ᠤᠷᠠᠨᠳᠦ᠋ᠰᠢ ᠶᠢᠨ ᠳᠣᠮᠣᠭ (ᠨᠢᠭᠡ -2)– ᠭᠠᠰᠢᠸ᠎ᠠ Урандүшийн домог(1-2) – Гашваа ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠠᠨᠳᠦ᠋ᠰᠢ ᠶᠢᠨ ᠳᠣᠮᠣᠭ (ᠨᠢᠭᠡ -2)– ᠭᠠᠰᠢᠸ᠎ᠠ Урандүшийн домог(1-2) – Гашваа

ᠤᠷᠠᠨᠳᠦ᠋ᠰᠢ ᠶᠢᠨ ᠳᠣᠮᠣᠭ (ᠨᠢᠭᠡ -2)– ᠭᠠᠰᠢᠸ᠎ᠠ Урандүшийн домог(1-2) – Гашваа

2025-02-15

1254

ᠤᠷᠠᠨᠳᠦ᠋ᠰᠢ ᠶᠢᠨ ᠳᠣᠮᠣᠭ (ᠨᠢᠭᠡ)


                  ᠨᠢᠭᠡ – 2

       ᠠᠭᠤᠯᠠ ᠶᠠᠪᠤᠬᠤ ᠲᠣᠰᠤᠮ ᠦᠨᠳᠤᠷᠰᠢᠵᠤ᠂ ᠵᠠᠮ ᠠᠭᠤᠯᠠ ᠶ᠋ᠢ ᠳᠠᠭᠠᠨ ᠥᠭᠰᠥᠭᠰᠡᠭᠡᠷ ᠁ 
       ᠨᠠᠮᠤᠷ ᠤ᠋ᠨ ᠪᠠᠭ᠎ᠠ ᠦᠳᠡ ᠶ᠋ᠢᠨ ᠰᠢᠷ᠎ᠠ ᠨᠠᠷᠠ ᠳᠠᠯᠤ ᠨᠢᠷᠤᠭᠤ ᠶ᠋ᠢ ᠲᠥᠭᠡᠨᠡᠵᠦ ᠰᠡᠷ ᠭᠡᠬᠦ ᠰᠠᠯᠬᠢ ᠦᠭᠡᠢ ᠬᠠᠭᠤᠷᠠᠢ ᠦᠶᠡᠷ ᠦ᠋ᠨ ᠬᠥᠨᠳᠡᠢ ᠳ᠋ᠦ᠍ ᠪᠣᠯᠵᠢ ᠪᠣᠷᠣᠯᠠᠮᠠᠷ ᠪᠠᠢᠵᠤ ᠠᠰᠬᠠᠷᠠᠭᠰᠠᠨ ᠬᠠᠷ᠎ᠠ ᠬᠥᠯᠥᠰᠥ ᠪᠦᠬᠦ ᠪᠡᠶ᠎ᠡ ᠳ᠋ᠦ᠍ ᠳᠠᠭᠠᠭᠠᠪᠤᠷᠢᠯᠠᠪᠠ᠃  ᠡᠨᠡ ᠦᠶ᠎ᠡ ᠳ᠋ᠦ᠍ ᠪᠢᠳᠡ ᠰᠠᠶᠢ ᠬᠠᠳᠠ ᠴᠢᠯᠠᠭᠤ ᠲᠠᠢ ᠵᠠᠮ ᠤ᠋ᠨ ᠬᠠᠯᠠ ᠵᠣᠪᠠᠯ ᠢ᠋ ᠮᠡᠳᠡᠵᠦ᠂ ᠬᠥᠯ ᠨᠤᠭᠤᠷᠠᠭᠠᠳ ᠪᠠᠰᠠ ᠬᠡᠳᠦᠢ ᠬᠣᠯᠠ ᠪᠠᠢᠳᠠᠭ ᠪᠣᠯ ᠭᠡᠰᠡᠨ ᠪᠣᠳᠣᠯ ᠲᠦᠷᠦᠭᠳᠡᠵᠤ᠂ ᠳᠠᠭᠠᠵᠤ ᠭᠦᠢᠴᠡᠬᠦ ᠦᠭᠡᠢ ᠬᠣᠴᠣᠷᠤᠭᠰᠠᠨ ᠳ᠋ᠤ᠌᠂ ᠲᠦᠷᠦᠭᠦᠯᠡᠵᠦ ᠶᠠᠪᠤᠭᠰᠠᠨ ᠬᠣᠶᠠᠷ ᠠᠪᠤᠭᠠᠢ ᠵᠠ ᠲᠠᠨᠤᠰ ᠬᠤᠷᠳᠤᠨ ᠬᠤᠷᠳᠤᠨ ᠶᠠᠪᠤᠭᠠᠷᠠᠢ ᠡᠨᠳᠡ ᠪᠠᠰᠠ ᠰᠠᠢᠬᠠᠨ ᠦᠯᠢᠭᠡᠷ ᠲᠡᠢ ᠶᠠᠭᠤᠮ᠎ᠠ ᠪᠠᠢᠨ᠎ᠠ ᠭᠡᠬᠦ ᠳ᠋ᠦ᠍ ᠪᠢᠳᠡ ᠬᠡᠳᠦᠭᠦᠯᠡ ᠲᠡᠩᠬᠡᠭᠡ ᠮᠡᠳᠡᠨ ᠰᠠᠷᠪᠠᠭᠯᠠᠭᠤᠯᠵᠤ ᠢᠷᠡᠪᠡᠯ ᠦᠶᠡᠷ ᠦ᠋ᠨ ᠬᠥᠨᠳᠡᠢ ᠶ᠋ᠢᠨ ᠪᠠᠷᠠᠭᠤᠨ ᠳᠡᠪᠰᠡᠨ ᠳᠡᠭᠡᠷ᠎ᠡ ᠭᠤᠷᠪᠠᠨ ᠵᠡᠷᠭᠡᠴᠡᠭᠰᠡᠨ ᠳᠤᠭᠤᠢ ᠭᠡᠷ ᠦ᠋ᠨ ᠬᠠᠳᠠᠨ ᠣᠷᠣᠮ ᠬᠠᠷᠠᠭᠳᠠᠨ᠎ᠠ᠃  ᠵᠠ ᠲᠠᠨᠤᠰ ᠦᠵᠡ᠂ ᠡᠨᠡ ᠭᠤᠷᠪᠠᠨ ᠳᠤᠭᠤᠢ ᠭᠡᠷ ᠪᠣᠯ ᠴᠢᠡᠭᠭᠡᠰ ᠬᠠᠭᠠᠨ ᠪᠠᠷᠠᠭᠤᠨ ᠭᠠᠵᠠᠷ ᠲᠠᠩᠭᠤᠳ ᠢ᠋ ᠳᠠᠢᠯᠠᠨ ᠰᠢᠷᠬᠠᠳᠤᠭᠠᠳ ᠵᠡᠭᠦᠨᠰᠢ ᠪᠤᠴᠠᠬᠤ ᠵᠠᠮ ᠳ᠋ᠤ᠌ ᠪᠠᠨ ᠡᠨᠡ ᠬᠦ ᠪᠠᠷᠲᠠᠭ᠎ᠠ ᠶᠡᠬᠡ ᠲᠡᠢ ᠬᠥᠮᠦᠨ ᠠᠮᠢᠲᠠᠨ ᠣᠷᠣᠵᠤ ᠭᠠᠷᠬᠤ ᠳ᠋ᠤ᠌ ᠬᠦᠴᠢᠷ ᠤᠰᠤ ᠲᠦᠯᠡᠭᠡ ᠣᠢᠷᠠᠬᠠᠨ ᠭᠠᠵᠠᠷ ᠢ᠋ ᠲᠦᠰᠢᠵᠦ ᠰᠢᠷᠬ᠎ᠠ ᠪᠠᠨ ᠰᠤᠪᠢᠯᠠᠨ ᠰᠠᠭᠤᠵᠤ ᠪᠠᠢᠭᠰᠠᠨ ᠭᠡᠷ ᠦ᠋ᠨ ᠣᠷᠣᠮ ᠭᠡᠵᠦ ᠶᠠᠷᠢᠳᠠᠭ ᠶᠤᠮ᠃ ᠡᠨᠡ ᠪᠠᠷᠠᠭᠤᠨ ᠲᠠᠯ᠎ᠠ ᠶ᠋ᠢᠨ ᠠᠭᠤᠯᠠ ᠲᠦᠰᠢᠭᠰᠡᠨ ᠨᠢ ᠪᠣᠯ ᠬᠠᠷᠠᠭᠤᠯ ᠤ᠋ᠨ ᠴᠡᠷᠢᠭ ᠰᠠᠭᠤᠵᠤ ᠬᠣᠯᠠ ᠣᠢᠷ᠎ᠠ ᠶ᠋ᠢᠨ ᠪᠠᠷ᠎ᠠ ᠬᠠᠷᠠᠵᠤ ᠬᠠᠮᠠᠭᠠᠯᠠᠯᠲᠠ ᠰᠡᠷᠭᠡᠢᠯᠡᠯᠲᠡ ᠬᠢᠳᠡᠭ ᠭᠡᠷ ᠪᠣᠯᠤᠨ᠎ᠠ᠃  ᠵᠡᠭᠦᠨ ᠵᠠᠬ᠎ᠠ ᠶ᠋ᠢᠨ ᠭᠣᠣᠯ ᠭᠦᠪᠡᠭᠡᠯᠡᠭᠰᠡᠨ ᠨᠢ ᠪᠣᠯ ᠠᠮᠤ ᠬᠦᠨᠡᠰᠦ ᠲᠠᠯᠪᠢᠬᠤ᠂ ᠭᠠᠯ ᠲᠣᠭᠣᠭ᠎ᠠ ᠬᠢᠳᠡᠭ ᠭᠡᠷ ᠪᠣᠯᠤᠨ᠎ᠠ᠂ ᠡᠭᠦᠳᠡᠨ ᠳ᠋ᠦ᠍ ᠨᠢ ᠲᠤᠯᠭ᠎ᠠ ᠶ᠋ᠢᠨ ᠭᠤᠷᠪᠠᠨ ᠴᠢᠯᠠᠭᠤ ᠶ᠋ᠢᠨ ᠣᠷᠣᠮ ᠲᠠᠢ ᠪᠠᠢᠭᠰᠠᠭᠠᠷ᠃  ᠭᠣᠣᠯ ᠤ᠋ᠨ ᠭᠡᠷ ᠨᠢ ᠬᠠᠵᠠᠭᠤ ᠶ᠋ᠢᠨ ᠬᠣᠶᠠᠷ ᠭᠡᠷ ᠡᠴᠡ ᠪᠡᠨ ᠶᠡᠬᠡ ᠪᠣᠱᠣᠭᠠᠨ ᠠ᠋ᠴᠠ ᠪᠠᠨ ᠴᠠᠭᠠᠰᠢ ᠭᠤᠷᠪᠠᠨ ᠳᠡᠭᠲᠡᠷ ᠱᠠᠲᠤᠨ ᠣᠷᠣᠮ ᠲᠠᠢ᠂ ᠡᠨᠡ ᠨᠢ ᠴᠢᠩᠭᠢᠰ ᠬᠠᠭᠠᠨ ᠤ᠋ ᠰᠢᠷᠬ᠎ᠠ ᠪᠠᠨ ᠰᠤᠪᠢᠯᠠᠵᠤ ᠰᠠᠭᠤᠵᠤ ᠪᠠᠢᠭᠰᠠᠨ ᠣᠷᠳᠣᠨ ᠪᠣᠯᠤᠯᠲᠠᠢ ᠭᠡᠵᠦ ᠬᠡᠯᠡᠳᠡᠭ ᠶᠦᠮ᠃  ᠣᠳᠣ ᠡᠨᠳᠡ ᠡᠴᠡ ᠴᠠᠭᠠᠰᠢ ᠬᠡᠳᠦᠨ ᠵᠠᠭᠤᠨ ᠠᠯᠬᠤᠮ ᠶᠠᠪᠤᠪᠠᠯ ᠦᠶᠡᠷ ᠦ᠋ᠨ ᠬᠥᠨᠳᠡᠢ ᠪᠠᠷᠠᠭᠤᠨᠰᠢ ᠡᠷᠭᠢᠭᠡᠳ ᠬᠦᠷᠢᠶᠡᠯᠡᠭᠳᠡᠭᠰᠡᠨ ᠥᠨᠳᠥᠷ ᠠᠭᠤᠯᠠᠨ ᠤ᠋ ᠮᠤᠬᠤᠷ ᠲᠤ᠌ ᠲᠤᠯᠬᠤ ᠶᠤᠮ᠃  ᠠᠭᠤᠯᠠᠨ ᠢᠷᠣᠭᠠᠷ ᠠ᠋ᠴᠠ ᠳᠡᠭᠡᠭᠰᠢ ᠬᠡᠳᠦᠨ ᠮᠧᠲ᠋ᠷ ᠵᠠᠢ ᠳᠡᠭᠡᠷ᠎ᠡ ᠡᠮᠦᠨ᠎ᠡ ᠬᠣᠢᠨ᠎ᠠ ᠵᠡᠷᠭᠡᠴᠡᠭᠡ ᠬᠣᠶᠠᠷ ᠪᠤᠯᠠᠭ ᠲᠠᠢ᠂ ᠡᠮᠦᠨᠡᠬᠢ ᠨᠢ ᠭᠣᠣᠯ ᠪᠤᠯᠠᠭ᠂ ᠬᠣᠢᠨᠠᠬᠢ ᠨᠢ ᠲᠤᠰᠠᠯᠠᠬᠤ ᠪᠤᠯᠠᠭ ᠭᠡᠨ᠎ᠡ᠃  ᠴᠢᠩᠭᠢᠰ ᠬᠠᠭᠠᠨ ᠡᠳᠦᠷ ᠦ᠋ᠨ ᠭᠤᠷᠪᠠ ᠤᠳᠠᠭ᠎ᠠ ᠡᠨᠡ ᠪᠤᠯᠠᠭ ᠤ᠋ᠨ ᠤᠰᠤ ᠪᠠᠷ ᠰᠢᠷᠬ᠎ᠠ ᠪᠠᠨ ᠤᠬᠢᠶᠠᠵᠤ ᠠᠷᠢᠭᠤᠳᠬᠠᠭᠰᠠᠨ ᠪᠣᠯᠬᠣᠷ ᠰᠢᠷᠬ᠎ᠠ ᠨᠢ ᠴᠦ᠍ ᠰᠡᠪ ᠦᠭᠡᠢ ᠰᠠᠢᠬᠠᠨ ᠡᠳᠡᠭᠡᠷᠡᠭᠰᠡᠨ ᠭᠡᠳᠡᠭ ᠬᠠᠭᠤᠴᠢ ᠦᠯᠢᠭᠡᠷ ᠲᠡᠢ ᠪᠠᠢᠳᠠᠭ ᠶᠤᠮ ᠭᠡᠨᠯᠡᠢ᠃  ᠲᠡᠭᠦᠨ ᠡᠴᠡ ᠬᠣᠢᠰᠢ ᠡᠨᠡ ᠪᠤᠯᠠᠭ ᠢ᠋ 《ᠰᠢᠷᠬ᠎ᠠ ᠶ᠋ᠢᠨ ᠪᠤᠯᠠᠭ 》 ᠭᠡᠮᠡᠨ ᠨᠡᠷᠡᠢᠳᠬᠦ ᠪᠣᠯᠵᠤ ᠭᠡᠨ᠎ᠡ᠃  ᠡᠨᠡ ᠪᠤᠯᠠᠭ ᠢ᠋ ᠦᠵᠡᠪᠡᠯ ᠨᠢᠳᠤᠷᠭ᠎ᠠ ᠪᠠᠭᠲᠠᠮᠠᠷ ᠠᠮᠠ ᠲᠠᠢ᠂ ᠨᠢᠳᠦᠨ ᠳ᠋ᠦ᠍ ᠢᠯᠡ ᠬᠠᠷᠠᠭᠳᠠᠭᠰᠠᠨ ᠭᠦᠢᠬᠡᠨ ᠢᠷᠣᠭᠠᠷ ᠲᠠᠢ᠂ ᠢᠯᠡ ᠦᠵᠡᠭᠳᠡᠮᠡᠷ ᠤᠰᠤᠨ ᠢᠷᠡᠯᠲᠡ ᠶ᠋ᠢᠨ ᠡᠬᠢ ᠰᠤᠷᠪᠤᠯᠵᠢ ᠦᠭᠡᠢ ᠪᠠᠢᠲᠠᠯ᠎ᠠ ᠤᠰᠤ ᠬᠡᠵᠢᠶᠡᠳᠡ ᠪᠡᠯᠡᠬᠡᠨ ᠴᠠᠯᠭᠢᠨ ᠢ᠋ᠶ᠋ᠠᠷ ᠢ᠋ᠶ᠋ᠠᠨ ᠪᠢᠯᠬᠠᠷᠠᠮ᠎ᠠ ᠪᠠᠢᠳᠠᠭ ᠨᠢ ᠨᠡᠭᠡᠷᠡᠨ ᠬᠠᠴᠢᠨ ᠰᠣᠨᠢᠨ ᠰᠠᠨᠠᠭᠳᠠᠨ᠎ᠠ᠃ ᠪᠢᠳᠡ ᠬᠣᠢᠨ᠎ᠠ ᠬᠣᠢᠨ᠎ᠠ ᠠ᠋ᠴᠠ ᠪᠠᠨ ᠣᠩᠭᠣᠴᠠ ᠦᠵᠡᠭᠰᠡᠨ ᠦᠬᠡᠷ ᠰᠢᠭ ᠨᠢᠭᠡ ᠨᠢ ᠤᠤᠭᠤᠭᠠᠳ ᠭᠠᠷᠬᠤ ᠳ᠋ᠤ᠌ ᠨᠥᠭᠦᠭᠡ ᠨᠢ ᠵᠠᠯᠭᠠᠭᠠᠳ ᠰᠠᠯ ᠭᠡᠬᠦ ᠵᠠᠪᠰᠠᠷ ᠦᠭᠡᠢ ᠤᠤᠭᠤᠵᠤ ᠤᠬᠢᠶᠠᠭᠠᠳ ᠰᠠᠪᠠ ᠰᠠᠭᠠᠯᠢ ᠳ᠋ᠤ᠌ ᠪᠠᠨ ᠰᠠᠪᠠᠯᠠᠭᠰᠠᠨ ᠪᠣᠯᠪᠠᠴᠤ ᠤᠰᠤ ᠮᠥᠨ ᠯᠡ ᠳᠤᠮᠳᠠᠷᠠᠰᠢ ᠦᠭᠡᠢ ᠪᠠᠢᠪᠠ᠃ ᠦᠯᠢᠭᠡᠷ ᠠ᠋ ᠦᠯᠢᠭᠡᠷ ᠁ 
       ᠡᠨᠡ ᠤᠰᠤ ᠶ᠋ᠢ ᠪᠠᠰᠠ ᠬᠣᠳᠣᠭᠣᠳᠣ ᠭᠡᠳᠡᠰᠦᠨ ᠦ᠌ ᠠᠷᠬᠠᠭ ᠭᠡᠮ᠂ ᠶᠠᠷ᠎ᠠ ᠰᠢᠷᠬᠠᠨ ᠳ᠋ᠤ᠌ ᠲᠤᠰᠠᠲᠠᠢ ᠭᠡᠵᠦ ᠶᠡᠬᠡᠴᠦᠳ ᠬᠠᠭᠤᠴᠢᠯᠠᠳᠠᠭ ᠠ᠋ᠴᠠ ᠣᠢᠷ᠎ᠠ ᠣᠷᠴᠢᠮ ᠤ᠋ᠨ ᠮᠠᠯᠴᠢᠳ ᠳᠥᠷᠪᠡᠨ ᠤᠯᠠᠷᠢᠯ ᠢ᠋ᠶ᠋ᠠᠷ ᠢᠷᠡᠵᠦ ᠤᠤᠭᠤᠳᠠᠭ ᠵᠠᠩᠰᠢᠯ ᠲᠠᠢ ᠪᠣᠢ ᠭᠡᠵᠦ ᠵ ᠠᠪᠤᠭᠠᠢ ᠤᠰᠤ ᠤᠤᠭᠤᠬᠤ ᠶ᠋ᠢᠨ ᠵᠠᠭᠤᠷ᠎ᠠ ᠪᠢᠳᠡᠨ ᠳ᠋ᠦ᠍ ᠶᠠᠷᠢᠯ᠎ᠠ᠃  
       ᠦᠳᠡ ᠠᠶᠠᠳᠠᠬᠤ ᠪᠠᠷ ᠮᠠᠨᠤᠰ ᠰᠡᠷᠢᠭᠦᠨ ᠠᠮᠢᠰᠬᠤᠯᠯᠠᠭᠰᠠᠨ ᠠᠭᠤᠯᠠᠨ ᠰᠡᠭᠦᠳᠡᠷ ᠲᠦ᠍ ᠶᠠᠳᠠᠷᠠᠭ᠎ᠠ ᠪᠠᠨ ᠲᠠᠢᠯᠵᠤ ᠰᠠᠭᠤᠵᠤ ᠪᠠᠢᠲᠠᠯ᠎ᠠ ᠪᠤ ᠠᠪᠤᠭᠠᠢ ᠣᠳᠣ ᠠᠮᠠᠷᠠᠵᠤ ᠪᠣᠯᠤᠭᠰᠠᠨ᠂ ᠪᠠᠰᠠ ᠤᠤᠭᠤᠬᠤ ᠰᠠᠨᠠᠭ᠎ᠠ ᠲᠠᠢ ᠬᠥᠮᠦᠨ ᠪᠠᠢᠪᠠᠯ ᠬᠤᠷᠳᠤᠨ ᠤᠤᠭᠤᠵᠤ ᠠᠪᠤᠭᠠᠳ ᠶᠠᠪᠤᠵᠠᠭᠠᠶ᠎ᠠ᠂ ᠦᠭᠡᠢ ᠪᠣᠯ ᠥᠨᠥᠳᠥᠷ ᠴᠢ ᠪᠢᠳᠡ ᠦᠳᠡ ᠳ᠋ᠦ᠍ ᠬᠣᠭᠣᠯᠠ ᠦᠭᠡᠢ ᠥᠯᠥᠨ ᠭᠡᠳᠡᠰᠦ ᠪᠡᠨ ᠡᠪᠬᠡᠭᠡᠳ ᠤᠷᠠᠨᠳᠥ᠋ᠰᠢ ᠳ᠋ᠦ᠍ ᠬᠦᠷᠬᠦ ᠯᠡ ᠬᠡᠷᠡᠭ ᠭᠡᠪᠡ᠃  
       ᠰᠢᠷᠬ᠎ᠠ ᠶ᠋ᠢᠨ ᠪᠤᠯᠠᠭ ᠠ᠋᠂ ᠰᠢᠷᠬ᠎ᠠ ᠶ᠋ᠢᠨ  ᠪᠤᠯᠠᠭ᠂ ᠡᠬᠡ ᠪᠠᠢᠭᠠᠯᠢ ᠶ᠋ᠢᠨ ᠡᠯᠢᠭᠡᠨ ᠳ᠋ᠦ᠍ ᠡᠭᠴᠡ ᠬᠠᠳᠠᠨ ᠤ᠋ ᠡᠩᠭᠡᠷ ᠡᠴᠡ ᠡᠵᠢ ᠶ᠋ᠢᠨ ᠴᠠᠭᠠᠨ ᠰᠦ ᠰᠢᠭ ᠢᠪᠢᠯᠵᠦ ᠣᠨᠳᠣᠷᠣᠭᠰᠠᠨ ᠡᠨᠡᠷᠢᠯ ᠦ᠋ᠨ ᠬᠡᠰᠢᠭ᠂ ᠡᠨᠡ ᠨᠤᠲᠤᠭ ᠤ᠋ᠨ ᠬᠥᠮᠦᠨ ᠠᠷᠠᠳ᠂ ᠡᠪᠡᠰᠦ ᠮᠣᠳᠣ ᠵᠡᠷᠭᠡ ᠠᠮᠢ ᠠᠬᠤᠢ ᠳ᠋ᠤ᠌ ᠦᠶ᠎ᠡ ᠶ᠋ᠢᠨ ᠦᠶ᠎ᠡ ᠪᠡᠷ ᠠᠴᠢ ᠲᠤᠰᠠ ᠪᠠᠨ ᠦᠵᠡᠭᠦᠯᠦᠭᠰᠡᠨ ᠠᠷᠢᠭᠤᠨ ᠪᠤᠯᠠᠭ ᠠ᠋᠃  


        ᠰᠦᠯᠳᠡᠬᠦᠦ ᠤᠶᠠᠩᠭᠠᠯᠠᠪᠠ