ᠳᠣᠯᠣᠭᠠᠨ ᠨᠣᠭᠣᠭᠠᠨ ᠥᠨᠳᠡᠭᠡ ᠲᠡᠢ ᠳᠣᠭᠣᠯᠠᠩ ᠱᠠᠭᠠᠵᠠᠭᠠᠢ - ᠨᠠᠷᠠᠨᠲ᠋ᠤᠤᠯᠢДолоон ногоон өндөгтэй доголон шаазгай - Нарантууль ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠨᠣᠭᠣᠭᠠᠨ ᠥᠨᠳᠡᠭᠡ ᠲᠡᠢ ᠳᠣᠭᠣᠯᠠᠩ ᠱᠠᠭᠠᠵᠠᠭᠠᠢ - ᠨᠠᠷᠠᠨᠲ᠋ᠤᠤᠯᠢДолоон ногоон өндөгтэй доголон шаазгай - Нарантууль

ᠳᠣᠯᠣᠭᠠᠨ ᠨᠣᠭᠣᠭᠠᠨ ᠥᠨᠳᠡᠭᠡ ᠲᠡᠢ ᠳᠣᠭᠣᠯᠠᠩ ᠱᠠᠭᠠᠵᠠᠭᠠᠢ - ᠨᠠᠷᠠᠨᠲ᠋ᠤᠤᠯᠢДолоон ногоон өндөгтэй доголон шаазгай - Нарантууль

ᠠᠩᠭᠢᠯᠠᠯ:ᠳᠣᠮᠣᠭ ᠦᠯᠢᠭᠡᠷ
2025-02-12

719

ᠳᠣᠯᠣᠭᠠᠨ ᠨᠣᠭᠣᠭᠠᠨ ᠥᠨᠳᠡᠭᠡ ᠲᠡᠢ ᠳᠣᠭᠣᠯᠠᠩ ᠱᠠᠭᠠᠵᠠᠭᠠᠢ

     ᠡᠷᠲᠡ ᠤᠷᠢᠳᠤ ᠶ᠋ᠢᠨ ᠴᠠᠭ ᠲᠤ᠌ 
ᠰᠦᠮᠪᠦᠷ ᠠᠭᠤᠯᠠ ᠶ᠋ᠢ ᠳᠣᠪᠣ ᠲᠡᠳᠦᠢ ᠪᠠᠢᠬᠤ ᠳ᠋ᠤ᠌ 
ᠰᠦᠨ ᠳᠠᠯᠠᠢ ᠶ᠋ᠢ ᠱᠠᠯᠪᠠᠭ ᠲᠡᠳᠦᠢ ᠪᠠᠢᠬᠤ ᠳ᠋ᠤ᠌ 
ᠨᠢᠭᠡᠨ ᠳᠣᠯᠣᠭᠠᠨ ᠨᠣᠭᠣᠭᠠᠨ ᠥᠨᠳᠡᠭᠡ ᠲᠡᠢ 
ᠳᠣᠭᠣᠯᠠᠩ ᠱᠠᠭᠠᠵᠠᠭᠠᠢ ᠪᠠᠢᠵᠠᠢ ᠭᠡᠨ᠎ᠡ ᠃
ᠨᠢᠭᠡ ᠡᠳᠦᠷ ᠬᠤᠯᠵᠢᠨ ᠦᠨᠡᠭᠡ ᠬᠣᠤᠬᠢᠯᠠᠭᠰᠠᠭᠠᠷ ᠢᠷᠡᠵᠡᠢ ᠃
《ᠱᠠᠭᠠᠵᠠᠭᠠᠢ ᠴᠢ ᠥᠨᠳᠡᠭᠡ ᠡᠴᠡ ᠪᠡᠨ ᠨᠠᠳᠠ ᠳ᠋ᠤ᠌ ᠥᠭ ᠂ ᠪᠢ ᠢᠳᠡᠶ᠎ᠡ᠃》
《 ᠥᠭᠬᠦ ᠦᠭᠡᠢ 》
《 ᠬᠡᠩ᠂ ᠬᠡᠷᠪᠡ ᠴᠢ ᠥᠨᠳᠡᠭᠡ ᠡᠴᠡ ᠪᠡᠨ 
ᠥᠭᠬᠦ ᠦᠭᠡᠢ ᠶᠤᠮ ᠪᠣᠯ 
ᠪᠢ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠵᠦ 
ᠠᠯᠤᠰ ᠤ᠋ᠨ ᠴᠢᠨᠢ ᠲᠣᠭᠣᠰᠣ ᠶ᠋ᠢ ᠮᠠᠨᠠᠷᠠᠭᠤᠯᠤᠨ᠎ᠠ》
ᠠᠶᠤᠭᠰᠠᠨ ᠱᠠᠭᠠᠵᠠᠭᠠᠢ ᠠᠷᠭ᠎ᠠ ᠪᠠᠨ ᠪᠠᠷᠠᠬᠤ ᠳ᠋ᠤ᠌ ᠪᠠᠨ ᠨᠢᠭᠡ ᠥᠨᠳᠡᠭᠡ ᠪᠡᠨ ᠥᠭᠴᠡᠢ᠃ ᠠᠮᠲᠠᠨ ᠳ᠋ᠤ᠌ ᠨᠢ ᠣᠷᠣᠭᠰᠠᠨ ᠦᠨᠡᠭᠡ ᠡᠳᠦᠷ ᠳᠠᠷᠠᠭᠠᠯᠠᠨ ᠢᠷᠡᠵᠦ
ᠱᠠᠭᠠᠵᠠᠭᠠᠢ ᠶ᠋ᠢ ᠠᠶᠤᠯᠭᠠᠵᠤ ᠥᠨᠳᠡᠭᠡ ᠶ᠋ᠢ ᠨᠢ ᠠᠪᠤᠭᠰᠠᠭᠠᠷ ᠪᠠᠢᠵᠤ ᠨᠢᠭᠡ ᠮᠡᠳᠡᠬᠦ᠎ᠳᠦ ᠭᠠᠭᠴᠠᠬᠠᠨ ᠥᠨᠳᠡᠭᠡ ᠦᠯᠡᠳᠡᠴᠢᠬᠡᠵᠡᠢ᠃
ᠱᠠᠭᠠᠵᠠᠭᠠᠢ ᠳᠤᠰᠤᠯ ᠤ᠋ᠨ ᠴᠢᠨᠡᠭᠡᠨ ᠨᠢᠳᠦᠨ ᠡᠴᠡ ᠪᠡᠨ ᠪᠤᠳᠠᠭᠠᠨ ᠴᠢᠨᠡᠭᠡᠨ 
ᠨᠢᠯᠪᠤᠰᠤ ᠤᠨᠠᠭᠠᠨ ᠤᠬᠢᠯᠠᠵᠤ ᠪᠠᠢᠯ᠎ᠠ᠃
ᠣᠭᠣᠲᠣᠨ᠎ᠠ ᠢᠷᠡᠵᠡᠢ ᠭᠡᠨ᠎ᠡ᠃
《 ᠱᠠᠭᠠᠵᠠᠭᠠᠢ ᠡᠭᠡᠴᠢ ᠠ᠋᠂ ᠱᠠᠭᠠᠵᠠᠭᠠᠢ ᠡᠭᠡᠴᠢ ᠠ᠋᠂ ᠲᠠ ᠶᠠᠭᠤᠨ ᠳ᠋ᠤ᠌ ᠤᠬᠢᠯᠠᠨ᠎ᠠ ᠪᠣᠢ?》
《ᠠᠢ ᠳᠠ ᠂ ᠤᠤᠯ ᠨᠢ ᠪᠢ ᠳᠣᠯᠣᠭᠠᠨ ᠥᠨᠳᠡᠭᠡ ᠲᠡᠢ ᠪᠠᠢᠭᠰᠠᠨ ᠶᠤᠮ ᠠ᠋᠂
ᠭᠡᠲᠡᠯ᠎ᠡ ᠨᠢᠭᠡ ᠦᠨᠡᠭᠡ ᠢᠷᠡᠭᠡᠳ ᠥᠨᠳᠡᠭᠡᠨ ᠡᠴᠡ ᠪᠡᠨ ᠥᠭ ᠭᠡᠬᠦ ᠳ᠋ᠦ᠍ ᠨᠢ ᠥᠭᠬᠦ ᠦᠭᠡᠢ ᠭᠡᠳ ᠯᠡ ᠪᠠᠢᠬᠤ ᠳ᠋ᠤ᠌ ᠲᠡᠷᠡ ᠥᠨᠳᠡᠭᠡ ᠡᠴᠡ ᠪᠡᠨ ᠥᠭᠬᠦ ᠦᠭᠡᠢ ᠶᠤᠮ ᠪᠣᠯ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠵᠦ ᠠᠯᠤᠰ ᠤ᠋ᠨ ᠲᠣᠭᠣᠰᠣ ᠶ᠋ᠢ ᠴᠢᠨᠢ ᠮᠠᠨᠠᠷᠠᠭᠤᠯᠤᠨ᠎ᠠ ᠭᠡᠳ ᠪᠠᠢᠬᠤᠯᠠᠷ ᠨᠢ ᠦᠭᠭᠦᠭᠰᠡᠭᠡᠷ ᠪᠠᠢᠵᠤ ᠨᠢᠭᠡ ᠮᠡᠳᠡᠬᠦ᠎ᠳᠦ ᠭᠠᠭᠴᠠᠬᠠᠨ ᠥᠨᠳᠡᠭᠡ ᠦᠯᠡᠳᠡᠴᠢᠬᠡᠵᠡᠢ᠃
ᠪᠢ ᠴᠣᠬᠣᠮ ᠶᠠᠭᠠᠬᠢᠯᠲᠠᠢ ᠪᠢᠯᠡ ᠳᠠ?》《ᠥ ᠂ ᠲᠡᠢᠮᠦ ᠤᠤ?
ᠲᠡᠭᠡᠪᠡᠯ ᠦᠨᠡᠭᠡ ᠳᠠᠬᠢᠭᠠᠳ ᠢᠷᠡᠪᠡᠯ ᠲᠠ ᠥᠭᠬᠦ ᠦᠭᠡᠢ ᠭᠡᠵᠦ ᠬᠡᠯᠡ ᠂ ᠦᠨᠡᠭᠡ ᠲᠡᠷᠡ ᠦᠭᠡ ᠪᠡᠨ ᠬᠡᠯᠡᠬᠦ ᠳ᠋ᠦ᠍ ᠨᠢ ᠠᠯᠲᠠᠨ ᠤᠯᠢᠶᠠᠰᠤ ᠶ᠋ᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ?
ᠠᠯᠤᠰ ᠤ᠋ᠨ ᠲᠣᠭᠣᠰᠣ ᠶ᠋ᠢ ᠮᠠᠨᠠᠷᠠᠭᠤᠯᠬᠤ ᠲᠤᠭᠤᠷᠠᠢ ᠴᠢᠨᠢ ᠬᠠᠮᠢᠭ᠎ᠠ ᠪᠠᠢᠨ᠎ᠠ?
ᠭᠡᠵᠦ ᠠᠰᠠᠭᠤᠭᠠᠷᠠᠢ᠂ ᠦᠨᠡᠭᠡ᠂ ᠬᠡᠨ ᠴᠢᠮ᠎ᠠ ᠳ᠋ᠤ᠌ ᠬᠡᠯᠡᠵᠦ ᠦᠭᠭᠦᠭᠰᠡᠨ ᠶᠤᠮ ᠭᠡᠵᠦ ᠠᠰᠠᠭᠤᠪᠠᠯ ᠪᠢᠲᠡᠭᠡᠢ ᠨᠠᠮ᠎ᠠ ᠶ᠋ᠢ ᠬᠡᠯᠡᠵᠡᠢ ᠭᠡᠵᠦ ᠬᠡᠯᠡ ᠭᠡᠳ ᠬᠡᠯᠡᠵᠦ ᠵᠢᠭᠠᠵᠤ ᠥᠭᠭᠦᠭᠡᠳ》
ᠣᠭᠣᠲᠣᠨ᠎ᠠ ᠶᠠᠪᠤᠴᠢᠬᠠᠪᠠ ᠃
ᠱᠠᠭᠠᠵᠠᠭᠠᠢ ᠠᠷᠭ᠎ᠠ ᠲᠠᠢ ᠪᠣᠯᠤᠭᠰᠠᠨ ᠳ᠋ᠤ᠌ ᠪᠠᠨ ᠪᠠᠶᠠᠷᠯᠠᠭᠠᠳ ᠰᠠᠭᠤᠵᠤ ᠪᠠᠢᠲᠠᠯ᠎ᠠ ᠦᠨᠡᠭᠡ ᠢᠷᠡᠵᠡᠢ᠃ 《 ᠱᠠᠭᠠᠵᠠᠭᠠᠢ ᠴᠢ ᠦᠯᠡᠳᠡᠭᠰᠡᠨ ᠥᠨᠳᠡᠭᠡ ᠪᠡᠨ ᠬᠤᠷᠳᠤᠨ ᠨᠠᠳᠠ ᠳ᠋ᠤ᠌ ᠥᠭ 》
《ᠥᠭᠬᠦ ᠦᠭᠡᠢ 》
《ᠬᠡᠷᠪᠡ ᠴᠢ ᠥᠨᠳᠡᠭᠡ ᠡᠴᠡ ᠪᠡᠨ ᠥᠭᠬᠦ ᠦᠭᠡᠢ ᠶᠤᠮ ᠪᠣᠯ ᠪᠢ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠵᠦ ᠂
ᠠᠯᠤᠰ ᠤ᠋ᠨ ᠲᠣᠭᠣᠰᠣ ᠶ᠋ᠢ ᠴᠢᠨᠢ ᠮᠠᠨᠠᠷᠠᠭᠤᠯᠤᠨ᠎ᠠ》
《 ᠠ ᠲᠡᠢᠮᠦ ᠤᠤ?
ᠲᠡᠭᠡᠪᠡᠯ ᠲᠠᠨ ᠤ᠋ ᠠᠯᠲᠠᠨ ᠤᠯᠢᠶᠠᠰᠤ ᠶ᠋ᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ?
ᠠᠯᠤᠰ ᠤ᠋ᠨ ᠲᠣᠭᠣᠰᠣ ᠶ᠋ᠢ ᠮᠠᠨᠠᠷᠠᠭᠤᠯᠬᠤ ᠲᠤᠭᠤᠷᠠᠢ ᠴᠢᠨᠢ ᠬᠠᠮᠢᠭ᠎ᠠ ᠪᠠᠢᠨ᠎ᠠ? 》
《 ᠦ᠂ ᠡᠨᠡ ᠦᠭᠡ ᠶ᠋ᠢ ᠬᠡᠨ ᠴᠢᠮ᠎ᠠ ᠳ᠋ᠤ᠌ ᠵᠢᠭᠠᠵᠤ ᠦᠭᠭᠦᠭᠰᠡᠨ ᠶᠤᠮ? 》
《ᠪᠣᠳᠣᠨ ᠪᠣᠳᠣᠨ ᠪᠣᠳᠣᠯ ᠣᠷᠣᠪᠠ᠂ ᠤᠨᠲᠠᠨ ᠤᠨᠲᠠᠨ ᠤᠬᠠᠭᠠᠨ ᠣᠷᠣᠪᠠ ᠂
ᠰᠠᠨᠠᠨ ᠰᠠᠨᠠᠨ ᠰᠠᠨᠠᠭ᠎ᠠ ᠣᠷᠣᠪᠠ 》
《ᠪᠢᠰᠢ ᠠ᠋᠂ ᠪᠢᠰᠢ ᠂ ᠯᠠᠪᠲᠠᠢ ᠴᠢᠮ᠎ᠠ ᠳ᠋ᠤ᠌ ᠬᠥᠮᠦᠨ ᠬᠡᠯᠡᠵᠦ ᠦᠭᠭᠦᠭᠰᠡᠨ ᠃
ᠬᠡᠷᠪᠡ ᠴᠢ ᠦᠨᠡᠨ ᠢ᠋ᠶ᠋ᠡᠨ ᠶᠠᠷᠢᠬᠤ ᠦᠭᠡᠢ ᠶᠤᠮ ᠪᠣᠯ ᠪᠢ ᠦᠨᠡᠭᠡ ᠶ᠋ᠢᠨ ᠠᠷᠪᠠᠨ ᠭᠤᠷᠪᠠᠨ ᠮᠡᠬᠡ ᠶ᠋ᠢ ᠦᠵᠡᠭᠦᠯᠵᠦ ᠥᠴᠦᠬᠡᠨ ᠪᠡᠶ᠎ᠡ ᠶ᠋ᠢ ᠴᠢᠨᠢ ᠪᠠᠷᠢᠵᠤ ᠢᠳᠡᠨ᠎ᠡ 》
ᠱᠠᠭᠠᠵᠠᠭᠠᠢ ᠡᠭᠦᠨ ᠢ᠋ ᠰᠣᠨᠣᠰᠤᠩᠭᠤᠲᠠ ᠠᠶᠤᠭᠠᠳ《 ᠪᠣᠷᠣ ᠰᠢᠷᠣᠢ ᠳ᠋ᠤ᠌ ᠨᠦᠬᠡ ᠲᠡᠢ ᠣᠭᠣᠲᠣᠨ᠎ᠠ ᠵᠢᠭᠠᠵᠤ ᠦᠭᠭᠦᠭᠰᠡᠨ》 ᠭᠡᠨ᠎ᠡ᠃
ᠦᠨᠡᠭᠡ ᠣᠭᠣᠲᠣᠨ᠎ᠠ ᠶ᠋ᠢᠨ ᠨᠦᠬᠡᠨ ᠳ᠋ᠦ᠍ ᠣᠴᠢᠭᠠᠳ ᠄《 ᠣᠭᠣᠲᠣᠨ᠎ᠠ ᠳᠡᠭᠦᠦ ᠮᠢᠨᠢ ᠭᠠᠷᠤᠭᠠᠳ ᠢᠷ᠎ᠡ ᠂
ᠪᠢᠳᠡ ᠬᠣᠶᠠᠷ ᠰᠠᠢᠬᠠᠨ ᠵᠣᠭᠣᠭᠳᠠᠶ᠎ᠠ》
《 ᠦ᠂ ᠦᠨᠡᠭᠡ ᠠᠬ᠎ᠠ ᠠ᠋ ᠂ ᠪᠢ ᠭᠡᠷ ᠢ᠋ᠶ᠋ᠡᠨ ᠴᠡᠪᠡᠷᠯᠡᠵᠦ ᠪᠠᠢᠨ᠎ᠠ 》 ᠦᠨᠡᠭᠡ ᠣᠭᠣᠲᠣᠨ᠎ᠠ ᠶ᠋ᠢᠨ ᠭᠡᠷ ᠢ᠋ᠶ᠋ᠡᠨ ᠴᠡᠪᠡᠷᠯᠡᠵᠦ ᠪᠠᠷᠠᠬᠤ ᠶ᠋ᠢ ᠬᠦᠯᠢᠶᠡᠭᠰᠡᠭᠡᠷ ᠪᠠᠢᠵᠤ ᠡᠷᠭᠢᠭᠡᠳ ᠳᠠᠭᠤᠳᠠᠲᠠᠯ᠎ᠠ
《ᠦ ᠂ ᠦᠨᠡᠭᠡ ᠠᠬ᠎ᠠ ᠠ᠋᠂ ᠪᠢ ᠲᠣᠯᠢ ᠪᠠᠨ ᠠᠷᠴᠢᠵᠤ ᠪᠠᠢᠨ᠎ᠠ》
ᠦᠨᠡᠭᠡ ᠣᠭᠣᠲᠣᠨ᠎ᠠ ᠶ᠋ᠢᠨ ᠲᠣᠯᠢ ᠪᠠᠨ ᠠᠷᠴᠢᠵᠤ ᠪᠠᠷᠠᠬᠤ ᠶ᠋ᠢ ᠬᠦᠯᠢᠶᠡᠭᠰᠡᠭᠡᠷ ᠪᠠᠢᠵᠤ ᠲᠡᠰᠬᠦ ᠠᠯᠳᠠᠷᠠᠵᠤ
《ᠣᠭᠣᠲᠣᠨ᠎ᠠ ᠳᠡᠭᠦᠦ ᠮᠢᠨᠢ ᠬᠤᠷᠳᠤᠨ ᠭᠠᠷᠤᠭᠠᠳ ᠢᠷ᠎ᠡ᠂
ᠪᠢᠳᠡ ᠬᠣᠶᠠᠭᠤᠯᠠ ᠰᠠᠢᠬᠠᠨ ᠨᠠᠭᠠᠳᠤᠶ᠎ᠠ》ᠣᠭᠣᠲᠣᠨ᠎ᠠ ᠲᠣᠯᠣᠭᠠᠢ ᠪᠠᠨ ᠴᠤᠬᠤᠢᠯᠭᠠᠪᠠ ᠃   
《 ᠦ᠂ ᠲᠣᠯᠣᠭᠠᠢ ᠨᠢ ᠡᠢᠮᠦ ᠬᠥᠭᠡᠷᠦᠬᠦᠨ ᠶᠤᠮ ᠴᠢᠨᠢ
ᠴᠡᠭᠡᠵᠢ ᠨᠢ ᠨᠡᠩ ᠬᠥᠭᠡᠷᠦᠬᠦᠨ ᠪᠠᠢᠬ᠎ᠠ 》 ᠬᠥᠭᠡᠷᠦᠭᠰᠡᠨ ᠣᠭᠣᠲᠣᠨ᠎ᠠ ᠴᠡᠭᠡᠵᠢ ᠪᠡᠨ ᠭᠠᠷᠭᠠᠪᠠ ᠃《 ᠴᠡᠭᠡᠵᠢ ᠨᠢ ᠡᠢᠮᠦ ᠬᠥᠭᠡᠷᠦᠬᠦᠨ ᠪᠠᠢᠬᠤ ᠳ᠋ᠤ᠌
ᠪᠥᠭᠰᠡ ᠨᠢ ᠨᠡᠩ ᠬᠥᠭᠡᠷᠦᠬᠦᠨ ᠪᠠᠢᠬ᠎ᠠ! ᠪᠥᠮᠪᠥᠭᠡ ᠠᠳᠠᠯᠢ ᠪᠥᠮ ᠪᠥᠨᠲᠥᠭᠡᠷ 》
ᠪᠠᠶᠠᠷᠯᠠᠭᠰᠠᠨ ᠣᠭᠣᠲᠣᠨ᠎ᠠ ᠪᠥᠭᠰᠡ ᠪᠡᠨ ᠭᠠᠷᠭᠠᠪᠠ᠂᠃《 ᠪᠥᠭᠰᠡ ᠨᠢ ᠡᠢᠮᠦ ᠥᠬᠥᠭᠡᠷᠳᠡᠮ᠎ᠡ ᠶᠤᠮ ᠴᠢᠨᠢ ᠰᠡᠭᠦᠯ ᠨᠢ ᠨᠡᠩ ᠥᠬᠥᠭᠡᠷᠳᠡᠮ᠎ᠡ ᠪᠠᠢᠬ᠎ᠠ᠂ ᠲᠡᠢᠮᠦ ᠪᠢᠵᠡ? 》 ᠪᠠᠶᠠᠷᠯᠠᠭᠰᠠᠨ ᠣᠭᠣᠲᠣᠨ᠎ᠠ ᠰᠡᠭᠦᠯ ᠢ᠋ᠶ᠋ᠡᠨ ᠭᠠᠷᠭᠠᠵᠠᠢ ᠃《 ᠪᠡᠶ᠎ᠡ ᠨᠢ ᠡᠢᠮᠦ ᠬᠥᠭᠡᠷᠦᠬᠦᠨ ᠶᠤᠮ ᠴᠢᠨᠢ ᠪᠥᠮ ᠪᠥᠮ ᠱᠣᠭᠰᠢᠬᠤ ᠨᠢ ᠨᠡᠩ ᠬᠥᠭᠡᠷᠦᠬᠦᠨ ᠪᠢᠵᠡ?》 ᠨᠢᠭᠡᠮᠦᠰᠦᠨ ᠬᠥᠭᠡᠷᠦᠭᠰᠡᠨ ᠣᠭᠣᠲᠣᠨ᠎ᠠ ᠡᠭᠦᠷ ᠢ᠋ᠶ᠋ᠡᠨ ᠲᠣᠭᠣᠷᠢᠭᠠᠳ ᠭᠦᠶᠦᠬᠦ ᠭᠡᠲᠡᠯ᠎ᠡ ᠦᠨᠡᠭᠡ ᠡᠮᠬᠦᠭᠡᠳ ᠠᠪᠴᠠᠢ᠃ ᠰᠠᠨᠳᠤᠷᠤᠭᠰᠠᠨ ᠣᠭᠣᠲᠣᠨ᠎ᠠ ᠰᠠᠮᠪᠠᠭ᠎ᠠ ᠲᠥᠷᠥᠵᠦ
《ᠦ᠂ ᠦᠨᠡᠭᠡ ᠠᠬ᠎ᠠ ᠠ᠋ ᠂ ᠲᠠ ᠨᠠᠮ᠎ᠠ ᠶ᠋ᠢ ᠢᠳᠡᠨ᠎ᠡ ᠭᠡᠪᠡᠯ ᠪᠢᠲᠡᠭᠡᠢ ᠥᠮᠥᠷ ᠥᠮᠥᠷ ᠭᠡᠵᠦ ᠢᠳᠡᠭᠡᠷᠡᠢ᠂ ᠦᠮᠡᠬᠡᠢ ᠠᠮᠲᠠᠭᠳᠠᠨ᠎ᠠ ᠭᠡᠨ᠎ᠡ ᠰᠢᠦ᠃ ᠠᠩᠭᠠᠷ ᠠᠩᠭᠠᠷ ᠭᠡᠵᠦ ᠢᠳᠡᠭᠡᠷᠡᠢ᠂ ᠠᠮᠲᠠᠲᠠᠢ ᠠᠮᠲᠠᠭᠳᠠᠨ᠎ᠠ ᠭᠡᠨ᠎ᠡ ᠰᠢᠦ 》
ᠨᠢᠭᠡ ᠡᠳᠦᠷ ᠥᠯᠥᠰᠦᠭᠡᠳ ᠢᠷᠡᠭᠰᠡᠨ ᠦᠨᠡᠭᠡ ᠰᠠᠢᠬᠠᠨ ᠢᠳᠡᠶ᠎ᠡ ᠭᠡᠵᠦ ᠠᠮᠠ ᠪᠠᠨ ᠠᠩᠭᠠᠢᠲᠠᠯ᠎ᠠ ᠣᠭᠣᠲᠣᠨ᠎ᠠ ᠪᠤᠯᠲᠠᠰᠬᠢᠵᠦ ᠨᠦᠬᠡᠨ ᠳ᠋ᠦ᠍ ᠪᠡᠨ ᠰᠢᠷᠭᠤᠵᠠᠢ ᠃
ᠬᠣᠭᠣᠰᠣᠨ ᠬᠣᠴᠣᠷᠤᠭᠰᠠᠨ ᠦᠨᠡᠭᠡ ᠬᠣᠯᠠ ᠶ᠋ᠢ ᠵᠣᠷᠢᠨ ᠣᠳᠤᠯ᠎ᠠ᠃ ᠬᠣᠶᠠᠷ ᠰᠠᠭᠠᠬᠠᠯᠲᠠ ᠡᠭᠦᠨ ᠡᠴᠡ ᠬᠣᠢᠰᠢ ᠠᠮᠤᠷ ᠵᠢᠮᠦᠷ ᠠᠮᠢᠳᠤᠷᠠᠭᠰᠠᠨ ᠶᠤᠮ ᠭᠡᠨ᠎ᠡ᠃

    ᠦᠰᠦᠭ ᠠᠮᠢᠯᠠᠭᠤᠯᠤᠭᠴᠢ᠄ ᠮᠢᠳᠤᠭᠮ᠎ᠠ
    ᠬᠢᠨᠠᠭᠴᠢ᠄ ᠮᠥᠴᠢᠷ᠂ ᠣᠳᠬᠠᠨᠰᠣ᠎ᠠ