢ ᠦᠭᠡᠢ ᠲᠡᠢ᠂ ᠳᠡᠭᠡᠷ᠎ᠡ ᠨᠢ ᠰᠢᠷᠬ᠎ᠠ ᠶ᠋ᠢᠨ ᠪᠤᠯᠠᠭ ᠤ᠋ᠨ ᠤᠰᠤ ᠬᠣᠳᠣᠭᠣᠳᠣ ᠶ᠋ᠢ ᠵᠠᠢᠯᠤᠭᠠᠳ ᠨᠠᠷᠢᠨ ᠪᠦᠳᠦᠭᠦᠨ ᠭᠡᠳᠡᠰᠦ ᠪᠡᠷ ᠭᠠᠷᠤᠭᠠᠳ ᠳᠠᠪᠤᠰᠠᠭ ᠤ᠋ᠨ ᠠᠮᠠ ᠬᠦᠷᠬᠦ ᠲᠡᠢ ᠳᠥᠷᠪᠡᠨ ᠮᠥᠴᠢ ᠲᠠᠪᠤᠨ ᠴᠤᠯᠤ ᠳ᠋ᠤ᠌ ᠠᠩᠭᠢᠯᠠᠭᠳᠠᠨ ᠠᠷᠠᠰᠤ ᠮᠢᠬᠠᠨ ᠰᠦᠪᠡ ᠪᠡᠷ ᠠᠭᠤᠷᠰᠢᠭᠠᠳ ᠠᠷᠢᠯᠪᠠ᠃ ᠪᠤ ᠠᠪᠤᠭᠠᠢ᠂ ᠪᠢᠳᠡ ᠣᠳᠣ ᠳᠠᠷᠠᠰᠤᠲᠤ ᠶ᠋ᠢᠨ ᠳᠤᠭᠤᠢ᠂ ᠶᠣᠯᠣ ᠶ᠋ᠢᠨ ᠭᠦᠨᠳᠢ ᠶ᠋ᠢ ᠠᠪᠤᠭᠠᠳ ᠰᠦᠪᠡ ᠶ᠋ᠢᠨ ᠭᠣᠣᠯ ᠤᠷᠤᠭᠤ ᠣᠷᠣᠵᠤ ᠬᠠᠭᠠᠰ ᠵᠠᠮ ᠶᠠᠪᠤᠭᠠᠳ ᠪᠠᠢᠨ᠎ᠠ᠃ ᠨᠥᠬᠥᠳ ᠢ᠋ ᠬᠠᠷᠠᠭᠠᠳ ᠪᠠᠢᠬᠤᠯᠠᠷ ᠴᠢᠷᠠᠢ ᠨᠢ ᠲᠣᠭᠣᠰᠣ ᠳᠠᠭᠠᠭᠠᠵᠤ ᠦᠭᠡ ᠨᠢ ᠴᠥᠭᠡᠷᠡᠨ ᠰᠦᠷ ᠰᠦᠯᠳᠡ ᠦᠭᠡᠢ ᠰᠢᠨᠵᠢ ᠣᠷᠣᠵᠤ᠂ ᠳᠣᠲᠣᠷ ᠤ᠋ᠨ ᠵᠢᠷᠭᠤᠭᠠᠨ ᠨᠢ ᠬᠥᠳᠡᠯᠵᠦ ᠪᠠᠢᠬᠤ ᠪᠣᠯᠤᠯᠲᠠᠢ ᠭᠡᠵᠦ ᠬᠡᠯᠡᠭᠡᠳ ᠠᠭᠤᠯᠠ ᠶ᠋ᠢ ᠣᠷᠢᠶᠠᠵᠤ ᠭᠠᠷᠤᠮᠠᠭᠴᠠ ᠶᠡᠬᠡ ᠵᠠᠮ ᠠ᠋ᠴᠠ ᠰᠠᠯᠵᠤ ᠪᠠᠷᠠᠭᠤᠨ ᠭᠠᠷ ᠲᠡᠢᠰᠢ ᠡᠷᠭᠢᠵᠦ ᠭᠤᠷᠪᠠᠨ ᠠᠭᠤᠯᠠ ᠶ᠋ᠢᠨ ᠠᠭᠤᠯᠵᠠᠷ ᠪᠣᠯᠤᠭᠰᠠᠨ ᠨᠠᠷᠢᠨ ᠵᠥᠷᠢᠭ ᠵᠠᠮ ᠢ᠋ᠶ᠋ᠠᠷ ᠴᠤᠬᠤᠰ ᠭᠡᠵᠦ ᠣᠷᠣᠭᠠᠳ ᠬᠡᠳᠦᠨ ᠮᠣᠩᠭᠣᠯ ᠭᠡᠷ ᠲᠡᠢ ᠠᠢᠯ ᠤ᠋ᠨ ᠭᠠᠳᠠᠨ᠎ᠠ ᠬᠦᠷᠦᠯ᠎ᠡ᠃ ᠠ ᠡᠨᠡ ᠴᠤ᠌ ᠶᠣᠰᠣᠲᠠᠢ ᠬᠦᠢᠲᠡᠨ ᠳᠤᠯᠠᠭᠠᠨ ᠢ᠋ ᠮᠡᠳᠡᠬᠦ ᠦᠭᠡᠢ ᠬᠤᠯᠠᠭᠠᠢ ᠵᠢᠯᠡᠭᠡᠢ ᠳ᠋ᠦ᠍ ᠦᠭᠳᠡᠬᠦ ᠦᠭᠡᠢ ᠰᠡᠵᠢᠭ ᠶᠡᠬᠡᠲᠡᠢ ᠰᠡᠷᠡᠮᠵᠢ ᠰᠠᠢᠲᠠᠢ ᠠᠢᠯ ᠪᠠᠢᠨ᠎ᠠ᠃ ᠦᠭᠡᠢ ᠪᠣᠯ ᠡᠨᠡ ᠰᠦᠪᠡ ᠶ᠋ᠢᠨ ᠭᠣᠣᠯ ᠢ᠋ ᠳᠠᠭᠠᠭᠰᠠᠨ ᠠᠷᠪᠢᠨ ᠰᠡᠭᠦᠯ ᠲᠡᠢ ᠰᠡᠭᠦᠯ ᠦᠭᠡᠢ ᠠᠮᠢᠲᠠᠳ ᠬᠡᠵᠢᠶᠡᠨ ᠦ᠌ ᠰᠥᠨᠢ ᠡᠳᠦᠷ ᠦᠭᠡᠢ ᠭᠤᠯᠭᠢᠳᠠᠭᠠᠳ ᠲᠠᠷ ᠢ᠋ ᠨᠢ ᠪᠠᠷᠠᠵᠤ ᠲᠠᠮᠤ ᠶ᠋ᠢ ᠨᠢ ᠦᠵᠡᠭᠦᠯᠵᠦ ᠪᠠᠢᠬᠤ ᠦᠭᠡᠢ ᠤ᠋ᠤ ᠭᠡᠵᠦ ᠪᠢᠳᠡ ᠬᠡᠳᠦᠭᠦᠯᠡ ᠲᠡᠷᠭᠡᠨ ᠡᠴᠡ ᠪᠠᠭᠤᠬᠤ ᠵᠠᠭᠤᠷ᠎ᠠ ᠬᠡᠯᠡᠯᠴᠡᠭᠡᠨ ᠪᠣᠯᠵᠤ ᠪᠠᠢᠬᠤ ᠳ᠋ᠤ᠌᠂ ᠪᠤ ᠠᠪᠤᠭᠠᠢ ᠠᠮᠠᠳᠠᠵᠤ ᠡᠨᠡ ᠪᠣᠯ ᠰᠦᠪᠡ ᠶ᠋ᠢᠨ ᠭᠣᠣᠯ ᠳ᠋ᠤ᠌ ᠨᠡᠷ᠎ᠡ ᠴᠤᠤ ᠲᠠᠢ ᠲᠠᠩᠰᠤᠭ ᠮᠣᠩᠭᠣᠯ ᠬᠣᠭᠣᠯᠠ ᠪᠠᠷ ᠢ᠋ᠶ᠋ᠠᠨ ᠳᠠᠶᠠᠭᠠᠷ ᠲᠦᠮᠡᠨ ᠳ᠋ᠦ᠍ ᠠᠯᠳᠠᠷᠰᠢᠭᠰᠠᠨ ᠠᠷᠪᠠᠰ ᠨᠤᠲᠤᠭ ᠤ᠋ᠨ ᠰᠡᠴᠡᠨᠪᠢᠯᠢᠭ ᠦ᠋ᠨ ᠬᠢᠨ ᠭᠡᠭᠴᠢ ᠪᠢᠯᠡ᠂ ᠵᠠ ᠣᠳᠣ ᠬᠡᠳᠦᠭᠦᠯᠡ ᠪᠡᠨ ᠴᠠᠭ ᠢ᠋ᠶ᠋ᠠᠨ ᠪᠠᠷᠢᠵᠤ ᠡᠨᠳᠡ ᠨᠢᠭᠡ ᠳᠥᠭᠥᠮ ᠬᠣᠭᠣᠯᠠᠯᠠᠭᠠᠳ ᠶᠠᠪᠤᠶ᠎ᠠ ᠭᠡᠪᠡ᠃ ᠪᠢᠳᠡ ᠭᠡᠷ ᠲᠦ᠍ ᠣᠷᠣᠬᠤ ᠪᠠᠷ ᠠᠵᠢᠯᠰᠠᠭ ᠠᠢᠯ ᠤ᠋ᠨ ᠵᠢᠭᠠᠬᠠᠨ ᠪᠣᠷᠣ ᠪᠦᠰᠡᠭᠦᠢ ᠴᠢᠷᠠᠢ ᠳᠦᠭᠦᠷᠡᠩ ᠠᠭᠠᠯᠢ ᠲᠠᠢ ᠢᠷᠵᠠᠯᠵᠠᠭᠤᠯᠤᠨ᠂ ᠡᠶᠡᠯᠰᠡᠭ ᠰᠠᠢᠬᠠᠨ ᠮᠣᠩᠭᠣᠯ ᠶᠣᠰᠣ ᠵᠠᠩ ᠢ᠋ᠶ᠋ᠠᠷ ᠤᠭᠲᠤᠨ ᠪᠠᠢᠬᠤ ᠳ᠋ᠤ᠌ ᠥᠷᠥᠭᠡ ᠳᠦᠭᠦᠷᠡᠩ ᠬᠠᠩᠭᠢᠨᠠᠭᠰᠠᠨ ᠴᠠᠭ᠎ᠠ ᠲᠠᠢ ᠮᠣᠩᠭᠣᠯ ᠪᠤᠳᠠᠭ᠎ᠠ ᠶ᠋ᠢᠨ ᠦᠨᠦᠷ ᠰᠢᠯᠦᠰᠦ ᠶ᠋ᠢ ᠬᠤᠷᠠᠭᠤᠯᠨᠠ᠃ ᠰᠢᠷᠡᠭᠡᠨ ᠳᠡᠭᠡᠷ᠎ᠡ ᠰᠠᠪᠬ᠎ᠠ ᠬᠤᠭᠤᠯᠵᠤ ᠰᠢᠪᠡᠭ ᠴᠠᠪᠴᠢᠮᠠᠷ ᠨᠢᠳᠤᠷᠭᠠᠨ ᠴᠢᠨᠡᠭᠡᠨ ᠬᠣᠯᠢᠶ᠎ᠠ ᠲᠠᠢ ᠲᠤᠲᠤᠷᠭᠠᠨ ᠪᠤᠳᠠᠭ᠎ᠠ ᠠᠭᠤᠷ ᠰᠡᠪᠰᠡᠯᠵᠡᠨ ᠲᠠᠯᠪᠢᠭᠠᠰᠤᠲᠠᠢ ᠪᠠᠢᠵᠤ ᠬᠠᠵᠠᠭᠤ ᠳ᠋ᠤᠨᠢ ᠠᠶᠠᠭ᠎ᠠ ᠱᠠᠭᠠᠵᠠᠩ᠂ ᠰᠠᠪᠬ᠎ᠠ᠂ ᠪᠠᠰᠠ ᠬᠡᠳᠦᠨ ᠰᠡᠷᠡᠭᠦᠨ ᠨᠣᠭᠣᠭ᠎ᠠ᠂ ᠰᠦ ᠲᠡᠢ ᠴᠠᠢ ᠪᠡᠯᠡᠬᠡᠨ ᠪᠠᠢᠪᠠ᠃ ᠥᠯᠥᠰᠴᠦ ᠴᠠᠩᠭᠠᠭᠰᠠᠨ ᠰᠢᠨᠵᠢ ᠨᠢ ᠴᠢᠷᠠᠢ ᠠ᠋ᠴᠠ ᠨᠢ ᠢᠯᠡᠬᠡᠨ ᠲᠠᠨᠢᠭᠳᠠᠭᠰᠠᠨ ᠮᠠᠨᠤᠰ ᠶᠠᠮᠠᠷ ᠴᠤ᠌ ᠡᠷᠡᠭᠡ ᠵᠢᠷᠣᠭ᠎ᠠ ᠦᠭᠡᠢ ᠳᠠᠭ᠎ᠠ ᠳᠠᠭ᠎ᠠ ᠪᠠᠷ ᠢ᠋ᠶ᠋ᠠᠨ᠂ ᠵᠠᠷᠢᠮ ᠨᠢ ᠵᠠᠮ ᠵᠠᠰᠠᠨ᠎ᠠ ᠭᠡᠵᠦ ᠴᠠᠢ ᠠ᠋ᠴᠠ ᠪᠠᠨ ᠬᠢᠵᠦ᠂ ᠵᠠᠷᠢᠮ ᠨᠢ ᠮᠢᠨᠦ ᠵᠠᠮ ᠢ᠋ ᠡᠵᠢ ᠡᠴᠡ ᠭᠠᠷᠬᠤ ᠳ᠋ᠤ᠌ ᠪᠥᠬᠡᠯᠢᠭ ᠵᠠᠰᠠᠴᠢᠬᠠᠭᠰᠠᠨ ᠶᠤᠮ ᠭᠡᠳ ᠰᠢᠭᠤᠳ ᠪᠤᠳᠠᠭ᠎ᠠ ᠠ᠋ᠴᠠ ᠨᠢ ᠠᠪᠤᠨ᠎ᠠ᠃ ᠬᠠᠯᠠᠭᠤᠨ ᠴᠠᠢ ᠥᠳᠬᠡᠨ ᠪᠤᠳᠠᠭ᠎ᠠ ᠪᠠᠷ ᠢ᠋ᠶ᠋ᠠᠨ ᠥᠯᠥᠰᠴᠦ ᠴᠠᠩᠭᠠᠵᠤ ᠵᠠᠮ ᠶᠠᠪᠤᠭᠰᠠᠨ ᠲᠠᠨᠢᠬᠤ᠂ ᠲᠠᠨᠢᠬᠤ ᠦᠭᠡᠢ ᠬᠥᠮᠦᠰ ᠢ᠋ ᠦᠷᠦ ᠡᠪᠡᠳᠴᠦ ᠴᠠᠳᠬᠠᠭᠠᠳ ᠶᠠᠪᠤᠭᠤᠯᠳᠠᠭ ᠮᠣᠩᠭᠣᠯᠴᠤᠳ ᠤ᠋ᠨ ᠲᠠᠯ᠎ᠠ ᠥᠩᠭᠡ ᠬᠠᠮᠢᠭ᠎ᠠ ᠴᠤ᠌ ᠪᠦᠷ ᠠᠳᠠᠯᠢ ᠪᠠᠢᠨ᠎ᠠ᠃ ᠪᠤᠳᠠᠭᠠᠨ ᠤ᠋ ᠳᠠᠷᠠᠭ᠎ᠠ ᠪᠤ ᠠᠪᠤᠭᠠᠢ ᠠ᠋ᠴᠠ ᠵᠠ᠂ ᠨᠢᠭᠡ ᠠᠶᠠᠭ᠎ᠠ ᠭᠤᠯᠢᠷ ᠪᠤᠳᠠᠭ᠎ᠠ ᠭᠤᠷᠪᠠᠨ ᠮᠥᠩᠭᠥ ᠪᠠᠢᠳᠠᠭ᠂ ᠲᠤᠲᠤᠷᠭᠠᠨ ᠪᠤᠳᠠᠭ᠎ᠠ ᠪᠣᠯᠬᠣᠷ ᠳᠥᠷᠪᠡᠨ ᠮᠥᠩᠭᠥ ᠡᠴᠡ ᠭᠠᠷᠬᠤ ᠦᠭᠡᠢ ᠪᠠ ᠭᠡᠵᠦ ᠭᠡᠷ ᠦ᠋ᠨ ᠡᠵᠡᠨ ᠤᠷᠤᠭᠤ ᠨᠢᠳᠦ ᠭᠦᠶᠦᠯᠭᠡᠬᠦ ᠪᠡᠷ᠂ ᠬᠥᠶᠢ ᠶᠠᠭᠤ ᠬᠡᠯᠡᠵᠦ ᠪᠠᠢᠬᠤ ᠪᠣᠢ᠂ ᠡᠢᠮᠦ ᠳᠥᠭᠥᠮ ᠬᠣᠭᠣᠯᠠ ᠢᠳᠡᠭᠦᠯᠦᠭᠡᠳ ᠨᠤᠲᠤᠭ ᠤ᠋ᠨ ᠮᠣᠩᠭᠣᠯ ᠠᠬ᠎ᠠ ᠡᠭᠡᠴᠢ ᠨᠠᠷ ᠠ᠋ᠴᠠ ᠮᠥᠩᠭᠥ ᠬᠤᠷᠢᠶᠠᠵᠤ ᠪᠠᠢᠭᠰᠠᠨ ᠪᠣᠯ ᠮᠠᠨ ᠤ᠋ ᠬᠢᠨ ᠪᠠᠶᠠᠵᠢᠭᠠᠳ ᠠᠭᠤᠯᠠ ᠪᠠᠨ ᠬᠥᠨᠳᠡᠢᠯᠡᠭᠡᠳ ᠮᠥᠩᠭᠥ ᠪᠡᠨ ᠬᠤᠷᠢᠶᠠᠴᠢᠬᠠᠭᠰᠠᠨ ᠪᠠᠢᠯᠭᠦᠢ᠂ ᠳᠠᠬᠢᠪᠠᠯ ᠲᠠᠨ ᠤ᠋ ᠪᠣ ᠠᠪᠤᠭᠠᠢ ᠤᠷᠢᠳᠤ ᠲᠥᠷᠥᠯ ᠡᠴᠡ ᠪᠣᠯᠵᠣᠭ᠎ᠠ ᠲᠠᠢ ᠮᠢᠨᠦ ᠤᠨᠠᠭᠠᠨ ᠪᠠᠭ᠎ᠠ ᠶ᠋ᠢᠨ ᠨᠠᠢᠵᠠ ᠶᠤᠮ᠂ ᠥᠨᠥᠳᠥᠷ ᠪᠢ ᠮᠥᠩᠭᠥ ᠬᠤᠷᠢᠶᠠᠬᠤ ᠳ᠋ᠤ᠌ ᠬᠦᠷᠪᠡᠯ ᠡᠨᠡ ᠰᠠᠢᠨ ᠡᠷ᠎ᠡ ᠮᠠᠷᠭᠠᠰᠢ ᠢᠷᠡᠵᠦ ᠪᠣᠭᠣᠨᠢ ᠥᠷᠥᠭᠡ ᠶ᠋ᠢ ᠮᠢᠨᠢ ᠪᠠᠯᠪᠠᠴᠢᠵᠤ ᠬᠠᠶᠠᠨ᠎ᠠ ᠰᠢᠦ ᠭᠡᠵᠦ ᠨᠠᠭᠠᠳᠤᠮ ᠱᠣᠭ ᠭᠠᠷᠭᠠᠨ᠎ᠠ᠃ ᠵᠠ ᠲᠡᠢᠮᠦ ᠪᠣᠯ ᠰᠠᠢᠬᠠᠨ ᠵᠠᠩ ᠴᠢᠨᠠᠷ ᠲᠤ᠌ ᠨᠢ ᠲᠠᠯᠠᠷᠬᠠᠵᠤ ᠠᠢᠯ ᠡᠷᠦᠬᠡ ᠶ᠋ᠢᠨ ᠲᠠᠨᠢ ᠠᠵᠤ ᠠᠮᠢᠳᠤᠷᠠᠯ ᠠᠵᠢᠯ ᠦᠢᠯᠡᠰ ᠦ᠋ᠨ ᠥᠭᠡᠳᠡᠯᠡᠨ ᠮᠠᠨᠳᠤᠬᠤ ᠶ᠋ᠢ ᠬᠦᠰᠡᠶ᠎ᠡ ᠭᠡᠳ ᠮᠠᠨᠤᠰ ᠠᠢᠯ ᠠ᠋ᠴᠠ ᠭᠠᠷᠴᠤ ᠦᠷᠭᠦᠯᠵᠢᠯᠡᠨ ᠵᠠᠮ ᠢ᠋ᠶ᠋ᠠᠨ ᠡᠯᠭᠦᠵᠦ ᠰᠦᠪᠡ ᠶ᠋ᠢᠨ ᠭᠣᠣᠯ ᠢ᠋ ᠳᠠᠭᠠᠵᠤ ᠲᠣᠭᠣᠭ᠎ᠠ ᠮᠡᠲᠦ ᠠᠭᠤᠯᠠ ᠶ᠋ᠢᠨ ᠳᠤᠮᠳᠠᠭᠤᠷ ᠲᠣᠭᠣᠰᠣ ᠮᠠᠨᠠᠷᠠᠭᠰᠠᠨ ᠵᠠᠮ ᠢ᠋ᠶ᠋ᠠᠷ ᠨᠢᠳᠦ ᠣᠷᠬᠢᠵᠤ ᠶᠠᠪᠤᠬᠤ ᠳ᠋ᠤ᠌ ᠠᠭᠤᠯᠠᠨ ᠬᠠᠭᠠᠰ ᠢ᠋ᠶ᠋ᠠᠷ ᠡᠨᠳᠡ ᠲᠡᠨᠳᠡ ᠦᠭᠡᠢ ᠤᠲᠤᠭᠠᠨ ᠳ᠋ᠤ᠌ ᠳᠠᠷᠤᠭᠳᠠᠭᠰᠠᠨ ᠵᠢᠵᠢᠭ ᠵᠢᠵᠢᠭ ᠦᠢᠯᠡᠳᠪᠦᠷᠢ ᠶ᠋ᠢᠨ ᠪᠠᠢᠰᠢᠩ ᠤ᠋ᠳ ᠪᠥᠷᠲᠥᠯᠵᠡᠨ ᠬᠠᠷᠠᠭᠳᠠᠵᠤ᠂ ᠠᠭᠤᠯᠠᠨ ᠣᠷᠣᠢ ᠬᠡᠰᠦᠭᠰᠡᠨ ᠰᠠᠭᠠᠷᠠᠯ ᠪᠤᠭᠤᠷᠤᠯ ᠢᠮᠠᠭᠠᠳ ᠬᠠᠳᠠ ᠴᠢᠯᠠᠭᠤᠨ ᠵᠠᠪᠰᠠᠷ ᠲᠤ᠌ ᠭᠠᠩ ᠤ᠋ᠨ ᠬᠠᠯᠠᠭᠤᠨ ᠰᠠᠯᠬᠢᠨ ᠢ᠋ᠶ᠋ᠠᠷ ᠰᠤᠷ ᠨᠢ ᠪᠠᠭᠤᠷᠠᠵᠤ ᠥᠩᠭᠡ ᠪᠡᠨ ᠠᠯᠳᠠᠭᠰᠠᠨ ᠡᠪᠡᠰᠦ ᠤᠷᠭᠤᠮᠠᠯ ᠢ᠋ ᠲᠠᠮᠲᠤᠷᠠᠨᠠ᠃ ᠠᠭᠤᠯᠠ ᠶ᠋ᠢᠨ ᠴᠠᠭᠠᠨ᠎ᠠ ᠠᠭᠤᠯᠠ᠂ ᠨᠢᠭᠡ ᠠᠭᠤᠯᠠ ᠶ᠋ᠢ ᠵᠥᠪ ᠢ᠋ᠶ᠋ᠡᠷ ᠣᠷᠢᠶᠠᠭᠠᠳ ᠭᠠᠷᠬᠤ ᠳ᠋ᠤ᠌ ᠳᠠᠬᠢᠭᠠᠳ ᠨᠥᠭᠦᠭᠡ ᠠᠭᠤᠯᠠ ᠶ᠋ᠢ ᠪᠤᠷᠤᠭᠤ ᠪᠠᠷ ᠣᠷᠢᠶᠠᠭᠠᠳ ᠳᠤᠭᠤᠢᠯᠠᠭᠰᠠᠭᠠᠷ ᠳᠤᠭᠤᠢᠯᠠᠭᠰᠠᠭᠠᠷ ᠲᠣᠯᠣᠭᠠᠢ ᠡᠷᠭᠢᠵᠦ ᠵᠦᠭ ᠴᠢᠭ ᠮᠡᠳᠡᠬᠦ ᠪᠡᠨ ᠪᠠᠢᠵᠤ ᠪᠤᠳᠠᠩ ᠲᠠᠲᠠᠭᠰᠠᠨ ᠲᠡᠷᠭᠡᠳ ᠦ᠋ᠨ ᠬᠣᠢᠨ᠎ᠠ ᠠ᠋ᠴᠠ ᠴᠥᠮᠴᠡᠷᠡᠭᠦᠯᠭᠦ ᠳ᠋ᠦ᠍᠂ ᠣᠳᠣ ᠦᠬᠠᠢ ᠬᠣᠲᠠ ᠶ᠋ᠢᠨ ᠵᠠᠭᠠᠭ ᠲᠤ᠌ ᠣᠷᠣᠯ᠎ᠠ ᠲᠡᠭᠡᠲᠡᠯ᠎ᠡ ᠪᠠᠰᠠ ᠣᠳᠣ ᠣᠷᠳᠣᠰ ᠬᠣᠲᠠ ᠶ᠋ᠢᠨ ᠵᠠᠭᠠᠭ ᠲᠤ᠌ ᠣᠷᠣᠯ᠎ᠠ ᠭᠡᠳ ᠳᠠᠬᠢᠨ ᠳᠠᠬᠢᠨ ᠮᠡᠳᠡᠭᠡᠯᠡᠵᠦ ᠪᠠᠢᠪᠠ᠃ ᠣᠳᠣ ᠴᠤ᠌ ᠨᠣᠬᠠᠢ ᠶ᠋ᠢᠨ ᠳᠠᠭᠤ ᠣᠢᠷᠠᠳᠴᠤ ᠪᠠᠢᠬᠤ ᠶᠤᠮ ᠪᠠᠢᠨ᠎ᠠ ᠭᠡᠵᠦ ᠬᠡᠨ ᠨᠢᠭᠡᠨ ᠳ᠋ᠦ᠍ ᠪᠡᠨ ᠶᠠᠷᠢᠵᠤ ᠪᠠᠢᠲᠠᠯ᠎ᠠ ᠬᠠᠷᠢᠨ ᠮᠧᠩ ᠰᠢ ᠶ᠋ᠢᠨ ᠨᠡᠭᠦᠷᠡᠰᠦᠨ ᠠᠭᠤᠷᠬᠠᠢ᠂ ᠦᠬᠠᠢ ᠬᠣᠲᠠ ᠶ᠋ᠢᠨ ᠲᠡᠭᠦᠷᠭᠡ᠂ ᠳ᠋ᠢᠶᠠᠨ ᠰᠦᠮ᠎ᠡ ᠶ᠋ᠢᠨ ᠵᠤᠭᠠᠴᠠᠯ ᠤ᠋ᠨ ᠭᠠᠵᠠᠷ ᠭᠡᠬᠦ ᠵᠠᠮ ᠤ᠋ᠨ ᠲᠡᠮᠳᠡᠭ ᠴᠤᠬᠤᠰ ᠴᠤᠬᠤᠰ ᠥᠩᠭᠡᠷᠡᠯ᠎ᠡ᠃ ᠡᠨᠡ ᠦᠶ᠎ᠡ ᠳ᠋ᠦ᠍ ᠵᠠᠮ ᠪᠥᠭᠯᠡᠭᠰᠡᠨ ᠶᠡᠬᠡ ᠲᠡᠷᠭᠡᠨ ᠬᠡᠯᠬᠢᠶ᠎ᠡ ᠲᠡᠭᠷᠢ ᠲᠤᠯᠤᠮ᠎ᠠ ᠲᠣᠭᠣᠰᠣ ᠲᠠᠲᠠᠭᠤᠯᠤᠭᠰᠠᠭᠠᠷ ᠰᠠᠯᠠᠭ᠎ᠠ ᠵᠠᠮ ᠢ᠋ᠶ᠋ᠠᠷ ᠮᠤᠷᠤᠢᠵᠤ ᠠᠷᠤ ᠠᠭᠤᠯᠠ ᠶ᠋ᠢᠨ ᠴᠠᠭᠠᠭᠤᠷ ᠣᠷᠣᠬᠤ ᠪᠠᠷ ᠪᠢᠳᠡ ᠪᠦᠭᠦᠳᠡ ᠶ᠋ᠢᠨ ᠰᠡᠳᠬᠢᠯ ᠦ᠋ᠨ ᠤᠢᠳᠬᠠᠷ ᠲᠠᠢᠯᠤᠭᠳᠠᠵᠤ ᠳᠣᠲᠣᠷ᠎ᠠ ᠣᠩᠭᠣᠢᠵᠤ ᠠᠪᠤᠯ᠎ᠠ᠃ ᠵᠠᠯᠭᠠᠭᠠᠳ ᠥᠨᠳᠥᠷ ᠥᠨᠳᠥᠷ ᠠᠭᠤᠯᠠ ᠶ᠋ᠢᠨ ᠣᠷᠭᠢᠯ ᠤ᠋ᠳ ᠵᠠᠮ ᠤ᠋ᠨ ᠬᠣᠶᠠᠷ ᠬᠠᠵᠠᠭᠤ ᠪᠠᠷ ᠨᠠᠷᠠ ᠶ᠋ᠢ ᠬᠠᠯᠬᠠᠯᠠᠨ ᠵᠢᠭᠳᠡᠷᠡᠵᠦ ᠭᠠᠩᠭ᠎ᠠ ᠵᠢᠯᠠᠭ᠎ᠠ ᠶ᠋ᠢᠨ ᠣᠢ ᠮᠣᠳᠣ ᠡᠪᠡᠰᠦ ᠤᠷᠭᠤᠮᠠᠯ ᠤ᠋ᠨ ᠠᠩᠬᠢᠯᠤᠮ᠎ᠠ ᠦᠨᠦᠷ ᠬᠠᠩᠬᠤᠯᠤᠭᠰᠠᠨ ᠰᠡᠷᠢᠭᠦᠨ ᠠᠮᠢᠰᠬᠤᠯ ᠰᠡᠩᠭᠢᠨᠡᠵᠦ᠂ ᠰᠠᠯᠬᠢ ᠲᠠᠲᠠᠭᠤᠯᠤᠭᠰᠠᠨ ᠲᠡᠷᠭᠡᠨ ᠦ᠌ ᠬᠤᠷᠳᠤᠴᠠ ᠶ᠋ᠢᠨ ᠠᠶ᠎ᠠ ᠪᠠᠷ ᠦᠵᠡᠲᠡᠯ᠎ᠡ ᠵᠠᠮ ᠵᠤᠷᠠᠢᠨ ᠵᠤᠷᠠᠢᠭᠰᠠᠭᠠᠷ ᠨᠢᠭᠡ ᠮᠡᠳᠡᠬᠦ ᠳ᠋ᠦ᠍ ᠠᠭᠤᠯᠠᠨ ᠡᠩᠭᠡᠷ ᠲᠦ᠍ ᠰᠦᠷᠯᠢᠭ ᠰᠠᠢᠬᠠᠨ ᠪᠠᠢᠷᠢᠰᠢᠯ ᠲᠠᠢ ᠳ᠋ᠢᠶᠠᠨ ᠰᠦᠮ᠎ᠡ ᠶ᠋ᠢᠨ ᠣᠩᠭᠣᠨ ᠳᠦᠷᠢ ᠲᠣᠳᠣᠷᠠᠯ᠎ᠠ᠃
ᠥᠩᠭᠡᠷᠡᠭᠰᠡᠨ ᠳ᠋ᠦ᠍ ᠳ᠋ᠢᠶᠠᠨ ᠠᠭᠤᠢ ᠶ᠋ᠢᠨ ᠨᠡᠷ᠎ᠡ ᠶ᠋ᠢ ᠨᠠᠰᠤᠨ ᠠ᠋ᠴᠠ ᠪᠠᠨ ᠢᠯᠡᠭᠦᠦ ᠰᠣᠨᠣᠰᠴᠤ ᠪᠠᠢᠭᠰᠠᠨ ᠶᠤᠮ᠃ ᠥᠨᠥᠳᠥᠷ ᠡᠨᠳᠡ ᠢᠷᠡᠬᠦ ᠪᠡᠷ ᠬᠠᠷᠢᠨ ᠳ᠋ᠢᠶᠠᠨ ᠰᠦᠮ᠎ᠡ ᠭᠡᠵᠦ ᠠᠰᠲᠠᠭᠠᠨ ᠪᠠᠰᠠ ᠨᠡᠷ᠎ᠡ ᠲᠡᠢ ᠶ᠋ᠢ ᠰᠠᠶᠢ ᠮᠡᠳᠡᠯ᠎ᠡ᠃ ᠳ᠋ᠢᠶᠠᠨ ᠰᠦᠮ᠎ᠡ ᠨᠢ ᠠᠷᠵᠠᠢ ᠠᠭᠤᠢ᠂ ᠮᠠᠮᠪᠠᠷᠡᠽᠠᠡᠭ ᠰᠦᠮ᠎ᠡ ᠲᠡᠢ ᠨᠡᠢᠯᠡᠭᠡᠳ ᠣᠲᠣᠭ ᠬᠤᠰᠢᠭᠤᠨ ᠤ᠋ ᠭᠤᠷᠪᠠᠨ ᠶᠡᠬᠡ ᠰᠦᠮ᠎ᠡ ᠶ᠋ᠢᠨ ᠨᠢᠭᠡ ᠨᠢ ᠭᠡᠨ᠎ᠡ᠃ ᠭᠠᠵᠠᠷ ᠤ᠋ᠨ ᠪᠠᠢᠴᠠ ᠠ᠋ᠴᠠ ᠦᠵᠡᠪᠡᠯ ᠡᠷᠭᠢᠨ ᠲᠣᠭᠣᠷᠢᠨ ᠥᠨᠳᠥᠷ ᠠᠭᠤᠯᠠᠨ ᠳ᠋ᠤ᠌ ᠬᠦᠷᠢᠶᠡᠯᠡᠭᠳᠡᠭᠰᠡᠨ ᠡᠮᠦᠨᠡᠭᠦᠷ ᠨᠢ ᠳ᠋ᠢᠶᠠᠨ ᠭᠣᠣᠯ ᠲᠠᠢ᠂ ᠬᠣᠢᠲᠤ ᠠᠭᠤᠯᠠᠨ ᠠ᠋ᠴᠠ ᠡᠮᠦᠨᠡᠰᠢ ᠨᠠᠯᠠᠤᠬᠠᠨ ᠡᠩᠭᠡᠷᠯᠢᠭ ᠭᠠᠵᠠᠷ ᠲᠠᠢ᠂ ᠳᠤᠮᠳᠠᠭᠤᠷ ᠨᠢ ᠬᠥᠮᠦᠨ ᠬᠠᠷ᠎ᠠ ᠲᠡᠷᠭᠡ ᠤᠨᠤᠭ᠎ᠠ ᠶᠠᠪᠤᠳᠠᠭ ᠥᠷᠭᠡᠨ ᠵᠠᠮ ᠲᠠᠢ᠂ ᠵᠠᠮ ᠤ᠋ᠨ ᠵᠡᠭᠦᠨ ᠡᠷᠭᠢ ᠶ᠋ᠢ ᠳᠠᠭᠠᠭᠠᠳ ᠱᠠᠲᠤᠯᠠᠭᠰᠠᠨ ᠬᠡᠯᠪᠡᠷᠢ ᠶ᠋ᠢ ᠪᠠᠢᠷᠢᠰᠢᠯ ᠢ᠋ᠶ᠋ᠠᠷ ᠭᠤᠷᠪᠠᠨ ᠰᠤᠪᠤᠷᠭ᠎ᠠ᠂ ᠨᠢᠭᠡ ᠣᠪᠣᠭ᠎ᠠ᠂ ᠬᠣᠶᠠᠷ ᠰᠦᠮ᠎ᠡ ᠠᠷᠤ ᠠᠷᠤ ᠠ᠋ᠴᠠ ᠪᠠᠨ ᠵᠢᠭᠳᠡᠷᠡᠭᠡᠳ ᠳ᠋ᠢᠶᠠᠨ ᠭᠣᠣᠯ ᠤ᠋ᠨ ᠳᠡᠨᠵᠢ ᠬᠦᠷᠴᠦ ᠣᠨᠴᠠ ᠶ᠋ᠢᠨ ᠬᠡᠪ ᠨᠠᠮᠪᠠ ᠲᠠᠢ ᠪᠠᠢᠷᠢᠰᠢᠵᠠᠢ᠃ ᠰᠦᠮ᠎ᠡ ᠳᠡᠭᠡᠷ᠎ᠡ ᠣᠷᠳᠣᠰ ᠲᠣᠭᠠᠯᠠᠯ ᠤ᠋ᠨ ᠶᠢᠰᠦᠨ ᠰᠠᠷ᠎ᠠ ᠶ᠋ᠢᠨ ᠠᠷᠪᠠᠨ ᠭᠤᠷᠪᠠᠨ ᠳ᠋ᠤ᠌ ᠬᠤᠷᠠᠯ ᠬᠤᠷᠠᠵᠤ ᠲᠠᠬᠢᠯᠭ᠎ᠠ ᠬᠢᠳᠡᠭ ᠭᠡᠨ᠎ᠡ᠃ ᠵᠠᠮ ᠤ᠋ᠨ ᠪᠠᠷᠠᠭᠤᠨ ᠬᠥᠪᠡᠭᠡ ᠶ᠋ᠢ ᠳᠠᠭᠠᠭᠠᠳ ᠵᠣᠴᠢᠳ ᠲᠤ᠌ ᠳᠥᠭᠥᠮ ᠦᠵᠡᠭᠦᠯᠦᠭᠰᠡᠨ ᠵᠢᠵᠢᠭ ᠬᠤᠳᠠᠯᠳᠤᠭ᠎ᠠ᠂ ᠬᠡᠳᠦᠨ ᠲᠠᠰᠤᠯᠭ᠎ᠠ ᠬᠣᠭᠣᠯᠠᠨ ᠭᠡᠷ ᠪᠤᠶᠤ ᠡᠵᠡᠡᠭᠨᠡᠭᠴᠢᠳ ᠦ᠋ᠨ ᠣᠷᠣᠨ ᠰᠠᠭᠤᠴᠠ ᠶ᠋ᠢ ᠭᠠᠷᠭᠠᠪᠠᠯ ᠢᠯᠡᠭᠦᠦ ᠳᠤᠲᠠᠭᠤ ᠭᠡᠷ ᠪᠠᠢᠰᠢᠩ ᠬᠥᠮᠦᠨ ᠬᠠᠷ᠎ᠠ ᠠᠷᠢᠯᠵᠢᠶ᠎ᠠ ᠮᠠᠢᠮᠠᠢ ᠭᠡᠳ ᠣᠪᠣᠭᠠᠷᠠᠬᠤ ᠶᠠᠭᠤᠮ᠎ᠠ ᠦᠭᠡᠢ ᠪᠣᠮᠪᠤᠷᠬᠠᠨ ᠴᠡᠪᠡᠷ ᠠᠬᠤᠢ ᠲᠠᠢ᠂ ᠶᠠᠭ ᠯᠠ ᠡᠬᠡ ᠪᠠᠢᠭᠠᠯᠢ ᠶ᠋ᠢᠨ ᠨᠠᠮ ᠵᠢᠮ ᠰᠡᠯᠡᠭᠦᠨ ᠣᠷᠴᠢᠨ ᠳ᠋ᠤ᠌ ᠣᠴᠢᠭᠰᠠᠨ ᠮᠡᠲᠦ ᠲᠡᠨᠢᠭᠦᠨ ᠰᠠᠨᠠᠭᠳᠠᠭᠤᠯᠤᠨ᠎ᠠ᠃ ᠵᠡᠭᠦᠨ ᠬᠣᠢᠲᠤ ᠲᠠᠯ᠎ᠠ ᠶ᠋ᠢᠨ ᠠᠭᠤᠯᠠᠨ ᠡᠩᠭᠡᠷ ᠡᠴᠡ ᠣᠨᠳᠣᠷᠴᠤ ᠤᠷᠤᠰᠤᠭᠰᠠᠨ ᠭᠣᠣᠯ ᠭᠤᠷᠪᠠᠨ ᠷᠠᠰᠢᠶᠠᠨ ᠪᠤᠯᠠᠭ ᠲᠠᠢ᠃ ᠬᠠᠮᠤᠭ ᠳᠡᠭᠡᠷ᠎ᠡ ᠨᠢ ᠵᠢᠷᠦᠬᠡᠨ ᠷᠠᠰᠢᠶᠠᠨ᠂ ᠭᠠᠵᠠᠷ ᠤ᠋ᠨ ᠲᠦᠪᠰᠢᠨ ᠡᠴᠡ ᠪᠠᠷᠤᠭ ᠬᠡᠳᠦᠨ ᠵᠠᠭᠤᠨ ᠮᠧᠲ᠋ᠷ ᠥᠨᠳᠥᠷ ᠳᠠᠬᠢ ᠠᠭᠤᠯᠠᠨ ᠡᠡᠡᠭ ᠡᠴᠡ ᠤᠷᠤᠰᠴᠤ ᠪᠣᠢ᠃ ᠡᠨᠡ ᠷᠠᠰᠢᠶᠠᠨ ᠢ᠋ ᠤᠷᠲᠤ ᠬᠤᠭᠤᠴᠠᠭ᠎ᠠ ᠪᠠᠷ ᠤᠤᠭᠤᠪᠠᠯ ᠵᠢᠷᠦᠬᠡᠨ ᠡᠪᠡᠳᠴᠢᠨ ᠳ᠋ᠦ᠍ ᠰᠠᠢᠨ ᠭᠡᠨ᠎ᠡ᠃ ᠨᠥᠭᠦᠭᠡ ᠬᠣᠶᠠᠷ ᠨᠢ ᠳᠡᠭᠡᠳᠦ ᠰᠤᠪᠤᠷᠭ᠎ᠠ ᠶ᠋ᠢᠨ ᠵᠡᠭᠦᠨ ᠲᠠᠯ᠎ᠠ ᠶ᠋ᠢᠨ ᠠᠭᠤᠯᠠᠨ ᠲᠡᠭᠳᠡᠷᠭᠡ ᠡᠴᠡ ᠱᠦᠭᠦᠷᠡᠵᠦ᠂ ᠬᠣᠢᠲᠤ ᠲᠠᠯ᠎ᠠ ᠳ᠋ᠤ᠌ ᠪᠠᠢᠭ᠎ᠠ ᠨᠢ ᠬᠣᠳᠣᠭᠣᠳᠣᠨ ᠷᠠᠰᠢᠶᠠᠨ᠂ ᠤᠳᠠᠭᠠᠨ ᠴᠢᠨᠠᠷᠲᠠᠢ ᠬᠣᠳᠣᠭᠣᠳᠣᠨ ᠤ᠋ ᠠᠷᠬᠠᠭ ᠭᠡᠮ ᠳ᠋ᠦ᠍ ᠰᠠᠢᠨ᠂ ᠡᠮᠦᠨ᠎ᠡ ᠲᠠᠯ᠎ᠠ ᠳ᠋ᠤ᠌ ᠬᠢ ᠨᠢ ᠨᠢᠳᠦᠨ ᠷᠠᠰᠢᠶᠠᠨ᠂ ᠦᠷᠭᠦᠯᠵᠢ ᠡᠨᠡ ᠷᠠᠰᠢᠶᠠᠨ ᠢ᠋ᠶ᠋ᠠᠷ ᠨᠢᠳᠦ ᠪᠡᠨ ᠤᠬᠢᠶᠠᠪᠠᠯ ᠨᠢᠳᠦᠨ ᠡᠪᠡᠳᠴᠢᠨ ᠳ᠋ᠦ᠍ ᠨᠡᠷᠪᠡᠭᠳᠡᠬᠦ ᠶ᠋ᠢ ᠰᠡᠷᠭᠡᠢᠯᠡᠬᠦ ᠪᠤᠶᠤ ᠬᠠᠷᠠᠭ᠎ᠠ ᠬᠠᠮᠠᠭᠠᠯᠠᠳᠠᠭ ᠭᠡᠨ᠎ᠡ᠃ ᠡᠨᠡ ᠭᠤᠷᠪᠠᠨ ᠷᠠᠰᠢᠶᠠᠨ ᠨᠢ ᠲᠤᠰ ᠲᠤᠰ ᠤ᠋ᠨ ᠥᠪᠡᠷᠮᠢᠴᠡ ᠳᠠᠪᠠᠭᠤᠯᠢᠭ ᠲᠠᠯ᠎ᠠ ᠪᠠᠷ ᠢ᠋ᠶ᠋ᠠᠨ ᠬᠥᠮᠦᠰ ᠦ᠋ᠨ ᠠᠩᠬᠠᠷᠤᠯ ᠳ᠋ᠤ᠌ ᠬᠦᠷᠴᠦ ᠣᠯᠠᠨ ᠠᠷᠪᠢᠨ ᠵᠤᠭᠠᠴᠠᠭᠰᠠᠳ ᠤ᠋ᠨ ᠰᠡᠳᠬᠢᠯ ᠢ᠋ ᠲᠡᠳᠡᠨ ᠪᠡᠶ᠎ᠡ ᠪᠡᠨ ᠡᠷᠭᠦᠯᠵᠢᠭᠦᠯᠭᠦ ᠶ᠋ᠢᠨ ᠲᠤᠰᠠᠳᠠ ᠳ᠋ᠢᠶᠠᠨ ᠰᠦᠮ᠎ᠡ ᠳ᠋ᠦ᠍ ᠮᠥᠷᠭᠥᠵᠦ ᠪᠤᠶᠠᠨ ᠬᠡᠰᠢᠭ ᠢ᠋ᠶ᠋ᠡᠨ ᠳᠠᠭᠠᠳᠬᠠᠳᠠᠭ ᠶᠤᠮ ᠪᠠᠢᠨ᠎ᠠ᠃ ᠡᠨᠡ ᠡᠳᠦᠷ ᠮᠠᠨᠤᠰ ᠤ᠋ᠨ ᠬᠤᠪᠢ ᠵᠠᠶᠠᠭ᠎ᠠ ᠶ᠋ᠢ ᠦᠨᠡᠬᠡᠷ ᠢᠷᠦᠭᠡᠯ ᠲᠡᠢ ᠭᠡᠵᠦ ᠬᠡᠯᠡᠵᠦ ᠪᠣᠯᠤᠨ᠎ᠠ᠃ ᠦᠳᠡ ᠶ᠋ᠢᠨ ᠡᠮᠦᠨ᠎ᠡ ᠰᠢᠷᠬ᠎ᠠ ᠶ᠋ᠢᠨ ᠪᠤᠯᠠᠭ ᠤ᠋ᠨ ᠷᠠᠰᠢᠶᠠᠨ ᠢ᠋ ᠤᠤᠭᠤᠵᠤ᠂ ᠬᠣᠳᠣᠭᠣᠳᠣ ᠭᠡᠳᠡᠰᠦ ᠨᠢᠭᠤᠷ ᠭᠠᠷ ᠢ᠋ᠶ᠋ᠠᠨ ᠠᠷᠢᠭᠤᠳᠬᠠᠵᠤ ᠠᠪᠤᠭᠰᠠᠨ ᠪᠣᠯ ᠦᠳᠡ ᠶ᠋ᠢᠨ ᠬᠣᠢᠨ᠎ᠠ ᠳ᠋ᠢᠶᠠᠨ ᠰᠦᠮ᠎ᠡ ᠶ᠋ᠢᠨ ᠷᠠᠰᠢᠶᠠᠨ ᠢ᠋ ᠤᠤᠭᠤᠵᠤ ᠤᠬᠢᠶᠠᠭᠠᠳ ᠭᠱᠠᠨ ᠵᠠᠭᠤᠷ᠎ᠠ ᠪᠡᠶ᠎ᠡ ᠰᠡᠳᠬᠢᠯ ᠦ᠋ᠨ ᠶᠠᠳᠠᠷᠠᠭ᠎ᠠ ᠵᠦᠳᠡᠷᠡᠭᠡ ᠲᠠᠢᠯᠤᠭᠳᠠᠵᠤ ᠨᠢᠭᠡ ᠡᠳᠦᠷ ᠢ᠋ ᠵᠢᠷᠭᠠᠯ ᠲᠠᠢ ᠥᠩᠭᠡᠷᠡᠭᠦᠯᠵᠡᠢ᠃ ᠵᠠᠯᠭᠠᠭᠠᠳ ᠣᠷᠣᠢ ᠶ᠋ᠢᠨ ᠬᠣᠨᠣᠭ ᠬᠣᠭᠣᠯᠠᠨ ᠴᠠᠭ ᠪᠣᠯᠵᠤ ᠠᠯᠳᠠᠷ ᠨᠡᠷ᠎ᠡ ᠪᠡᠷ ᠢ᠋ᠶ᠋ᠡᠨ ᠠᠯᠲᠠᠨ ᠳᠡᠯᠡᠬᠡᠢ ᠳ᠋ᠦ᠍ ᠳᠠᠭᠤᠷᠢᠰᠤᠭᠰᠠᠨ ᠠᠷᠪᠠᠰ ᠤ᠋ᠨ ᠴᠠᠭᠠᠨ ᠢᠮᠠᠭᠠᠨ ᠤ᠋ ᠠᠮᠲᠠᠲᠤ ᠵᠠᠭᠤᠰᠢ ᠳ᠋ᠤ᠌ ᠪᠠᠭᠤᠯ᠎ᠠ᠃ ᠥᠩᠭᠡ ᠪᠣᠳᠣᠭ ᠢ᠋ᠶ᠋ᠠᠷ ᠭᠣᠶᠣᠯᠠᠨ ᠴᠢᠮᠡᠭᠰᠡᠨ ᠠᠭᠤᠵᠢᠮ ᠮᠣᠩᠭᠣᠯ ᠭᠡᠷ ᠲᠦ᠍ ᠲᠠᠩᠰᠤᠭ ᠰᠠᠢᠬᠠᠨ ᠢᠳᠡᠭᠡᠨ ᠢ᠋ ᠵᠣᠭᠣᠭᠯᠠᠵᠤ ᠠᠷᠢᠬᠢ ᠰᠠᠷᠬᠤᠳ ᠢ᠋ᠶ᠋ᠠᠨ ᠡᠷᠭᠦᠵᠦ ᠠᠷᠠᠳ ᠤ᠋ᠨ ᠳᠠᠭᠤᠤ ᠪᠠᠨ ᠳᠠᠭᠤᠯᠠᠵᠤ ᠨᠠᠷᠭᠢᠨ ᠴᠡᠩᠭᠡᠬᠦ ᠲᠠᠰᠢᠷᠠᠮ ᠢ᠋ᠶ᠋ᠠᠷ ᠮᠠᠨ ᠤ᠋ ᠬᠣᠶᠠᠷ ᠦᠯᠢᠭᠡᠷᠴᠢᠨ ᠨᠠᠢᠵᠠ ᠰᠡᠳᠬᠢᠯ ᠪᠡᠶᠡᠰᠦᠨ ᠬᠥᠭᠰᠡᠵᠦ ᠬᠥᠭᠡᠷᠦᠯᠳᠦᠭᠡᠳ ᠳ᠋ᠢᠶᠠᠨ ᠰᠦᠮ᠎ᠡ᠂ ᠤᠷᠠᠨᠳᠥ᠋ᠰᠢ ᠶ᠋ᠢᠨ ᠭᠠᠢᠬᠠᠮᠰᠢᠭ ᠢ᠋ ᠳᠤᠷᠠᠰᠴᠤ ᠡᠬᠢᠯᠡᠯ᠎ᠡ᠃
ᠳ᠋ᠢᠶᠠᠨ ᠰᠦᠮ᠎ᠡ ᠶ᠋ᠢ ᠡᠨᠳᠡ ᠪᠠᠢᠭᠤᠯᠤᠭᠰᠠᠨ ᠨᠢ ᠶᠡᠬᠡ ᠦᠯᠢᠭᠡᠷ ᠤᠴᠢᠷ ᠲᠠᠢ ᠶᠤᠮ ᠭᠡᠨᠯᠡᠢ᠃ ᠣᠳᠣ ᠪᠣᠳᠣᠪᠠᠯ ᠪᠠᠷᠤᠭ ᠰᠢᠷ᠎ᠠ ᠶ᠋ᠢᠨ ᠱᠠᠵᠢᠨ ᠮᠠᠨ ᠤ᠋ ᠨᠤᠲᠤᠭ ᠲᠤ᠌ ᠳᠡᠯᠭᠡᠷᠡᠬᠦ ᠶ᠋ᠢᠨ ᠦᠶᠡᠰ ᠢ᠋ᠶ᠋ᠡᠷ ᠪᠠ᠂ ᠱᠠᠰᠢᠨ ᠳᠡᠯᠭᠡᠷᠡᠭᠦᠯᠵᠦ ᠪᠢᠰᠢᠯᠭᠠᠯ ᠬᠢᠭᠰᠡᠨ ᠨᠢᠭᠡ ᠯᠠᠮᠠ ᠠᠷᠪᠠᠰ ᠤ᠋ᠨ ᠠᠭᠤᠯᠠᠨ ᠤ᠋ ᠥᠪᠡᠷᠮᠢᠴᠡ ᠭᠠᠵᠠᠷ ᠤ᠋ᠨ ᠪᠠᠢᠴᠠ ᠶ᠋ᠢ ᠠᠰᠢᠭᠯᠠᠵᠤ ᠰᠦᠮ᠎ᠡ ᠳᠤᠭᠠᠩ ᠪᠠᠢᠭᠤᠯᠬᠤ ᠪᠠᠷ ᠬᠡᠴᠢᠨᠡᠭᠡᠨ ᠡᠳᠦᠷ ᠶᠠᠪᠤᠵᠤ ᠭᠠᠵᠠᠷ ᠢ᠋ ᠪᠠᠷᠠᠭᠰᠠᠨ ᠪᠣᠯᠪᠠᠴᠤ ᠰᠠᠨᠠᠭᠠᠨ ᠳ᠋ᠤ᠌ ᠲᠠᠭᠠᠷᠠᠭᠰᠠᠨ ᠲᠣᠬᠢᠯᠢᠭ ᠭᠠᠵᠠᠷ ᠣᠯᠳᠠᠭᠰᠠᠨ ᠦᠭᠡᠢ ᠭᠡᠨ᠎ᠡ᠃ ᠨᠢᠭᠡ ᠡᠳᠦᠷ ᠯᠠᠮᠠ ᠴᠠᠩᠭᠠᠵᠤ ᠥᠯᠥᠰᠦᠭᠡᠳ ᠶᠠᠳᠠᠷᠠᠬᠤ ᠶ᠋ᠢᠨ ᠲᠤᠢᠯ ᠳ᠋ᠤ᠌ ᠬᠦᠷᠴᠦ᠂ ᠨᠠᠷᠠ ᠰᠢᠩᠭᠡᠬᠦ ᠶ᠋ᠢᠨ ᠠᠯᠳᠠᠰ ᠢ᠋ᠶ᠋ᠠᠷ ᠡᠨᠡ ᠪᠢᠲᠡᠭᠦᠦ ᠠᠭᠤᠯᠠᠨ ᠳ᠋ᠤ᠌ ᠢᠷᠡᠵᠦ ᠷᠠᠰᠢᠶᠠᠨ ᠠ᠋ᠴᠠ ᠤᠤᠭᠤᠵᠤ ᠨᠢᠭᠤᠷ ᠭᠠᠷ ᠢ᠋ᠶ᠋ᠠᠨ ᠤᠬᠢᠶᠠᠭᠠᠳ ᠬᠠᠵᠠᠭᠤ ᠳ᠋ᠤ᠌ ᠨᠢ ᠪᠡᠶ᠎ᠡ ᠪᠡᠨ ᠠᠮᠠᠷᠠᠭᠠᠵᠤ ᠡᠮᠦᠨ᠎ᠡ ᠪᠠᠢᠭ᠎ᠠ ᠵᠡᠷᠭᠡᠴᠡᠭᠡ ᠬᠣᠶᠠᠷ ᠠᠭᠤᠯᠠ ᠶ᠋ᠢᠨ ᠪᠠᠷ᠎ᠠ ᠶ᠋ᠢ ᠬᠠᠷᠠᠭᠠᠳ ᠬᠠᠵᠠᠭᠤᠯᠠᠵᠤ ᠪᠠᠢᠲᠠᠯ᠎ᠠ ᠭᠡᠨᠡᠳᠲᠡ ᠴᠢᠬᠢ ᠳᠦᠯᠡᠢᠷᠡᠭᠦᠯᠦᠮᠡ 《ᠲᠦᠩ》 ᠭᠡᠰᠡᠨ ᠨᠦᠰᠡᠷ ᠳᠠᠭᠤᠨ ᠭᠠᠷᠬᠤ ᠪᠠᠷ ᠵᠡᠭᠦᠨ ᠠᠭᠤᠯᠠ ᠶ᠋ᠢᠨ ᠬᠢᠨᠢ ᠪᠠᠷᠠᠭᠤᠨ ᠡᠩᠭᠡᠷ ᠲᠦ᠍ ᠲᠣᠭᠣᠰᠣ ᠳᠡᠭᠳᠡᠵᠦ ᠨᠢᠭᠡᠨ《ᠤᠯᠠᠭᠠᠨ ᠬᠠᠳᠠᠨ ᠰᠤᠪᠤᠷᠭ᠎ᠠ》 ᠭᠠᠷᠴᠤ ᠢᠷᠡᠭᠰᠡᠨ ᠶᠦᠮ ᠭᠡᠨ᠎ᠡ᠃ ᠯᠠᠮᠠ ᠰᠣᠴᠢᠬᠤ ᠲᠠᠢ ᠠᠶᠤᠬᠤ ᠲᠠᠢ ᠲᠡᠷᠡ ᠳᠣᠣᠷ᠎ᠠ ᠪᠠᠨ ᠡᠷᠢᠭᠡ ᠪᠡᠨ ᠪᠠᠷᠢᠵᠤ ᠵᠠᠯᠪᠠᠷᠢᠭᠠᠳ ᠣᠮ ᠮᠠ ᠨᠢ ᠪᠠᠳ ᠮᠠᠢ ᠬᠣᠩ ᠭᠡᠳᠡᠭ ᠮᠠᠨᠢ ᠶ᠋ᠢᠨ ᠵᠢᠷᠭᠤᠭᠠᠨ ᠦᠰᠦᠭ ᠢ᠋ᠶ᠋ᠡᠨ ᠤᠩᠰᠢᠵᠤ ᠪᠦᠲᠦᠨ ᠰᠥᠨᠢ ᠶ᠋ᠢ ᠥᠩᠭᠡᠷᠡᠭᠦᠯᠵᠡᠢ᠃
ᠳᠠᠷᠠᠭ᠎ᠠ ᠥᠷᠯᠥᠭᠡ ᠨᠢ ᠲᠡᠭᠷᠢ ᠭᠡᠭᠡᠷᠡᠬᠦ ᠪᠡᠷ ᠤᠯᠠᠭᠠᠨ ᠰᠤᠪᠤᠷᠭ᠎ᠠ ᠠᠭᠤᠯᠠ ᠶ᠋ᠢᠨ ᠡᠩᠭᠡᠷ ᠲᠦ᠍ ᠳᠠᠪ ᠪᠣᠰᠤᠭ᠎ᠠ ᠪᠠᠷ ᠢ᠋ᠶ᠋ᠠᠨ ᠪᠠᠢᠬᠤ ᠳ᠋ᠤ᠌ ᠯᠠᠮᠠ ᠶᠡᠬᠡᠳᠡ ᠭᠠᠢᠬᠠᠰᠢ ᠠᠯᠳᠠᠵᠤ ᠲᠡᠷᠡ ᠳᠣᠣᠷ᠎ᠠ ᠪᠠᠨ ᠪᠣᠰᠴᠤ ᠶᠠᠪᠤᠭᠠᠳ ᠳ᠋ᠢᠶᠠᠨ ᠭᠣᠣᠯ ᠢ᠋ ᠲᠤᠭᠤᠯᠵᠤ ᠠᠭᠤᠯᠠ ᠳᠠᠪᠠᠨ ᠤᠯᠠᠭᠠᠨ ᠰᠤᠪᠤᠷᠭ᠎ᠠ ᠶ᠋ᠢᠨ ᠳᠡᠷᠭᠡᠳᠡ ᠣᠴᠢᠵᠤ ᠡᠷᠭᠢᠨ ᠲᠣᠭᠣᠷᠢᠨ ᠰᠢᠨᠵᠢᠵᠦ ᠰᠢᠨᠵᠢᠭᠡᠳ ᠠᠰ ᠬᠣᠢᠰᠢ ᠪᠠᠨ ᠬᠠᠷᠠᠪᠠᠯ ᠥᠨᠳᠥᠷ ᠠᠭᠤᠯᠠ ᠪᠠᠷ ᠬᠦᠷᠢᠶᠡᠯᠡᠭᠳᠡᠭᠰᠡᠨ ᠷᠠᠰᠢᠶᠠᠨ ᠪᠤᠯᠠᠭ ᠤ᠋ᠨ ᠤᠮᠳᠠ ᠲᠠᠢ᠂ ᠨᠠᠷᠠ ᠨᠢᠭᠤᠷᠯᠠᠭᠰᠠᠨ ᠡᠩᠭᠡᠷ ᠲᠡᠢ᠂ ᠡᠭᠦᠯᠡ ᠭᠦᠯᠦᠭᠯᠡᠭᠰᠡᠨ ᠭᠣᠣᠯ ᠲᠠᠢ᠂ ᠤᠯᠠᠭᠠᠨ ᠰᠤᠪᠤᠷᠭ᠎ᠠ ᠶ᠋ᠢᠨ ᠪᠠᠷ᠎ᠠ ᠲᠠᠢ᠂ ᠠ ᠡᠨᠡ ᠭᠠᠵᠠᠷ ᠪᠣᠯ ᠮᠢᠨᠦ ᠰᠦᠮ᠎ᠡ ᠬᠡᠢᠳ ᠪᠠᠢᠭᠤᠯᠵᠤ ᠪᠢᠰᠢᠯᠭᠠᠯ ᠬᠢᠬᠦ ᠪᠡᠷ ᠡᠷᠢᠵᠦ ᠶᠠᠪᠤᠭᠰᠠᠨ ᠭᠠᠵᠠᠷ ᠪᠣᠯᠠᠢ ᠭᠡᠵᠦ ᠵᠠᠯᠪᠠᠷᠢᠨ ᠳᠠᠭᠠᠳᠬᠠᠭᠰᠠᠨ ᠪᠠᠢᠨ᠎ᠠ᠃ ᠢᠡᠭᠭᠡᠭᠡᠳ ᠳᠠᠷᠤᠢ ᠳ᠋ᠤ᠌ ᠨᠢ ᠬᠥᠮᠦᠨ ᠬᠠᠷ᠎ᠠ ᠣᠯᠵᠤ ᠰᠦᠮ᠎ᠡ ᠪᠠᠢᠭᠤᠯᠤᠭᠠᠳ ᠬᠦᠰᠡᠯ ᠢ᠋ᠶ᠋ᠡᠨ ᠪᠡᠶᠡᠯᠡᠭᠦᠯᠵᠦ ᠭᠡᠨ᠎ᠡ᠃
ᠲᠡᠭᠦᠨ ᠡᠴᠡ ᠬᠣᠢᠰᠢ ᠳ᠋ᠢᠶᠠᠨ ᠰᠦᠮ᠎ᠡ ᠨᠢ ᠠᠷᠪᠠᠰ ᠤ᠋ᠨ ᠠᠭᠤᠯᠠᠨ ᠤ᠋ ᠭᠦᠨ ᠵᠢᠯᠠᠭ᠎ᠠ ᠳ᠋ᠤ᠌ ᠦᠶ᠎ᠡ ᠤᠯᠠᠷᠢᠨ ᠣᠯᠠᠨ ᠪᠢᠰᠢᠯᠭᠠᠭᠴᠢᠳ ᠤ᠋ᠨ ᠰᠦᠰᠦᠭᠯᠡᠯ ᠦ᠋ᠨ ᠣᠷᠣᠨ ᠪᠣᠯᠵᠤ ᠥᠨᠥᠳᠥᠷ ᠲᠦ᠍ ᠭᠦᠷᠤᠭᠰᠡᠨ ᠰᠢᠦ ᠭᠡᠵᠦ ᠪᠣ ᠠᠪᠤᠭᠠᠢ ᠬᠤᠨᠳᠠᠭ᠎ᠠ ᠲᠠᠢ ᠠᠷᠢᠬᠢ ᠪᠠᠨ ᠮᠦᠷᠭᠦᠯᠭᠦ ᠵᠠᠭᠤᠷ᠎ᠠ ᠵ ᠠᠪᠤᠭᠠᠢ ᠵᠠᠪᠳᠤᠵᠤ ᠦᠭᠡ ᠶ᠋ᠢ ᠨᠢ ᠡᠯᠭᠦᠵᠦ ᠠᠪᠤᠭᠠᠳ ᠲᠠᠨᠤᠰ ᠰᠠᠶᠢᠬᠠᠨ ᠳᠡᠭᠡᠳᠦ ᠰᠤᠪᠤᠷᠭ᠎ᠠ ᠶ᠋ᠢᠨ ᠡᠭᠦᠳᠡᠨ ᠲᠠᠯ᠎ᠠ ᠳ᠋ᠤ᠌ ᠭᠣᠣᠯ ᠤ᠋ᠨ ᠳᠡᠨᠵᠢ ᠡᠭᠴᠡ ᠬᠠᠳᠠᠨ ᠤ᠋ ᠢᠷᠮᠡᠭ ᠳᠡᠭᠡᠷ᠎ᠡ ᠨᠢᠭᠡ ᠲᠠᠪᠠᠭ ᠬᠠᠢᠯᠠᠰᠤ ᠤᠷᠭᠤᠵᠤ ᠪᠠᠢᠬᠤ ᠶ᠋ᠢ ᠠᠵᠢᠶᠠᠷᠠᠪᠠ ᠤ᠋ᠤ ? ᠲᠡᠷᠡ ᠬᠠᠢᠯᠠᠰᠤ ᠶ᠋ᠢ 《ᠰᠠᠬᠢᠭᠤᠯᠰᠤᠨ ᠮᠣᠳᠣ》 ᠭᠡᠳᠡᠭ ᠃ ᠬᠡᠴᠢᠨᠡᠭᠡᠨ ᠵᠢᠯ ᠪᠣᠯᠤᠭᠰᠠᠨ ᠢ᠋ ᠬᠡᠨ ᠴᠤ᠌ ᠮᠡᠳᠡᠬᠦ ᠦᠭᠡᠢ ᠶᠦᠮ᠃ ᠰᠠᠯᠠᠭ᠎ᠠ ᠨᠠᠮᠠᠭ᠎ᠠ ᠠ᠋ᠴᠠ ᠨᠢ ᠣᠯᠠᠨ ᠥᠩᠭᠡ ᠶ᠋ᠢᠨ ᠬᠠᠳᠠᠭ ᠡᠯᠭᠦᠵᠦ ᠪᠠᠢᠳᠠᠭ ᠢ᠋ᠶ᠋ᠠᠷ ᠪᠠᠷᠠᠬᠤ ᠦᠭᠡᠢ ᠵᠠᠷᠢᠮ ᠰᠠᠯᠠᠭᠠᠨ ᠳ᠋ᠤ᠌ ᠨᠢ ᠢᠰᠢᠭᠡ ᠢᠮᠨᠡᠭᠰᠡᠨ ᠴᠢᠬᠢᠨ ᠮᠠᠯᠲᠠᠭᠠᠰᠤ ᠶ᠋ᠢ ᠬᠡᠯᠬᠢᠭᠡᠳ ᠰᠣᠨᠳᠣᠷ ᠰᠢᠭ᠋ ᠵᠡᠭᠦᠭᠰᠡᠨ ᠪᠠᠢᠳᠠᠭ ᠶᠤᠮ᠃
ᠬᠠᠢᠯᠠᠰᠤᠨ ᠤ᠋ ᠢᠷᠣᠭᠠᠷ ᠲᠤ᠌ ᠬᠥᠮᠦᠨ ᠦ᠌ ᠤᠷᠤᠭᠤᠯ ᠠᠮᠠ ᠮᠡᠲᠦ ᠠᠩᠭᠠᠢᠵᠤ ᠳᠡᠷᠪᠡᠢᠭᠰᠡᠨ ᠬᠡᠯᠪᠡᠷᠢ ᠲᠡᠢ ᠶᠠᠩᠵᠤ ᠶ᠋ᠢᠨ ᠮᠣᠳᠣᠨ ᠶᠠᠷ᠎ᠠ ᠴᠤ᠌ ᠶᠤᠮ ᠤ᠋ᠤ᠂ ᠳᠠᠯᠠᠩ ᠴᠤ᠌ ᠶᠤᠮ ᠤ᠋ᠤ ᠭᠡᠮᠡᠷ ᠪᠠᠨᠲᠠᠭᠠᠢ ᠲᠠᠢ ᠪᠣᠢ᠃ ᠲᠡᠭᠡᠪᠡᠯ ᠲᠤᠰ ᠰᠦᠮ᠎ᠡ ᠳ᠋ᠦ᠍ ᠭᠤᠴᠢᠨ ᠵᠢᠯ ᠰᠠᠭᠤᠵᠤ ᠦᠢᠯᠡᠴᠢᠯᠡᠭᠡ ᠶ᠋ᠢᠨ ᠠᠵᠢᠯ ᠬᠢᠭᠰᠡᠨ ᠴᠠᠭᠠᠨᠳᠠᠮᠠ ᠨᠠᠰᠤᠲᠠᠨ ᠤ᠋ ᠬᠡᠯᠡᠬᠦ ᠪᠡᠷ ᠰᠣᠶᠣᠯ ᠤ᠋ᠨ ᠬᠤᠪᠢᠰᠬᠠᠯ ᠤ᠋ᠨ ᠤᠯᠠᠭᠠᠨ ᠰᠢᠭᠤᠷᠭᠠᠨ ᠤ᠋ ᠳᠤᠮᠳᠠ 《ᠳᠥᠷᠪᠡᠨ ᠬᠠᠭᠤᠴᠢᠨ》 ᠢ᠋ ᠡᠪᠳᠡᠬᠦ ᠬᠥᠳᠡᠯᠭᠡᠭᠡᠨ ᠳ᠋ᠦ᠍ ᠰᠦᠮ᠎ᠡ ᠬᠡᠢᠳ ᠢ᠋ ᠪᠠᠯᠪᠠᠴᠢᠵᠤ ᠯᠠᠮᠠ ᠬᠤᠸᠠᠷᠠᠭ ᠢ᠋ ᠲᠡᠮᠡᠴᠡᠵᠦ ᠥᠭᠡᠷᠡᠴᠢᠯᠡᠯᠲᠡ ᠬᠢᠵᠦ ᠪᠠᠢᠬᠤ ᠴᠠᠭ ᠦᠶ᠎ᠡ ᠳ᠋ᠦ᠍ ᠳ᠋ᠢᠶᠠᠨ ᠰᠦᠮ᠎ᠡ ᠶ᠋ᠢᠨ ᠣᠷᠴᠢᠮ《ᠴᠠᠪᠴᠢᠷ᠎ᠠ ᠶ᠋ᠢᠨ ᠨᠡᠭᠦᠷᠡᠰᠦᠨ ᠠᠭᠤᠷᠬᠠᠢ》 ᠨᠡᠭᠡᠭᠡᠭᠳᠡᠵᠦ ᠶᠡᠬᠡ ᠪᠡᠷ ᠲᠤᠯᠭᠠᠭᠤᠷᠢ ᠮᠣᠳᠣ ᠬᠡᠷᠡᠭᠴᠡᠭᠡ ᠲᠡᠢ ᠪᠣᠯᠵᠠᠢ᠃ ᠢᠡᠭᠭᠡᠭᠡᠳ ᠰᠦᠮ᠎ᠡ ᠶ᠋ᠢᠨ ᠬᠠᠪᠢ ᠪᠠᠷ ᠬᠢ ᠪᠠᠢᠭᠠᠯᠢ ᠠᠬᠤᠢ ᠶ᠋ᠢ ᠡᠪᠳᠡᠯᠡᠨ ᠮᠣᠳᠣ ᠶ᠋ᠢ ᠬᠢᠷᠥᠭᠡᠳᠡᠵᠦ ᠴᠠᠪᠴᠢᠭᠠᠳ ᠳᠡᠭᠡᠳᠦ ᠰᠤᠪᠤᠷᠭ᠎ᠠ ᠶ᠋ᠢᠨ ᠡᠮᠦᠨᠡᠬᠢ ᠬᠡᠳᠦᠨ ᠲᠠᠪᠠᠭ ᠳᠡᠭᠡᠷ᠎ᠡ ᠬᠦᠷᠴᠦ ᠣᠯᠠᠨ ᠬᠥᠮᠦᠰ ᠨᠢ ᠶᠠᠪᠤᠭᠠᠳ ᠭᠤᠷᠪᠠ ᠨᠢ ᠦᠯᠡᠳᠡᠵᠦ ᠦᠷᠭᠦᠯᠵᠢᠯᠡᠨ ᠬᠢᠷᠥᠭᠡᠳᠡᠵᠦ ᠭᠡᠨ᠎ᠡ᠃ ᠬᠠᠮᠤᠭ ᠰᠡᠭᠦᠯ ᠦ᠋ᠨ ᠨᠢᠭᠡ ᠲᠠᠪᠠᠭ ᠳᠡᠭᠡᠷ᠎ᠡ ᠢᠷᠡᠭᠡᠳ ᠬᠢᠷᠥᠭᠡᠳᠡᠵᠦ ᠪᠠᠢᠲᠠᠯ᠎ᠠ ᠭᠡᠨᠡᠳᠲᠡ ᠨᠢᠭᠡ ᠨᠢ ᠴᠢᠰᠤ ᠪᠠᠷ ᠪᠥᠭᠡᠯᠵᠢᠵᠦ ᠪᠠᠷᠢᠨ ᠳᠣᠣᠷ᠎ᠠ ᠨᠢ ᠦᠬᠦᠵᠦ ᠭᠡᠨ᠎ᠡ᠃ ᠬᠠᠵᠠᠭᠤ ᠳ᠋ᠤ᠌ ᠨᠢ ᠪᠠᠢᠭᠰᠠᠨ ᠨᠢᠭᠡ ᠨᠢ ᠮᠠᠭᠤ ᠪᠣᠯᠤᠭᠰᠠᠨ ᠢ᠋ ᠦᠵᠡᠭᠡᠳ ᠠᠶᠤᠬᠤ ᠳ᠋ᠤ᠌ ᠪᠠᠨ ᠳᠤᠲᠠᠭᠠᠵᠠᠢ᠃ ᠨᠥᠭᠦᠭᠡ ᠨᠢᠭᠡ ᠨᠢ ᠰᠦᠮ᠎ᠡ ᠶ᠋ᠢᠨ ᠴᠢᠳᠬᠥᠷ ᠡᠴᠡ ᠴᠤ᠌ ᠠᠶᠤᠭᠰᠠᠨ ᠦᠭᠡᠢ ᠪᠠᠢᠭᠠᠳ ᠡᠭᠦᠨ ᠡᠴᠡ ᠶᠠᠭᠤᠨ ᠳ᠋ᠤ᠌ ᠠᠶᠤᠬᠤ ᠪᠣᠢ ᠭᠡᠳ ᠵᠠᠯᠭᠠᠭᠠᠳ ᠬᠢᠷᠥᠭᠡᠳᠡᠵᠦ ᠭᠡᠨ᠎ᠡ᠃ ᠲᠡᠷᠡ ᠦᠶ᠎ᠡ ᠳ᠋ᠦ᠍ ᠮᠣᠳᠣ᠄《ᠨᠠᠮ᠎ᠠ ᠶ᠋ᠢ ᠪᠤᠤ ᠬᠢᠷᠥᠭᠡᠳᠡ》 ᠭᠡᠵᠦ ᠬᠡᠯᠡᠬᠦ ᠲᠡᠢ ᠵᠡᠷᠭᠡ ᠭᠢᠷᠤᠭᠡᠨ ᠢᠷ ᠢ᠋ ᠳᠠᠭᠠᠭᠠᠳ ᠤᠯᠠᠭᠠᠨ ᠴᠢᠰᠤ ᠤᠷᠤᠰᠴᠤ ᠭᠡᠨ᠎ᠡ᠃ ᠲᠡᠷᠡ ᠬᠥᠮᠦᠨ ᠴᠢᠰᠤ ᠶ᠋ᠢ ᠦᠵᠡᠭᠡᠳ ᠲᠤᠢᠯ ᠢ᠋ᠶ᠋ᠠᠷ ᠠᠶᠤᠵᠤ ᠰᠣᠴᠢᠨ ᠶᠠᠭᠠᠬᠢᠬᠤ ᠪᠠᠨ ᠣᠯᠬᠤ ᠦᠭᠡᠢ ᠪᠠᠯᠠᠭ ᠠᠯᠳᠠᠵᠤ ᠪᠠᠢᠲᠠᠯ᠎ᠠ ᠬᠠᠮᠠᠷ ᠠ᠋ᠴᠠ ᠨᠢ ᠪᠠᠰᠠ ᠴᠢᠰᠤ ᠭᠣᠭᠣᠵᠢᠭᠠᠳ ᠲᠣᠭᠲᠠᠬᠤ ᠦᠭᠡᠢ ᠪᠣᠯᠬᠤ ᠳ᠋ᠤ᠌ ᠲᠦᠷᠭᠡᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠠᠪᠤᠷᠠᠯᠲᠠ ᠬᠢᠭᠡᠳ ᠰᠠᠶᠢ ᠠᠮᠢ ᠮᠡᠨᠳᠦ ᠭᠠᠷᠴᠤ ᠭᠡᠨ᠎ᠡ᠃ ᠰᠡᠭᠦᠯᠡᠷ ᠨᠢ ᠲᠡᠷᠡ ᠮᠣᠳᠣ ᠤᠰᠤ ᠤᠮᠳᠠ ᠰᠢᠮ᠎ᠡ ᠲᠡᠵᠢᠭᠡᠯ ᠬᠦᠷᠬᠦ ᠦᠭᠡᠢ ᠡᠴᠡ ᠪᠣᠯᠵᠤ ᠬᠠᠲᠠᠵᠤ ᠦᠬᠦᠮᠡᠷ ᠪᠠᠢᠬᠤ ᠳ᠋ᠤ᠌᠂ ᠰᠦᠮ᠎ᠡ ᠶ᠋ᠢᠨ ᠯᠠᠮᠠ ᠬᠤᠸᠠᠷᠠᠭ ᠪᠢᠰᠢᠯᠭᠠᠯ ᠬᠢᠭᠰᠡᠳ ᠳ᠋ᠢᠶᠠᠨ ᠭᠣᠣᠯ ᠠ᠋ᠴᠠ ᠵᠠᠮᠠᠭ ᠱᠦᠭᠦᠵᠦ ᠠᠪᠴᠢᠷᠠᠭᠠᠳ ᠰᠢᠷᠬ᠎ᠠ ᠶ᠋ᠢ ᠨᠢ ᠴᠢᠩᠭᠠᠬᠠᠨ ᠪᠠᠭᠯᠠᠵᠤ ᠪᠣᠭᠣᠵᠤ ᠲᠠᠯᠪᠢᠭᠰᠠᠨ ᠠ᠋ᠴᠠ ᠳᠠᠬᠢᠨ ᠰᠠᠢᠬᠠᠨ ᠠᠮᠢᠯᠠᠵᠤ ᠤᠷᠭᠤᠭᠰᠠᠨ ᠶᠤᠮ᠃ ᠲᠤᠬᠠᠢ ᠶ᠋ᠢᠨ ᠬᠢᠷᠥᠭᠡᠳᠡᠭᠰᠡᠨ ᠣᠷᠣᠮ ᠨᠢ ᠣᠳᠣᠬᠢ ᠶ᠋ᠢᠨ ᠲᠡᠷᠡ ᠪᠠᠨᠲᠠᠭᠠᠢ ᠶᠠᠷ᠎ᠠ ᠪᠣᠯᠤᠨ᠎ᠠ᠃ ᠲᠡᠭᠦᠨ ᠡᠴᠡ ᠬᠣᠢᠰᠢ ᠡᠨᠡ ᠬᠠᠢᠯᠠᠰᠤ ᠶ᠋ᠢ ᠰᠠᠬᠢᠭᠤᠯᠰᠤᠨ ᠮᠣᠳᠣ ᠭᠡᠵᠦ ᠰᠦᠰᠦᠭᠯᠡᠨ ᠬᠣᠯᠠ ᠣᠢᠷ᠎ᠠ ᠶ᠋ᠢᠨ ᠬᠥᠮᠦᠰ ᠢᠷᠡᠵᠦ ᠮᠥᠷᠭᠥᠬᠦ ᠡᠷᠡᠭᠦᠯ ᠡᠩᠬᠡ᠂ ᠠᠮᠤᠷ ᠮᠡᠨᠳᠦ᠂ ᠠᠵᠤ ᠠᠮᠢᠳᠤᠷᠠᠯ᠂ ᠬᠡᠰᠢᠭ ᠪᠤᠶᠠᠨ ᠠᠮᠢ ᠨᠠᠰᠤ᠂ ᠮᠠᠯ ᠰᠦᠷᠦᠭ ᠢ᠋ᠶ᠋ᠡᠨ ᠬᠦᠷᠲᠡᠯ᠎ᠡ ᠠᠮᠠᠯᠳᠠᠨ ᠳᠠᠭᠠᠳᠬᠠᠭᠰᠠᠭᠠᠷ ᠢᠷᠡᠭᠰᠡᠨ ᠭᠡᠨ᠎ᠡ ᠭᠡᠪᠡ᠃
ᠦᠭᠡ ᠣᠯᠠᠳᠠᠵᠤ ᠦᠯᠢᠭᠡᠷ ᠦᠷᠭᠦᠯᠵᠢᠯᠡᠭᠰᠡᠭᠡᠷ ᠴᠠᠭ ᠪᠠᠬᠠᠨ ᠣᠷᠣᠢᠲᠠᠬᠤ ᠪᠠᠷ ᠬᠡᠨ ᠠᠯᠢᠨ ᠨᠢ ᠪᠦᠷ ᠮᠠᠷᠭᠠᠰᠢ ᠥᠷᠯᠥᠭᠡ ᠶ᠋ᠢᠨ ᠠᠭᠤᠯᠠ ᠳᠠᠪᠠᠬᠤ ᠤᠴᠢᠷ ᠶᠠᠪᠤᠳᠠᠯ ᠳ᠋ᠤ᠌ ᠪᠠᠨ ᠰᠠᠨᠠᠭ᠎ᠠ ᠪᠣᠯᠤᠨ᠎ᠠ᠃ ᠣᠷᠣᠢ ᠨᠢ ᠮᠠᠨᠤᠰ ᠪᠤᠶᠠᠨ ᠲᠠᠢ ᠬᠣᠶᠠᠷ ᠵᠠᠮ ᠤ᠋ᠨ ᠠᠬᠠᠯᠠᠭᠴᠢ ᠶ᠋ᠢᠨ ᠠᠴᠢ ᠪᠠᠷ ᠰᠦᠮ᠎ᠡ ᠶ᠋ᠢᠨ ᠣᠯᠠᠨ ᠮᠠᠮᠠ ᠨᠠᠷ ᠤ᠋ᠨ ᠨᠣᠮ ᠤᠩᠰᠢᠵᠤ ᠬᠤᠷᠠᠯ ᠬᠤᠷᠠᠬᠤ ᠳ᠋ᠤ᠌ ᠬᠣᠨᠣᠵᠤ ᠥᠨᠵᠢᠳᠡᠭ ᠴᠡᠪᠡᠷ ᠲᠣᠬᠢᠯᠢᠭ ᠪᠠᠢᠷᠢᠨ ᠳ᠋ᠤ᠌ ᠮᠥᠩᠭᠥ ᠵᠣᠭᠣᠰ ᠦᠭᠡᠢ ᠠᠮᠤᠷ ᠲᠣᠭᠲᠠᠭᠤᠨ ᠬᠣᠨᠣᠬᠤ ᠪᠣᠯᠤᠭᠰᠠᠨ ᠨᠢ ᠬᠤᠪᠢ ᠪᠠᠷ ᠣᠯᠳᠠᠭᠰᠠᠨ ᠥᠨᠥᠳᠥᠷ ᠦ᠋ᠨ ᠠᠵᠠ ᠭᠡᠵᠦ ᠮᠡᠳᠡ᠃
ᠳ᠋ᠢᠶᠠᠨ ᠰᠦᠮ᠎ᠡ ᠶ᠋ᠢᠨ ᠨᠠᠷᠠ ᠭᠠᠷᠬᠤ ᠨᠢ ᠣᠷᠣᠢ᠂ ᠰᠢᠩᠭᠡᠬᠦ ᠨᠢ ᠡᠷᠲᠡ ᠭᠡᠵᠦ ᠬᠡᠯᠡᠳᠡᠭ ᠨᠢ ᠦᠨᠡᠨ ᠶᠦᠮ ᠪᠠᠢᠨ᠎ᠠ᠃ ᠣᠷᠣᠢ ᠶ᠋ᠢᠨ ᠳᠣᠯᠣᠭᠠᠨ ᠴᠠᠭ ᠤ᠋ᠨ ᠠᠯᠳᠠᠰ ᠢ᠋ᠶ᠋ᠠᠷ ᠨᠠᠷᠠ ᠠᠭᠤᠯᠠ ᠶ᠋ᠢᠨ ᠴᠠᠭᠠᠨ᠎ᠠ ᠣᠷᠣᠵᠤ ᠠᠯᠭᠤᠷ ᠢ᠋ᠶ᠋ᠠᠷ ᠰᠥᠨᠢ ᠶ᠋ᠢᠨ ᠬᠥᠰᠢᠭᠡ ᠪᠠᠭᠤᠯ᠎ᠠ᠃ ᠦᠳᠡᠰᠢ ᠰᠠᠨᠠᠭᠠᠨ ᠳ᠋ᠤ᠌ ᠲᠠᠭᠠᠯᠠᠭᠳᠠᠭᠰᠠᠨ ᠨᠢᠭᠡ ᠡᠳᠦᠷ ᠦ᠋ᠨ ᠦᠯᠢᠭᠡᠷ ᠤᠴᠢᠷ ᠪᠣᠳᠣᠯ ᠰᠡᠳᠬᠢᠯ ᠳ᠋ᠦ᠍ ᠡᠷᠭᠢᠯᠳᠦᠬᠦ ᠪᠡᠷ ᠨᠣᠢᠷ ᠬᠤᠯᠵᠢᠵᠤ ᠭᠠᠳᠠᠨ᠎ᠠ ᠭᠠᠷᠪᠠᠯ ᠣᠭᠲᠠᠷᠭᠤᠢ ᠲᠣᠪ ᠲᠤᠩᠭᠠᠯᠠᠭ ᠣᠳᠣᠨ ᠮᠡᠴᠢᠳ ᠭᠢᠯᠠᠯᠵᠠᠨ᠎ᠠ᠃ ᠨᠠᠮ᠎ᠠ ᠶ᠋ᠢ ᠪᠠᠭ᠎ᠠ ᠪᠠᠢᠬᠤ ᠳ᠋ᠤ᠌ ᠵᠤᠨ ᠤ᠋ ᠦᠳᠡᠰᠢ ᠭᠡᠷ ᠲᠦ᠍ ᠪᠥᠭᠰᠢᠬᠦ ᠪᠡᠷ ᠭᠠᠳᠠᠨ᠎ᠠ ᠭᠠᠷᠴᠤ ᠮᠠᠩᠬᠠᠨ ᠳᠡᠭᠡᠷ᠎ᠡ ᠡᠵᠢ ᠲᠡᠢ ᠪᠡᠨ ᠬᠠᠮᠲᠤ ᠰᠡᠷᠢᠭᠦᠴᠡᠨ ᠰᠠᠭᠤᠬᠤ ᠳ᠋ᠤ᠌ ᠶᠠᠭ ᠯᠠ ᠡᠢᠮᠦ ᠪᠠᠢᠭᠰᠠᠨ᠃ ᠡᠵᠢ ᠲᠡᠭᠷᠢ ᠶ᠋ᠢᠨ ᠣᠳᠣᠳ ᠢ᠋ ᠵᠢᠭᠠᠵᠤ᠂ ᠠᠯᠲᠠᠢ ᠬᠠᠩᠭᠠᠢ ᠶ᠋ᠢᠨ ᠠᠷᠤ ᠳ᠋ᠤ᠌ ᠠᠷᠪᠠᠨ ᠲᠦᠮᠡᠨ ᠠᠳᠤᠭᠤ ᠪᠣᠢ᠂ ᠲᠣᠭ᠎ᠠ ᠶ᠋ᠢ ᠨᠢ ᠠᠪᠤᠭᠰᠠᠨ ᠳᠣᠯᠣᠭ᠎ᠠ ᠪᠣᠢ᠂ ᠲᠣᠪᠴᠢᠯᠠᠭᠰᠠᠨ ᠭᠤᠷᠪᠠ ᠪᠣᠢ᠂ ᠬᠠᠢᠴᠢᠨ ᠢᠮ(ᠡᠩ) ᠲᠡᠢ ᠵᠢᠷᠭᠤᠭ᠎ᠠ ᠪᠣᠢ᠂ ᠬᠠᠷ᠎ᠠ ᠴᠠᠭᠠᠨ ᠢ᠋ ᠢᠯᠭᠠᠳᠠᠭ ᠬᠣᠶᠠᠷ ᠪᠣᠢ ᠭᠡᠵᠦ ᠣᠨᠢᠰᠣᠭ᠎ᠠ ᠲᠠᠭᠠᠯᠭᠠᠵᠤ ᠪᠠᠢᠪᠠ᠃ ᠲᠡᠭᠡᠪᠡᠯ ᠠᠷᠪᠠᠨ ᠲᠦᠮᠡᠨ ᠠᠳᠤᠭᠤ ᠭᠡᠳᠡᠭ ᠨᠢ ᠲᠡᠭᠷᠢ ᠳᠡᠭᠡᠷᠡᠬᠢ ᠣᠯᠠᠨ ᠣᠳᠣᠳ ᠢ᠋ ᠵᠢᠭᠠᠳᠠᠭ ᠶᠤᠮ᠂ ᠲᠣᠭ᠎ᠠ ᠶ᠋ᠢ ᠨᠢ ᠠᠪᠤᠭᠰᠠᠨ ᠳᠣᠯᠣᠭ᠎ᠠ ᠭᠡᠳᠡᠭ ᠨᠢ ᠣᠳᠣᠳ ᠤ᠋ᠨ ᠳᠤᠮᠳᠠ ᠲᠣᠬᠣᠢ ᠰᠢᠭ᠋ ᠳᠣᠬᠢᠢᠭᠰᠠᠨ ᠳᠣᠯᠣᠭᠠᠨ ᠣᠳᠣ ᠪᠠᠢᠳᠠᠭ ᠲᠡᠭᠦᠨ ᠢ᠋ ᠳᠣᠯᠣᠭᠠᠨ ᠪᠤᠷᠬᠠᠳ ᠭᠡᠳᠡᠭ ᠶᠦᠮ᠂ ᠮᠠᠨ ᠤ᠋ ᠮᠣᠩᠭᠣᠯᠴᠤᠳ ᠴᠠᠭᠠᠨ ᠰᠠᠷ᠎ᠠ ᠶ᠋ᠢᠨ ᠰᠢᠨ᠎ᠡ ᠶ᠋ᠢᠨ ᠳᠣᠯᠣᠭᠠᠨ ᠢ᠋ ᠪᠠᠭ᠎ᠠ ᠰᠢᠨ᠎ᠡ ᠭᠡᠵᠦ ᠳᠣᠯᠣᠭᠠᠨ ᠪᠤᠷᠬᠠᠳ ᠢ᠋ᠶ᠋ᠠᠨ ᠳᠠᠬᠢᠳᠠᠭ ᠵᠠᠩᠰᠢᠯ ᠲᠠᠢ ᠪᠢᠯᠡ᠃ ᠳᠣᠯᠣᠭᠠᠨ ᠪᠤᠷᠬᠠᠳ ᠢ᠋ ᠬᠡᠦᠬᠡᠳ ᠦ᠋ᠨ ᠪᠤᠷᠬᠠᠨ ᠭᠡᠵᠦ ᠶᠠᠷᠢᠳᠠᠭ ᠠ᠋ᠴᠠ ᠰᠠᠢᠲᠤᠷ ᠳᠠᠬᠢᠪᠠᠯ ᠬᠡᠦᠬᠡᠳ ᠨᠢᠭᠡ ᠵᠢᠯ ᠡᠪᠡᠳᠴᠢᠨ ᠵᠣᠪᠠᠯᠠᠩ ᠣᠷᠣᠬᠤ ᠦᠭᠡᠢ ᠡᠷᠡᠭᠦᠯ ᠡᠩᠬᠡ ᠪᠡᠷ ᠲᠣᠷᠨᠢᠨ ᠪᠣᠢᠵᠢᠳᠠᠭ ᠶᠤᠮ ᠭᠡᠰᠡᠨ ᠬᠡᠯᠡᠯᠭᠡ ᠲᠡᠢ᠂ ᠲᠣᠪᠴᠢᠯᠠᠭᠰᠠᠨ ᠭᠤᠷᠪᠠ ᠭᠡᠳᠡᠭ ᠨᠢ ᠭᠤᠷᠪᠠᠨ ᠮᠠᠷᠠᠯ ᠢ᠋ ᠬᠡᠯᠡᠵᠦ᠂ ᠬᠠᠢᠴᠢᠨ ᠢᠮ (ᠡᠩ) ᠲᠡᠢ ᠵᠢᠷᠭᠤᠭ᠎ᠠ ᠭᠡᠳᠡᠭ ᠨᠢ ᠵᠢᠷᠭᠤᠭᠠᠨ ᠮᠡᠴᠢᠳ ᠢ᠋ ᠵᠢᠭᠠᠵᠤ᠂ ᠬᠠᠷ᠎ᠠ ᠴᠠᠭᠠᠨ ᠢ᠋ ᠢᠯᠭᠠᠳᠠᠭ ᠬᠣᠶᠠᠷ ᠭᠡᠳᠡᠭ ᠨᠢ ᠨᠠᠷᠠ ᠰᠠᠷ᠎ᠠ ᠶ᠋ᠢ ᠬᠡᠯᠡᠳᠡᠭ ᠰᠢᠦ ᠭᠡᠮᠡᠨ ᠨᠢᠭᠡᠳ ᠨᠢᠭᠡ ᠪᠡᠷ ᠶᠠᠷᠢᠳᠠᠭ ᠯᠠ ᠪᠠᠢᠭᠰᠠᠨ ᠶᠤᠮ᠃
ᠬᠣᠵᠢᠮ ᠨᠢ ᠬᠣᠲᠠ ᠵᠡᠭᠡᠯᠢ ᠬᠡᠰᠦᠵᠦ ᠴᠠᠬᠢᠯᠭᠠᠨ ᠳ᠋ᠧᠩ ᠭᠡᠷᠡᠯ ᠲᠡᠢ ᠭᠠᠵᠠᠷ ᠵᠢᠯ ᠤᠳᠠᠭᠠᠨ ᠠᠮᠢᠳᠤᠷᠠᠵᠤ ᠰᠠᠭᠤᠭᠰᠠᠨ ᠠ᠋ᠴᠠ ᠰᠥᠨᠢ ᠪᠣᠯᠪᠠᠯ ᠵᠥᠪᠬᠡᠨ ᠰᠠᠷ᠎ᠠ ᠭᠠᠷᠴᠤ ᠰᠢᠩᠭᠡᠬᠦ ᠶ᠋ᠢ ᠲᠣᠳᠣᠷᠬᠠᠢ ᠣᠯᠵᠤ ᠦᠵᠡᠳᠡᠭ ᠡᠴᠡ ᠪᠢᠰᠢ ᠬᠠᠷᠢᠨ ᠣᠳᠣ ᠮᠡᠴᠢᠳ ᠢ᠋ ᠶᠡᠷᠦ ᠠᠩᠬᠠᠷᠴᠤ ᠦᠵᠡᠳᠡᠭ ᠦᠭᠡᠢ ᠪᠣᠯᠤᠭᠰᠠᠨ ᠶᠤᠮ᠃ ᠥᠨᠥ ᠰᠥᠨᠢ ᠥᠨᠳᠥᠷ ᠠᠭᠤᠯᠠᠨ ᠳ᠋ᠤ᠌ ᠬᠦᠷᠢᠶᠡᠯᠡᠭᠳᠡᠭᠰᠡᠨ ᠳ᠋ᠢᠶᠠᠨ ᠰᠦᠮ᠎ᠡ ᠶ᠋ᠢᠨ ᠳ᠋ᠧᠩ ᠭᠡᠷᠡᠯ ᠦᠭᠡᠢ ᠬᠠᠷᠠᠩᠭᠤᠢ ᠣᠷᠴᠢᠨ ᠳ᠋ᠤ᠌ ᠲᠡᠭᠷᠢ ᠳᠦᠭᠦᠷᠡᠩ ᠣᠳᠣᠨ ᠮᠡᠴᠢᠳ ᠭᠢᠯᠠᠯᠵᠠᠨ ᠬᠠᠷᠠᠭᠳᠠᠬᠤ ᠨᠢ ᠰᠠᠨᠠᠭᠠᠨ ᠳ᠋ᠤ᠌ ᠦᠭᠡᠢ ᠪᠠᠭ᠎ᠠ ᠶ᠋ᠢᠨ ᠤᠴᠢᠷ ᠶᠠᠪᠤᠳᠠᠯ ᠢ᠋ ᠪᠤᠳᠤᠭᠳᠤᠭᠤᠯᠤᠭᠰᠠᠨ ᠨᠢ ᠥᠨᠥᠳᠥᠷ ᠦ᠋ᠨ ᠵᠤᠭᠠᠴᠠᠯ ᠤ᠋ᠨ ᠪᠠᠰᠠ ᠨᠢᠭᠡ ᠶᠡᠬᠡ ᠣᠯᠵᠠ ᠭᠡᠵᠦ ᠪᠣᠯᠤᠨ᠎ᠠ᠃
