ᠬᠠᠷ᠎ᠠ ᠬᠡᠭᠡᠷ-ᠲᠠᠷᠢᠶᠠᠲᠤ ᠮᠠᠢᠳᠠᠨ ᠬᠣᠶᠠᠷ Хар хээр-Тариат Майдан хоёр
ᠬᠠᠷ᠎ᠠ ᠬᠡᠭᠡᠷ
ᠬᠥᠯᠥᠨ ᠪᠤᠢᠷ ᠬᠣᠲᠠ ᠶ᠋ᠢᠨ ᠰᠡᠳᠬᠢᠯ ᠦ᠋ᠨ ᠠᠶᠠᠯᠭᠤ ᠪᠠᠭᠠᠴᠤᠳ ᠬᠡᠦᠬᠡᠳ ᠦ᠋ᠨ ᠨᠠᠢᠷᠠᠯ ᠳᠠᠭᠤᠨ ᠤ᠋ ᠠᠩᠭᠢ ᠶ᠋ᠢᠨ ᠬᠢᠨ ᠳᠠᠭᠤᠯᠠᠨ᠎ᠠ
ᠬᠠᠷ᠎ᠠ ᠬᠡᠭᠡᠷ ᠦ᠋ᠨ ᠬᠠᠲᠠᠷᠢᠶ᠎ᠠ ᠵᠢᠷᠣᠭ᠎ᠠ
ᠬᠠᠳᠠᠨ ᠠ᠋ᠴᠠ ᠪᠠᠭᠤᠭ᠎ᠠ ᠤᠰᠤ ᠰᠢᠭ᠋
ᠬᠠᠢᠷᠠᠲᠠᠢ ᠳᠡᠭᠦᠦ ᠶ᠋ᠢᠨ ᠳᠠᠭᠤᠨ ᠤ᠋ ᠨᠠᠮᠢᠶ᠎ᠠ
ᠬᠠᠷ᠎ᠠ ᠬᠤᠯᠤᠰᠤᠨ ᠯᠢᠩᠪᠦ ᠰᠢᠭ*
ᠤᠯᠠᠭᠠᠨ ᠬᠡᠭᠡᠷ ᠦ᠋ᠨ ᠤᠷᠤᠰᠤᠮ᠎ᠠ ᠵᠢᠷᠣᠭ᠎ᠠ
ᠠᠭᠤᠯᠠᠨ ᠠ᠋ᠴᠠ ᠪᠠᠭᠤᠭᠰᠠᠨ ᠤᠰᠤ ᠰᠢᠭ᠋
ᠤᠶᠠᠬᠠᠨ ᠳᠡᠭᠦᠦ ᠶ᠋ᠢᠨ ᠳᠠᠭᠤᠨ ᠤ᠋ ᠨᠠᠮᠢᠶ᠎ᠠ
ᠤᠯᠠᠭᠠᠨ ᠬᠤᠯᠤᠰᠤᠨ ᠯᠢᠩᠪᠦ ᠰᠢᠭ*
ᠲᠠᠷᠢᠶᠠᠲᠤ ᠮᠠᠢᠳᠠᠨ ᠬᠣᠶᠠᠷ ᠢ᠋
ᠲᠠᠷᠲᠠᠢ ᠬᠣᠯᠠ ᠶ᠋ᠢ ᠨᠢ ᠭᠦᠦᠷᠡᠭᠡ ᠦᠭᠡᠢ
ᠳᠡᠷᠳᠡᠢ ᠬᠣᠯᠠ ᠶ᠋ᠢ ᠨᠢ ᠭᠦᠦᠷᠡᠭᠡ ᠪᠣᠯ
ᠲᠠᠷᠭᠤᠨ ᠬᠣᠯᠠ ᠶ᠋ᠢ ᠪᠡᠨ ᠶᠡᠭᠦᠯᠡᠮᠡᠷ ᠶᠦᠮ
ᠬᠠᠯᠵᠠᠨ ᠬᠣᠯᠠ ᠶ᠋ᠢ ᠪᠡᠨ ᠶᠡᠭᠦᠯᠡᠯᠡ ᠳᠡ
ᠬᠠᠷᠠᠲᠠᠢ ᠬᠣᠯᠠ ᠶ᠋ᠢ ᠪᠡᠨ ᠳᠤᠭᠤᠯᠤᠯ᠎ᠠ ᠳᠠ
ᠬᠠᠷᠠᠲᠠᠢ ᠬᠣᠯᠠ ᠶ᠋ᠢ ᠳᠤᠭᠤᠯᠤᠭᠠᠳ ᠢᠷᠡᠬᠦ ᠪᠡᠷ
ᠬᠠᠷᠭᠠᠨ᠎ᠠ ᠲᠠᠢ ᠮᠠᠢᠳᠠᠨ ᠣᠢᠷᠠᠬᠠᠨ ᠯᠠ ᠪᠠᠢᠨ᠎ᠠ
ᠬᠠᠷᠭᠠᠨ᠎ᠠ ᠲᠠᠢ ᠮᠠᠢᠳᠠᠨ ᠬᠣᠶᠠᠷ ᠢ᠋
ᠬᠠᠷᠠᠲᠠᠢ ᠬᠣᠯᠠ ᠶ᠋ᠢ ᠨᠢ ᠭᠦᠦᠷᠡᠭᠡ
ᠬᠠᠷᠠᠲᠠᠢ ᠬᠣᠯᠠ ᠶ᠋ᠢ ᠨᠢ ᠭᠦᠦᠷᠡᠭᠡ ᠪᠣᠯ
ᠬᠠᠯᠵᠠᠨ ᠬᠣᠯᠠ ᠶ᠋ᠢ ᠪᠡᠨ ᠶᠡᠭᠦᠯᠡᠮᠡᠷ ᠶᠦ᠍ᠮ
ᠬᠠᠯᠵᠠᠨ ᠬᠣᠯᠠ ᠶ᠋ᠢ ᠪᠡᠨ ᠶᠡᠭᠦᠯᠡᠯᠡ ᠳᠡ
ᠬᠠᠷᠠᠲᠠᠢ ᠬᠣᠯᠠ ᠶ᠋ᠢ ᠳᠤᠭᠤᠯᠤᠯ᠎ᠠ ᠳᠠ
ᠬᠠᠷᠠᠲᠠᠢ ᠬᠣᠯᠠ ᠶ᠋ᠢ ᠳᠤᠭᠤᠯᠤᠭᠠᠳ ᠢᠷᠡᠬᠦ ᠪᠡᠷ
ᠬᠠᠷᠭᠠᠨ᠎ᠠ ᠲᠠᠢ ᠮᠠᠢᠳᠠᠨ ᠣᠢᠷᠠᠬᠠᠨ ᠯᠠ ᠪᠠᠢᠨ᠎ᠠ
ᠬᠠᠯᠵᠠᠨ ᠬᠣᠯᠠ ᠶ᠋ᠢ ᠪᠡᠨ ᠶᠡᠭᠦᠯᠡᠯᠡ ᠳᠡ
ᠬᠠᠷᠠᠲᠠᠢ ᠬᠣᠯᠠ ᠶ᠋ᠢ ᠳᠤᠭᠤᠯᠤᠯ᠎ᠠ ᠳᠠ
ᠬᠠᠷᠠᠲᠠᠢ ᠬᠣᠯᠠ ᠶ᠋ᠢ ᠳᠤᠭᠤᠯᠤᠭᠠᠳ ᠢᠷᠡᠬᠦ ᠪᠡᠷ
ᠬᠠᠷᠭᠠᠨ᠎ᠠ ᠲᠠᠢ ᠮᠠᠢᠳᠠᠨ ᠣᠢᠷᠠᠬᠠᠨ ᠯᠠ ᠪᠠᠢᠨ᠎ᠠ
ᠬᠠᠷᠭᠠᠨ᠎ᠠ ᠲᠠᠢ ᠮᠠᠢᠳᠠᠨ ᠣᠢᠷᠠᠬᠠᠨ ᠯᠠ ᠪᠠᠢᠨ᠎ᠠ
*ᠯᠢᠩᠪᠦ ᠰᠢᠭ—
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠬᠢᠨᠠᠭᠴᠢ᠄ ᠣᠳᠬᠠᠨᠰᠣ᠎ᠡ᠂ ᠲᠣᠳᠣᠭᠡᠷᠡᠯ᠃
