ᠮᠢᠨᠦ ᠳᠠᠭᠤᠯᠠᠬᠤ ᠳᠠᠭᠤᠤ- ᠸᠠᠴᠢᠷᠪᠠᠲᠤ ᠶ᠋ᠢᠨ ᠳᠠᠰᠢᠪᠠᠯᠪᠠᠷ Миний дуулах дуу - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠳᠠᠭᠤᠯᠠᠬᠤ ᠳᠠᠭᠤᠤ- ᠸᠠᠴᠢᠷᠪᠠᠲᠤ ᠶ᠋ᠢᠨ ᠳᠠᠰᠢᠪᠠᠯᠪᠠᠷ Миний дуулах дуу - Очирбатын Дашбалбар

ᠮᠢᠨᠦ ᠳᠠᠭᠤᠯᠠᠬᠤ ᠳᠠᠭᠤᠤ- ᠸᠠᠴᠢᠷᠪᠠᠲᠤ ᠶ᠋ᠢᠨ ᠳᠠᠰᠢᠪᠠᠯᠪᠠᠷ Миний дуулах дуу - Очирбатын Дашбалбар

2025-02-15

584

ᠮᠢᠨᠦ ᠳᠠᠭᠤᠯᠠᠬᠤ ᠳᠠᠭᠤᠤ


 ᠠᠳᠬᠤᠭᠰᠠᠨ ᠢᠯᠳᠦᠨ ᠡᠴᠡ ᠬᠤᠷᠴᠠ ᠵᠣᠷᠢᠭᠲᠠᠢ ᠡᠷᠡᠰ ᠢ᠋ ᠠᠯᠳᠠᠷᠰᠢᠭᠤᠯᠤᠨ ᠳᠠᠭᠤᠯᠠᠨᠠᠮ 
 ᠠᠨᠢᠷ ᠴᠢᠮᠡᠭᠡ ᠦᠭᠡᠢ ᠠᠮᠢᠳᠤᠷᠠᠵᠤ ᠶᠠᠪᠤᠬᠤ ᠳ᠋ᠤᠨᠢ ᠠᠩᠵᠠᠭᠠᠷᠠᠮ᠎ᠠ ᠦᠭᠡᠢ ᠴᠦ᠍ 
 ᠠᠶᠤᠯ ᠲᠤᠯᠤᠭᠠᠳ ᠢᠷᠡᠬᠦ ᠳ᠋ᠦ᠍ ᠠᠶᠤᠩᠭ᠎ᠠ ᠪᠣᠯᠣᠭᠰᠠᠳ ᠢ᠋ ᠠᠯᠳᠠᠷᠰᠢᠭᠤᠯᠤᠨ ᠳᠠᠭᠤᠯᠠᠨᠠᠮ 
 ᠴᠠᠰᠤᠲᠤ ᠲᠠᠯ᠎ᠠ ᠳ᠋ᠤ᠌ ᠡᠪᠦᠯ ᠦ᠋ᠨ ᠰᠥᠨᠢ ᠠᠳᠤᠭᠤ ᠪᠠᠨ ᠣᠳᠣᠳ ᠲᠠᠢ ᠴᠣᠭ ᠮᠠᠨᠠᠵᠤ ᠬᠣᠨᠣᠳᠠᠭ 
 ᠴᠠᠩᠳᠠᠭᠰᠠᠨ ᠬᠥᠮᠥᠰᠬᠡ ᠲᠡᠢ ᠴᠦ᠍ ᠡᠩᠭᠡᠷ ᠨᠢ ᠵᠠᠳᠠᠭᠠᠢ ᠠᠳᠤᠭᠤᠴᠢᠨ ᠡᠷᠡᠰ ᠢ᠋ ᠠᠯᠳᠠᠷᠰᠢᠭᠤᠯᠤᠨ ᠳᠠᠭᠤᠯᠠᠨᠠᠮ 
 ᠬᠥᠬᠡ ᠤᠰᠤᠨ ᠳᠡᠭᠡᠷ᠎ᠡ ᠴᠠᠭᠠᠨ ᠴᠡᠴᠡᠭ ᠤᠷᠭᠤᠭᠤᠯᠵᠤ ᠤᠰᠤᠨ ᠳᠣᠲᠣᠷ᠎ᠠ ᠠ᠋ᠴᠠ ᠭᠠᠯ ᠭᠠᠷᠭᠠᠵᠤ ᠠᠪᠬᠤ 
 ᠭᠠᠯ ᠢ᠋ᠶ᠋ᠠᠷ ᠢ᠋ᠶ᠋ᠠᠨ ᠪᠠᠰᠠ ᠴᠡᠴᠡᠭ ᠵᠠᠩᠭᠢᠳᠬᠤ ᠥᠬᠢᠳ ᠢ᠋ ᠠᠯᠳᠠᠷᠰᠢᠭᠤᠯᠤᠨ ᠳᠠᠭᠤᠯᠠᠨᠠᠮ 
 ᠠᠭᠤᠯᠠᠨ ᠳ᠋ᠤ᠌ ᠲᠦᠯᠡᠭᠡ ᠪᠡᠯᠡᠳᠴᠦ ᠶᠠᠪᠤᠭ᠎ᠠ ᠬᠦᠳᠡᠷ ᠡᠷᠡᠴᠦᠦᠯ ᠢ᠋ 
 ᠣᠲᠣᠭᠠᠲᠤ ᠮᠠᠢᠬᠠᠨ ᠠᠶᠠᠨ ᠤ᠋ ᠲᠣᠭᠣᠭ᠎ᠠ ᠰᠢᠨᠠᠭ᠎ᠠ ᠲᠠᠢ ᠨᠢ ᠠᠯᠳᠠᠷᠰᠢᠭᠤᠯᠤᠨ ᠳᠠᠭᠤᠯᠠᠨᠠᠮ 
 ᠤᠭ ᠠ᠋ᠴᠠ ᠪᠠᠨ ᠬᠠᠷ᠎ᠠ ᠪᠢᠰᠢ ᠬᠠᠷᠠᠬᠤ ᠳ᠋ᠤ᠌ ᠯᠠ ᠬᠠᠷ᠎ᠠ ᠥᠩᠭᠡ ᠲᠡᠢ ᠴᠦ᠍ 
 ᠬᠠᠷᠠᠩᠭᠤᠢ ᠶ᠋ᠢ ᠰᠢᠳᠡᠵᠦ ᠭᠡᠢᠭᠦᠯᠳᠡᠭ ᠨᠡᠭᠦᠷᠡᠰᠦ ᠶ᠋ᠢ ᠳᠠᠭᠤᠯᠠᠨᠠᠮ᠃ 
 ᠰᠢᠯᠦᠭ ᠪᠢᠴᠢᠬᠦ ᠡᠴᠡ ᠠᠷᠭ᠎ᠠ ᠦᠭᠡᠢ 
 ᠰᠡᠭᠦᠷᠡᠰᠦ ᠠᠯᠲᠠᠨ ᠠᠷᠤ ᠠ᠋ᠴᠠ ᠨᠢ ᠳᠠᠭᠠᠬᠤ ᠠ᠋ᠴᠠ ᠴᠤ᠌ ᠠᠷᠭ᠎ᠠ ᠦᠭᠡᠢ ᠥᠬᠢᠳ ᠢ᠋ 
 ᠰᠢᠭᠦᠳᠡᠷᠢᠲᠦ ᠥᠷᠯᠥᠭᠡᠭᠦᠷ ᠬᠥᠯ ᠨᠢᠴᠦᠭᠦᠨ ᠶᠠᠪᠤᠬᠤ ᠳ᠋ᠤᠨᠢ ᠠᠯᠳᠠᠷᠰᠢᠭᠤᠯᠤᠨ ᠳᠠᠭᠤᠯᠠᠨᠠᠮ᠃ 
 ᠬᠣᠪ ᠵᠥᠭᠡᠭᠡᠳᠡᠭ ᠦᠭᠡᠢ 
 ᠵᠥᠭᠡᠭᠡᠭᠰᠡᠨ ᠬᠣᠪ ᠢ᠋ ᠬᠦᠯᠢᠶᠡᠵᠦ ᠠᠪᠳᠠᠭ ᠦᠭᠡᠢ ᠬᠥᠮᠦᠰ ᠢ᠋ ᠠᠯᠳᠠᠷᠰᠢᠭᠤᠯᠤᠨ ᠳᠠᠭᠤᠯᠠᠨᠠᠮ᠃ 
 ᠬᠣᠣᠷᠲᠤ ᠮᠣᠭᠠᠢ ᠭᠠᠷ ᠲᠠᠭᠠᠨ ᠣᠷᠢᠶᠠᠵᠤ 
 ᠬᠥᠮᠦᠰ ᠡᠴᠡ ᠬᠣᠯᠠᠳᠤᠭᠤᠯᠤᠭᠴᠢ ᠠᠷᠭᠠᠳᠠᠨ ᠢ᠋ ᠮᠠᠭᠲᠠᠨ ᠳᠠᠭᠤᠯᠠᠨᠠᠮ᠃ 
 ᠠᠶᠠᠨ ᠵᠠᠮ ᠳ᠋ᠤ᠌ ᠠᠵᠢᠯ ᠲᠥᠷᠥᠯ ᠳ᠋ᠦ᠍ 
 ᠠᠮᠠᠷᠠᠭ ᠤ᠋ᠨ ᠪᠣᠯᠵᠣᠭᠠᠨ ᠳ᠋ᠤ᠌ ᠶᠠᠪᠤᠭ᠎ᠠ ᠬᠥᠮᠦᠰ ᠢ᠋ ᠠᠯᠳᠠᠷᠰᠢᠭᠤᠯᠤᠨ 
 ᠳᠠᠭᠤᠯᠠᠨᠠᠮ᠂ ᠳᠠᠭᠤᠯᠠᠨᠠᠮ᠃