ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 21 Нэгэн ном тавцан үн өдөр үн тэмдэглэлээс – 21 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 21 Нэгэн ном тавцан үн өдөр үн тэмдэглэлээс – 21

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 21 Нэгэн ном тавцан үн өдөр үн тэмдэглэлээс – 21

2025-02-14

484

 
       ᠨᠢᠭᠡ ᠶᠠᠳᠠᠭᠤ ᠠᠮᠢᠳᠤᠷᠠᠯ ᠲᠠᠢ ᠵᠠᠯᠠᠭᠤ ᠥᠪᠡᠷ ᠦ᠋ᠨ ᠠᠮᠢᠳᠤᠷᠠᠯ ᠳ᠋ᠠᠭᠠᠨ ᠢᠲᠡᠭᠡᠯ ᠠᠯᠳᠠᠵᠤ ᠭᠤᠳᠤᠷᠠᠭᠠᠳ ᠣᠯᠠᠨ ᠭᠠᠵᠠᠷ ᠬᠦᠷᠴᠦ ᠵᠠᠶᠠᠭ᠎ᠠ ᠪᠠᠨ ᠪᠣᠳᠣᠭᠤᠯᠵᠠᠢ᠃ ᠡᠭᠦᠨ ᠦ᠌ ᠳ᠋ᠦᠩ ᠳ᠋ᠦ᠍ ᠲᠡᠷᠡ ᠤᠯᠠᠮ ᠴᠦ᠍ ᠢᠲᠡᠭᠡᠯ ᠠᠯᠳᠠᠭᠰᠠᠨ ᠪᠠᠢᠯ᠎ᠠ᠃ ᠲᠡᠭᠡᠭᠡᠳ ᠬᠠᠮᠤᠭ ᠡᠴᠦᠰ ᠦ᠋ᠨ ᠤᠳᠠᠭ᠎ᠠ ᠬᠤᠪᠢ ᠵᠠᠶᠠᠭ᠎ᠠ ᠪᠠᠨ ᠨᠢᠭᠡ ᠦᠵᠡᠭᠦᠯᠦᠶ᠎ᠡ ᠭᠡᠵᠦ ᠪᠣᠳᠣᠭᠠᠳ ᠨᠢᠭᠡ ᠨᠡᠷ᠎ᠡ ᠬᠦᠨᠳᠦ ᠲᠡᠢ ᠯᠠᠮᠠ ᠠ᠋ᠴᠠ ᠠᠢᠯᠠᠳᠬᠠᠯ ᠰᠣᠨᠣᠰᠬᠤ ᠪᠠᠷ ᠢᠷᠡᠵᠡᠢ᠃ ᠲᠡᠷᠡ ᠬᠥᠮᠦᠨ᠄《ᠪᠠᠭᠰᠢᠲᠠᠨ ᠰᠠᠢᠨ ᠪᠠᠢᠨ᠎ᠠ ᠤᠤ? ᠡᠨᠡ ᠶᠢᠷᠲᠢᠨᠴᠦ ᠳ᠋ᠦ᠍ ᠦᠨᠡᠬᠡᠷ ᠬᠤᠪᠢ ᠵᠠᠶᠠᠭ᠎ᠠ ᠭᠡᠳᠡᠭ ᠶᠠᠭᠤᠮ᠎ᠠ ᠪᠠᠢᠨ᠎ᠠ ᠤᠤ?》 ᠭᠡᠵᠦ ᠠᠰᠠᠭᠤᠬᠤ ᠳ᠋ᠤ᠌ ᠯᠠᠮᠠ᠄《ᠪᠠᠢᠨ᠎ᠠ》 ᠭᠡᠵᠡᠢ᠃ ᠲᠡᠷᠡ ᠵᠠᠯᠠᠭᠤ᠄《ᠲᠡᠢᠮᠦ ᠪᠣᠯ ᠪᠢ ᠨᠢᠭᠡ ᠨᠠᠰᠤ ᠪᠠᠷ ᠢ᠋ᠶ᠋ᠠᠨ ᠶᠠᠳᠠᠭᠤ ᠠᠮᠢᠳᠤᠷᠠᠬᠤ ᠬᠤᠪᠢ ᠵᠠᠶᠠᠭ᠎ᠠ ᠲᠠᠢ ᠤᠤ?》 ᠭᠡᠵᠦ ᠠᠰᠠᠭᠤᠬᠤ ᠳ᠋ᠤ᠌ ᠯᠠᠮᠠ ᠵᠠᠯᠠᠭᠤ ᠶ᠋ᠢᠨ ᠭᠠᠷ ᠤ᠋ᠨ ᠠᠯᠠᠭ᠎ᠠ ᠶ᠋ᠢ ᠳᠡᠯᠭᠡᠵᠦ᠄《 ᠴᠢ ᠦᠵᠡ! ᠡᠭᠦᠨ ᠢ᠋ ᠴᠢᠨᠦ ᠠᠵᠢᠯ ᠦᠢᠯᠡᠰ ᠢ᠋ ᠬᠠᠷᠠᠭᠤᠯᠵᠤ ᠪᠠᠢᠬᠤ ᠵᠢᠷᠤᠭᠠᠰᠤ ᠭᠡᠨ᠎ᠡ᠃ ᠡᠭᠦᠨ ᠢ᠋ ᠴᠢᠨᠦ ᠠᠮᠢ ᠨᠠᠰᠤ ᠶ᠋ᠢ ᠬᠠᠷᠠᠭᠤᠯᠵᠤ ᠪᠠᠢᠭ᠎ᠠ ᠵᠢᠷᠤᠭᠠᠰᠤ ᠭᠡᠨ᠎ᠡ᠃ ᠡᠭᠦᠨ ᠢ᠋ ᠴᠢᠨᠦ ᠢᠨᠠᠭ ᠬᠠᠢᠷ᠎ᠠ ᠶ᠋ᠢ ᠬᠠᠷᠠᠭᠤᠯᠵᠤ ᠪᠠᠢᠭ᠎ᠠ ᠵᠢᠷᠤᠭᠠᠰᠤ ᠭᠡᠨ᠎ᠡ》 ᠭᠡᠵᠦ ᠨᠢᠭᠡ ᠨᠢᠭᠡ ᠪᠡᠷ ᠬᠡᠯᠡᠵᠦ ᠥᠭᠭᠦᠭᠡᠳ ᠵᠠᠯᠠᠭᠤ ᠶ᠋ᠢᠨ ᠭᠠᠷ ᠤ᠋ᠨ ᠠᠯᠠᠭ᠎ᠠ ᠶ᠋ᠢ ᠬᠤᠮᠢᠵᠤ ᠥᠭᠴᠡᠢ᠃ ᠮᠠᠯ ᠭᠠᠢᠬᠠᠭᠰᠠᠨ ᠲᠡᠷᠡ ᠵᠠᠯᠠᠭᠤ᠄《ᠲᠡᠭᠡᠭᠡᠳ ᠬᠤᠪᠢ ᠵᠠᠶᠠᠭ᠎ᠠ ᠨᠢ ᠬᠠᠮᠢᠭ᠎ᠠ ᠪᠠᠢᠬᠤ ᠪᠣᠢ?》 ᠭᠡᠵᠦ ᠯᠠᠮᠠ ᠠ᠋ᠴᠠ ᠠᠰᠠᠭᠤᠪᠠᠯ᠄《ᠠᠳᠬᠤᠨ ᠳ᠋ᠤ᠌ ᠴᠢᠨᠢ ᠪᠠᠢᠬᠤ ᠪᠢᠰᠢ ᠤᠤ?》 ᠭᠡᠵᠦ ᠲᠡᠷᠡ ᠯᠠᠮᠠ ᠬᠠᠷᠢᠭᠤᠯᠤᠭᠰᠠᠨ ᠭᠡᠨ᠎ᠡ᠃ 

         ᠦᠰᠦᠭ ᠠᠮᠢᠯᠠᠭᠤᠯᠤᠭᠴᠢ᠄ ᠡᠩᠬᠡᠪᠠᠲᠤ 
             ᠦᠰᠦᠭ ᠬᠢᠨᠠᠭᠴᠢ᠄ ᠪᠠᠶᠠᠷᠴᠡᠴᠡᠭ