ᠲᠡᠷᠡ ᠨᠢᠭᠡᠨ ᠣᠳᠣ -ᠡᠷᠬᠡТэр нэгэн од-Эрх
ᠲᠡᠷᠡ ᠨᠢᠭᠡᠨ ᠣᠳᠣ
ᠵᠣᠬᠢᠶᠠᠭᠴᠢ᠄ ᠡᠷᠬᠡ
ᠤᠶᠠᠩᠭᠠᠯᠠᠭᠴᠢ᠄ ᠡᠷᠬᠡ
ᠨᠡᠷᠡᠲᠦ ᠳ᠋ᠦ᠍ ᠤᠴᠠᠷᠠᠬᠤ ᠵᠠᠶᠠᠭᠠᠨ ᠳ᠋ᠤ᠌ ᠮᠢᠨᠢ
ᠨᠠᠨᠳᠢᠨ ᠰᠡᠳᠬᠢᠯ ᠦ᠋ᠨ ᠡᠭᠡᠰᠢᠭ
ᠠᠯᠠᠭᠠᠨ ᠵᠢᠷᠤᠭᠠᠰᠤ ᠰᠢᠭ᠋ ᠠᠮᠢᠳᠤᠷᠠᠯ ᠳ᠋ᠤ᠌ ᠮᠢᠨᠢ
ᠠᠵᠠ ᠪᠡᠯᠡᠭᠯᠡᠭᠰᠡᠨ ᠨᠠᠢᠷᠠᠭ
ᠢᠲᠡᠭᠡᠯ ᠰᠡᠳᠬᠢᠯ ᠬᠣᠶᠠᠷ ᠲᠤ᠌ ᠮᠢᠨᠢ
ᠢᠷᠦᠭᠡᠯ ᠳᠠᠯᠠᠯᠤᠭᠰᠠᠨ ᠲᠠᠪᠢᠯᠠᠩ
ᠡᠷᠬᠡ ᠲᠠᠩᠬᠢᠯᠬᠠᠨ ᠨᠠᠰᠤᠨ ᠳ᠋ᠤ᠌ ᠮᠢᠨᠢ
ᠡᠷᠴᠢ ᠨᠡᠮᠡᠭᠰᠡᠨ ᠢᠲᠡᠭᠡᠯ
ᠦᠨᠡᠨ ᠢ᠋ ᠬᠠᠢᠭᠰᠠᠨ ᠵᠢᠷᠦᠬᠡᠨ ᠳ᠋ᠦ᠍ ᠮᠢᠨᠢ
ᠥᠷᠥᠪᠴᠢᠬᠡᠨ ᠬᠠᠢᠷ᠎ᠠ ᠶ᠋ᠢᠨ ᠲᠩᠷᠢ
ᠭᠡᠨᠡᠨ ᠴᠠᠢᠯᠭᠠᠨ ᠰᠡᠳᠬᠢᠯ ᠳ᠋ᠦ᠍ ᠮᠢᠨᠢ
ᠭᠡᠷᠡᠯ ᠢ᠋ᠶ᠋ᠡᠨ ᠢᠪᠡᠭᠡᠭᠰᠡᠨ ᠨᠠᠷᠠᠨ
ᠰᠡᠪ ᠦᠭᠡᠢ ᠠᠷᠢᠭᠤᠨ ᠳᠤᠷᠠᠯᠠᠯ ᠳ᠋ᠤ᠌ ᠮᠢᠨᠢ
ᠰᠠᠨᠰᠠᠷ ᠲᠤ᠌ ᠮᠡᠯᠮᠡᠷᠡᠬᠦ ᠰᠠᠷ᠎ᠠ
ᠰᠣᠷᠮᠤᠤᠰᠤᠨ ᠨᠢ ᠳᠡᠯᠪᠢᠭᠡᠨ ᠳ᠋ᠦ᠍ ᠮᠢᠨᠢ
ᠰᠤᠪᠤᠳᠷᠠᠵᠤ ᠬᠡᠯᠬᠢᠭᠰᠡᠨ ᠬᠤᠷ᠎ᠠ
ᠪᠤᠯᠭᠢᠯᠠᠬᠤ ᠡᠮᠵᠡᠭᠬᠡᠨ ᠪᠣᠳᠣᠯ ᠳ᠋ᠤ᠌ ᠮᠢᠨᠢ
ᠪᠤᠶᠠᠨ ᠠᠷᠭᠠᠮᠵᠢᠭᠰᠠᠨ ᠰᠣᠯᠣᠩᠭ᠎ᠠ
ᠲᠡᠨᠢᠭᠦᠨ ᠪᠠᠢᠭᠠᠯᠢ ᠶ᠋ᠢᠨ ᠡᠯᠢᠭᠡᠨ ᠡᠴᠡ ᠮᠢᠨᠢ
ᠲᠣᠨᠣᠯᠵᠢᠨ ᠮᠡᠯᠮᠡᠷᠡᠭᠰᠡᠨ ᠨᠠᠭᠤᠷ
ᠬᠣᠷᠸ᠎ᠠ ᠶ᠋ᠢ ᠲᠤᠭᠤᠯᠬᠤ ᠵᠣᠷᠢᠭ ᠲᠤ᠌ ᠮᠢᠨᠢ
ᠬᠣᠣᠰᠯᠠᠨ ᠵᠢᠭᠦᠷᠯᠡᠬᠦ ᠬᠤᠨ
ᠠᠯᠤᠰ ᠤ᠋ᠨ ᠬᠣᠩᠭᠣᠷ ᠮᠥᠷᠥᠭᠡᠳᠦᠯ ᠳ᠋ᠦ᠍ ᠮᠢᠨᠢ
ᠠᠮᠠᠷᠠᠭ ᠴᠠᠭᠠᠨ ᠡᠭᠦᠯᠡ
ᠣᠷᠴᠢᠯᠠᠩ ᠡᠷᠬᠡᠰ ᠦ᠋ᠨ ᠵᠠᠢ ᠳ᠋ᠤ᠌ ᠮᠢᠨᠢ
ᠣᠨᠴᠠᠭᠠᠢ ᠭᠡᠷᠡᠯᠲᠡᠢ ᠲᠡᠷᠡ ᠨᠢᠭᠡ ᠣᠳᠣ ᠠ᠋
ᠦᠰᠦᠭ ᠬᠠᠳᠠᠭᠴᠢ᠄ ᠡᠷᠬᠡ
ᠦᠰᠦᠭ ᠠᠮᠢᠯᠠᠭᠤᠯᠤᠭᠴᠢ᠄ ᠪᠦᠷᠢᠨᠵᠢᠷᠭᠠᠯ
