1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠊ᠤᠨ ᠠᠮᠠᠨ ᠢᠷᠥᠭᠡᠯ (ᠶᠠᠪᠠᠭᠠᠨ ᠢᠷᠥᠭᠡᠯ)Ардын аман ерөөл(явган ерөөл)

ᠠᠷᠠᠳ ᠊ᠤᠨ ᠠᠮᠠᠨ ᠢᠷᠥᠭᠡᠯ (ᠶᠠᠪᠠᠭᠠᠨ ᠢᠷᠥᠭᠡᠯ)Ардын аман ерөөл(явган ерөөл)

2025-02-12

2112

ᠠᠷᠠᠳ ᠤ᠋ᠨ ᠠᠮᠠᠨ ᠢᠷᠥᠭᠡᠯ① (ᠶᠠᠪᠠᠭᠠᠨ ᠢᠷᠥᠭᠡᠯ)

ᠮᠠᠨ ᠤ᠋ ᠣᠷᠳᠣᠰ ᠮᠣᠩᠭᠣᠯᠴᠤᠳ ᠤ᠋ᠨ ᠣᠯᠠᠩᠬᠢ ᠨᠢ ᠵᠢᠯ ᠴᠠᠭᠠᠨ ᠰᠠᠷ᠎ᠠ ᠪᠣᠯᠤᠭᠰᠠᠭᠠᠷ ᠠᠪᠤ ᠡᠵᠢ᠂ ᠠᠬᠠᠰ ᠵᠠᠬᠠᠰ ᠲᠠᠭᠠᠨ ᠲᠣᠯᠣᠭᠠᠢ ᠮᠥᠷᠭᠥᠬᠦ ᠳ᠋ᠡᠭᠡᠨ ᠤᠷᠢᠳᠠ ᠪᠠᠷ ᠭᠤᠷᠪᠠ ᠤᠳᠠᠭ᠎ᠠ ᠨᠠᠮᠠᠨᠴᠢᠯᠠᠨ ᠮᠥᠷᠭᠥᠵᠦ ᠠᠳᠢᠰ ᠠᠪᠤᠭᠰᠠᠨ ᠤ᠋ ᠳᠠᠷᠠᠭ᠎ᠠ ᠰᠠᠶᠢ ᠳᠠᠬᠢᠨ ᠬᠦᠬᠦᠷ ᠬᠠᠳᠠᠭ ᠢ᠋ᠶ᠋ᠠᠨ ᠭᠠᠷᠭᠠᠵᠤ᠂ ᠬᠣᠶᠠᠷ ᠭᠠᠷ ᠲᠠᠭᠠᠨ ᠠᠯᠲᠠ ᠲᠣᠷᠭᠠᠨ ᠬᠠᠳᠠᠭ ᠢ᠋ᠶ᠋ᠠᠨ ᠪᠠᠷᠢᠵᠤ ᠠᠪᠤ ᠡᠵᠢ ᠳ᠋ᠡᠭᠡᠨ ᠮᠥᠷᠭᠥᠬᠦ ᠳ᠋ᠦ᠍ ᠠᠪᠤ ᠡᠵᠢ ᠨᠢ ᠬᠠᠳᠠᠭ ᠤ᠋ᠨ ᠠᠮᠠ ᠶ᠋ᠢ ᠨᠢ ᠡᠷᠭᠢᠭᠦᠯᠦᠨ᠂ ᠮᠥᠷᠭᠥᠭᠰᠡᠨ ᠬᠥᠮᠦᠨ (ᠳᠡᠭᠦᠦ ᠨᠠᠷ ᠬᠡᠦᠬᠡᠳ) ᠲᠡᠭᠡᠨ ᠥᠭᠴᠦ ᠠᠮᠠᠨ ᠤ᠋ ᠰᠠᠢᠬᠠᠨ ᠢᠷᠦᠭᠡᠯ ᠢ᠋ᠶ᠋ᠡᠨ ᠬᠠᠢᠷᠠᠯᠠᠳᠠᠭ ᠪᠢᠯᠡ᠃ ᠲᠡᠭᠡᠭᠡᠳ ᠮᠥᠷᠭᠥᠭᠰᠡᠨ ᠬᠥᠮᠦᠨ ᠨᠢ ᠢᠷᠦᠭᠡᠯ ᠲᠣᠭᠲᠠᠬᠤ ᠪᠣᠯᠲᠤᠭᠠᠢ! ᠭᠡᠵᠦ ᠮᠥᠷᠭᠥᠭᠡᠳ ᠬᠠᠳᠠᠭ ᠢ᠋ᠶ᠋ᠠᠨ ᠠᠪᠴᠤ ᠬᠦᠬᠦᠷ ᠰᠣᠯᠢᠯᠴᠠᠳᠠᠭ᠃ ᠲᠡᠷᠡᠴᠢᠯᠡᠨ ᠨᠠᠰᠤ ᠰᠠᠴᠠᠭᠤ ᠪᠤᠶᠤ ᠡᠩ ᠦ᠋ᠨ ᠬᠥᠮᠦᠨ ᠲᠡᠢ ᠵᠣᠯᠭᠠᠬᠤ ᠳ᠋ᠤ᠌ ᠨᠢᠭᠡ ᠨᠢᠭᠡᠨ ᠳ᠋ᠡᠭᠡᠨ ᠮᠥᠷᠭᠥᠬᠦ ᠦᠭᠡᠢ ᠬᠠᠷᠢᠨ ᠬᠣᠶᠠᠷ ᠬᠥᠮᠦᠨ ᠲᠤᠰ ᠪᠦᠷᠢ ᠲᠣᠷᠭᠠᠨ ᠬᠠᠳᠠᠭ ᠢ᠋ᠶ᠋ᠠᠨ ᠬᠣᠶᠠᠷ ᠭᠠᠷ ᠲᠠᠭᠠᠨ ᠪᠠᠷᠢᠵᠤ《ᠵᠣᠯᠭᠠᠶ᠎ᠠ! ᠵᠣᠯᠭᠠᠶ᠎ᠠ!》 ᠭᠡᠵᠦ ᠶᠡᠬᠡ ᠯᠠᠷᠵᠢᠶ᠎ᠠ ᠨᠠᠮᠪᠠ ᠲᠠᠲᠠᠵᠤ ᠪᠠᠷᠢᠭᠰᠠᠨ ᠬᠠᠳᠠᠭ ᠤ᠋ᠨ ᠢ᠋ᠶ᠋ᠠᠨ ᠠᠮᠠ ᠶ᠋ᠢ ᠨᠢ ᠲᠤᠯᠭᠠᠵᠤ ᠨᠤᠳᠤᠷᠴᠤ ᠳᠠᠷᠠᠭ᠎ᠠ ᠨᠢ ᠬᠦᠬᠦᠷ ᠰᠣᠯᠢᠳᠠᠭ᠃ ᠬᠦᠬᠦᠷ ᠰᠣᠯᠢᠬᠤ ᠳ᠋ᠠᠭᠠᠨ᠄ ᠵᠠ ᠠ᠋! ᠰᠠᠢᠨ ᠰᠢᠨᠡᠯᠡᠪᠡ ᠤᠤ? ᠵᠤᠯᠠ ᠶ᠋ᠢᠨ ᠮᠠᠨᠳᠤᠯᠭ᠎ᠠ ᠰᠠᠢᠨ? ᠵᠤᠯᠠ ᠪᠠᠨ ᠡᠷᠲᠡ ᠡᠷᠭᠦᠪᠡ ᠤᠤ?②ᠵᠢᠯ ᠦ᠋ᠨ ᠰᠢᠨᠵᠢ ᠥᠩᠭᠡ ᠰᠠᠢᠨ? ᠭᠡᠵᠦ ᠠᠰᠠᠭᠤᠬᠤ ᠳ᠋ᠤ᠌ ᠨᠥᠭᠦᠭᠡ ᠨᠢᠭᠡ ᠨᠢ ᠰᠠᠢᠨ ᠰᠠᠢᠨ ᠳᠠᠶᠠᠭᠠᠷ ᠤ᠋ᠨ ᠳᠡᠯᠢᠮ ᠢ᠋ᠶ᠋ᠡᠷ ᠮᠠᠨᠳᠤᠭᠤᠯᠤᠯ᠎ᠠ (ᠰᠢᠨᠡᠯᠡᠪᠡ) ᠭᠡᠳᠡᠭ᠃ ᠲᠡᠭᠡᠭᠡᠳ ᠵᠠ ᠠ᠋! ᠰᠢᠨ᠎ᠡ ᠵᠢᠯ ᠦ᠋ᠨ ᠰᠢᠨᠵᠢ ᠥᠩᠭᠡ ᠶ᠋ᠢ ᠰᠠᠢᠨ ᠲᠤᠩᠭᠠᠵᠤ ᠠᠢᠯᠠᠳᠪᠠ ᠤᠤ? ᠭᠡᠵᠦ ᠠᠰᠠᠭᠤᠬᠤ ᠳ᠋ᠤ᠌ ᠨᠥᠭᠦᠭᠡ ᠨᠢᠭᠡ ᠨᠢ᠄ ᠰᠠᠢᠨ᠂ ᠰᠠᠢᠨ! ᠲᠩᠷᠢ ᠭᠠᠵᠠᠷ ᠳᠤᠯᠠᠭᠠᠨ ᠲᠣᠭᠲᠠᠭᠤᠨ
ᠲᠥᠷᠥ ᠲᠦᠪᠰᠢᠨ ᠲᠦᠮᠡᠨ ᠠᠮᠤᠭᠤᠯᠠᠩ
ᠲᠦᠮᠡᠨ ᠪᠣᠳᠠᠰ ᠴᠡᠴᠡᠭᠯᠡᠨ ᠳᠡᠯᠭᠡᠷᠡᠵᠦ
ᠲᠦᠮᠡᠨ ᠠᠷᠠᠳ ᠪᠠᠶᠠᠷᠯᠠᠩᠭᠤᠢ ᠰᠠᠢᠬᠠᠨ
ᠣᠷᠴᠢᠯᠠᠩ ᠳ᠋ᠤ᠌ ᠤᠨᠢᠶᠠᠷ ᠲᠠᠢ ᠣᠭᠲᠠᠷᠭᠤᠢ ᠳ᠋ᠤ᠌ ᠡᠭᠦᠯᠡ ᠲᠡᠢ
ᠬᠠᠪᠤᠷ ᠪᠣᠯᠬᠤ ᠳ᠋ᠤ᠌ ᠨᠣᠭᠣᠭ᠎ᠠ ᠡᠷᠲᠡ ᠤᠷᠭᠤᠵᠤ
ᠬᠠᠯᠠᠭᠤᠨ ᠳᠤᠮᠳᠠ ᠪᠣᠷᠣᠭᠠᠨ ᠬᠤᠷ᠎ᠠ ᠲᠠᠢ
ᠠᠮᠤᠨ ᠤ᠋ ᠲᠣᠯᠣᠭᠠᠢ ᠪᠥᠬᠥᠢᠵᠦ
ᠠᠷᠠᠳ ᠤ᠋ᠨ ᠲᠣᠯᠣᠭᠠᠢ ᠭᠡᠳᠡᠢᠵᠦ᠂ ᠴᠣᠬᠣᠮ ᠴᠤ᠌ ᠰᠠᠢᠬᠠᠨ ᠵᠢᠯ ᠪᠣᠯᠬᠤ ᠰᠢᠨᠵᠢ ᠲᠡᠢ ᠪᠠᠢᠨ᠎ᠠ ᠭᠡᠵᠦ ᠶᠡᠬᠡ ᠪᠡᠯᠭᠡ ᠳᠡᠮᠪᠡᠷᠢᠯ ᠲᠡᠢ ᠦᠭᠡ ᠬᠡᠯᠡᠳᠡᠭ ᠪᠥᠭᠡᠳ ᠬᠡᠦᠬᠡᠳ ᠲᠦ᠍ ᠪᠡᠨ ᠫᠤᠤ ᠰᠠᠢᠨ ᠲᠠᠯᠪᠢᠪᠠ ᠤᠤ?
ᠫᠤᠤ ᠶ᠋ᠢᠨ ᠳᠠᠭᠤ ᠰᠠᠢᠨ
ᠪᠤᠤᠰᠠ ᠪᠠᠩᠰᠢ ᠶ᠋ᠢᠨ ᠠᠮᠲᠠ ᠰᠠᠢᠨ ᠴᠠᠭᠠᠨ ᠰᠠᠷ᠎ᠠ ᠶ᠋ᠢᠨ ᠪᠠᠶᠠᠷ ᠰᠠᠢᠨ ᠴᠠᠭᠠᠰᠤᠨ ᠫᠤᠤ ᠶ᠋ᠢᠨ ᠳᠠᠭᠤ ᠰᠠᠢᠨ ᠭᠡᠬᠦ ᠳ᠋ᠦ᠍ ᠬᠡᠦᠬᠡᠳ ᠬᠠᠷᠢᠭᠤ ᠳ᠋ᠤᠨᠢ᠄ ᠰᠠᠢᠨ ᠰᠠᠢᠨ! ᠭᠡᠵᠦ ᠮᠥᠷᠭᠥᠭᠡᠳ ᠬᠦᠬᠦᠷ ᠰᠣᠯᠢᠳᠠᠭ᠃ ᠡᠨᠡ ᠬᠦ᠌ ᠠᠮᠠᠨ ᠢᠷᠦᠭᠡᠯ (ᠶᠠᠪᠠᠭᠠᠨ ᠢᠷᠦᠭᠡᠯ) ᠢ᠋ ᠰᠡᠢᠷᠡᠭᠦᠯᠪᠡᠯ ᠳᠣᠣᠷᠠᠬᠢ ᠮᠡᠲᠦ᠄
1 ᠰᠠᠢᠨ ᠶᠠᠪᠤᠵᠤ ᠰᠠᠨᠠᠭ᠎ᠠ ᠪᠠᠷ ᠵᠢᠷᠭ᠎ᠠ
ᠡᠩᠬᠡ ᠶᠠᠪᠤᠵᠤ ᠮᠥᠩᠬᠡ ᠵᠢᠷᠭ᠎ᠠ
ᠡᠷᠳᠡᠨᠢ ᠶ᠋ᠢᠨ ᠱᠠᠩ ᠢ᠋ᠶ᠋ᠠᠷ ᠳᠦᠭᠦᠷᠡᠩ ᠵᠢᠷᠭ᠎ᠠ!
2 ᠠᠷᠤ ᠭᠠᠵᠠᠷ ᠤ᠋ᠨ ᠨᠣᠭᠣᠭ᠎ᠠ ᠮᠡᠲᠦ ᠨᠠᠢᠭᠤᠨ ᠵᠢᠷᠭ᠎ᠠ
ᠠᠷᠪᠠᠨ ᠲᠠᠪᠤᠨ ᠤ᠋ ᠰᠠᠷᠠ ᠮᠡᠲᠦ ᠳᠦᠭᠦᠷᠡᠩ ᠵᠢᠷᠭ᠎ᠠ
ᠠᠪᠤ ᠡᠵᠢ ᠶ᠋ᠢᠨ ᠢ᠋ᠶ᠋ᠡᠨ ᠬᠡᠰᠢᠭ ᠢ᠋ ᠲᠣᠭᠲᠠᠭᠠᠨ ᠵᠢᠷᠭ᠎ᠠ!
3 ᠠᠷᠤ ᠪᠠᠷ ᠳᠦᠭᠦᠷᠡᠩ ᠠᠳᠤᠭᠤ ᠲᠠᠢ ᠪᠣᠯ
ᠠᠪᠳᠠᠷ᠎ᠠ ᠪᠠᠷ ᠳᠦᠭᠦᠷᠡᠩ ᠠᠯᠲᠠ ᠲᠠᠢ ᠪᠣᠯ!
4 ᠨᠠᠨᠲᠠᠢ ᠠᠭᠤᠯᠠ ᠮᠡᠲᠦ ᠪᠤᠶᠠᠨ ᠬᠡᠰᠢᠭ ᠲᠡᠢ ᠪᠣᠯ
ᠨᠠᠮᠰᠠᠷᠠᠢ ᠪᠤᠷᠬᠠᠨ ᠮᠡᠲᠦ ᠪᠠᠶᠠᠨ ᠱᠠᠩ ᠲᠠᠢ ᠪᠣᠯᠲᠤᠭᠠᠢ!
5 ᠠᠭᠤᠯᠠ ᠶ᠋ᠢᠨ ᠮᠣᠳᠣ ᠮᠡᠲᠦ ᠨᠠᠢᠭᠤᠨ ᠵᠢᠷᠭᠠᠲᠤᠭᠠᠢ
ᠤᠳᠤᠮᠪᠠᠷᠠ ᠯᠢᠩᠬᠤ᠎ᠠ ᠴᠡᠴᠡᠭ ᠮᠡᠲᠦ ᠵᠢᠭᠰᠠᠨ ᠵᠢᠷᠭᠠᠲᠤᠭᠠᠢ!
6 ᠬᠬᠢᠷ ᠦᠭᠡᠢ ᠨᠠᠷᠠᠨ ᠰᠠᠷᠠᠨ ᠮᠡᠲᠦ ᠭᠡᠢᠭᠦᠯᠦᠨ ᠵᠢᠷᠭᠠᠲᠤᠭᠠᠢ
ᠬᠢᠯᠢᠨᠴᠡ ᠦᠭᠡᠢ ᠨᠣᠮ ᠤ᠋ᠨ ᠱᠠᠰᠢᠨ ᠮᠡᠲᠦ ᠠᠷᠪᠠᠨ ᠵᠦᠭ ᠲᠦ᠍ ᠳᠡᠯᠭᠡᠷᠡᠨ
ᠬᠡᠪᠬᠦᠨ ᠵᠠᠩᠭᠢᠶ᠎ᠠ ᠮᠡᠲᠦ ᠪᠥᠬᠡ ᠠᠮᠢ ᠲᠠᠢ ᠪᠣᠯᠲᠤᠭᠠᠢ!
ᠬᠡᠵᠢᠶᠡᠳᠡ ᠡᠩᠬᠡ ᠲᠥᠷᠥ ᠮᠥᠩᠬᠡ ᠱᠠᠰᠢᠨ ᠢ᠋ ᠲᠦᠰᠢᠭᠰᠡᠭᠡᠷ ᠵᠢᠷᠭᠠᠲᠤᠭᠠᠢ!
7 ᠲᠥᠪ ᠶᠡᠬᠡ ᠲᠥᠷᠥ ᠶᠦ᠍ᠭᠡᠨ ᠲᠦᠰᠢᠭᠰᠡᠭᠡᠷ ᠵᠢᠷᠭᠠᠲᠤᠭᠠᠢ
ᠲᠥᠷᠥ᠂ ᠱᠠᠰᠢᠨ ᠬᠣᠶᠠᠷ ᠢ᠋ ᠪᠡᠨ ᠪᠠᠷᠢᠭᠰᠠᠭᠠᠷ ᠵᠢᠷᠭᠠᠲᠤᠭᠠᠢ
ᠳᠥᠷᠪᠡᠯᠵᠢᠨ ᠴᠠᠭᠠᠨ ᠣᠯᠪᠣᠭ (ᠢᠰᠡᠭᠡᠢ) ᠳᠡᠭᠡᠷ᠎ᠡ ᠪᠡᠨ ᠲᠥᠪᠯᠡᠨ ᠰᠠᠭᠤᠵᠤ
ᠳᠥᠷᠪᠡᠨ ᠠᠪᠤ ᠡᠵᠢ ᠶ᠋ᠢᠨ ᠢ᠋ᠶ᠋ᠡᠨ ᠪᠤᠶᠠᠨ ᠢ᠋ ᠲᠣᠭᠲᠠᠭᠠᠨ ᠬᠦᠷᠲᠡᠬᠦ ᠪᠣᠯᠲᠤᠭᠠᠢ!
8 ᠤᠷᠭᠤᠬᠤ ᠠᠭᠤᠯᠠ ᠮᠡᠲᠦ ᠪᠠᠲᠤ
ᠤᠷᠤᠰᠬᠤ ᠤᠰᠤ ᠮᠡᠲᠦ ᠲᠤᠩᠭᠠᠯᠠᠭ
ᠤᠷᠲᠤ ᠨᠠᠰᠤᠯᠠᠵᠤ
ᠤᠳᠠᠭᠠᠨ ᠵᠢᠷᠭᠠᠬᠤ ᠪᠣᠯᠲᠤᠭᠠᠢ!
9 ᠡᠯᠪᠡᠭ ᠶᠡᠬᠡ ᠪᠤᠶᠠᠨ ᠲᠠᠢ᠂ ᠳᠡᠯᠭᠡᠷ ᠶᠡᠬᠡ ᠬᠡᠰᠢᠭ ᠲᠡᠢ᠂
ᠡᠭᠦᠷᠢᠳᠡ ᠡᠪᠳᠡᠷᠡᠰᠢ ᠦᠭᠡᠢ᠂ ᠡᠩᠬᠡ ᠮᠥᠩᠬᠡ ᠵᠢᠷᠭᠠᠲᠤᠭᠠᠢ!
10 ᠠᠪᠤ ᠡᠵᠢ ᠶ᠋ᠢᠨ ᠢ᠋ᠶ᠋ᠡᠨ ᠪᠤᠶᠠᠨ ᠢ᠋ ᠲᠣᠭᠲᠠᠭᠠᠨ ᠵᠢᠷᠭ᠎ᠠ
ᠠᠳᠤᠭᠤ ᠮᠠᠯ ᠤ᠋ᠨ ᠣᠯᠠᠨ ᠢ᠋ ᠡᠳ᠋ᠯᠡᠨ ᠵᠢᠷᠭ᠎ᠠ
ᠠᠷᠪᠠᠨ ᠲᠠᠪᠤᠨ ᠤ᠋ ᠰᠠᠷᠠ ᠮᠡᠲᠦ ᠳᠦᠭᠦᠷᠡᠩ ᠵᠢᠷᠭ᠎ᠠ
ᠠᠭᠠᠷ ᠲᠩᠷᠢ ᠶ᠋ᠢᠨ ᠣᠳᠣ ᠮᠡᠲᠦ ᠭᠢᠯᠠᠯᠵᠠᠨ ᠵᠢᠷᠭ᠎ᠠ!
11 ᠤᠷᠠᠨ ᠲᠦᠰᠢ ᠶ᠋ᠢᠨ ᠠᠭᠤᠯᠠ ᠮᠡᠲᠦ ᠪᠠᠶᠠᠨ ᠡᠷᠬᠢᠮ ᠶᠠᠪᠤᠲᠤᠭᠠᠢ 
ᠤᠷᠭᠤᠭ᠎ᠠ ᠽᠠᠨᠳᠠᠨ ᠮᠣᠳᠣ ᠮᠡᠲᠦ ᠮᠥᠩᠬᠡ ᠨᠣᠭᠣᠭᠠᠨ ᠶᠠᠪᠤᠲᠤᠭᠠᠢ!
ᠤᠷᠲᠤ ᠮᠥᠷᠡᠨ ᠳᠠᠯᠠᠢ ᠮᠡᠲᠦ ᠪᠤᠶᠠᠨ ᠬᠡᠰᠢᠭ ᠲᠡᠢ ᠪᠣᠯᠲᠤᠭᠠᠢ
ᠤᠳᠤᠮᠰᠢᠯᠲᠤ ᠠᠪᠤ ᠡᠵᠢ ᠶ᠋ᠢᠨ ᠢ᠋ᠶ᠋ᠡᠨ ᠭᠠᠯ ᠭᠣᠯᠣᠮᠲᠠ ᠶ᠋ᠢ ᠰᠠᠬᠢᠵᠤ ᠶᠠᠪᠤᠲᠤᠭᠠᠢ!
12 ᠬᠠᠨ ᠰᠦᠮᠪᠦᠷ ᠠᠭᠤᠯᠠ ᠮᠡᠲᠦ ᠪᠠᠶᠠᠨ ᠡᠷᠬᠢᠮ ᠶᠠᠪᠤᠲᠤᠭᠠᠢ
ᠬᠠᠲᠤᠨ ᠳᠠᠯᠠᠢ ᠶ᠋ᠢᠨ ᠤᠰᠤ ᠮᠡᠲᠦ ᠪᠤᠶᠠᠨ ᠬᠡᠰᠢᠭ ᠲᠡᠢ ᠪᠣᠯᠲᠤᠭᠠᠢ!
ᠬᠠᠮᠤᠭ ᠣᠯᠠᠨ ᠲᠦᠮᠡᠨ ᠳ᠋ᠡᠭᠡᠨ ᠬᠦᠷᠢᠶᠡᠯᠡᠯ ᠲᠡᠢ ᠶᠠᠪᠤᠵᠤ
ᠬᠠᠢᠷᠠᠲᠤ ᠠᠪᠤ ᠡᠵᠢ ᠶ᠋ᠢᠨ ᠢ᠋ᠶ᠋ᠡᠨ ᠪᠤᠶᠠᠨ ᠬᠡᠰᠢᠭ ᠢ᠋ ᠬᠦᠷᠲᠡᠵᠦ ᠶᠠᠪᠤᠲᠤᠭᠠᠢ!
13 ᠰᠦᠮᠪᠦᠷ ᠠᠭᠤᠯᠠ ᠮᠡᠲᠦ ᠪᠠᠷ᠎ᠠ ᠲᠠᠢ
ᠰᠦᠨ ᠳᠠᠯᠠᠢ ᠮᠡᠲᠦ ᠬᠡᠰᠢᠭ ᠲᠡᠢ ᠪᠣᠯᠲᠤᠭᠠᠢ!
ᠰᠥᠮᠡᠨ ᠴᠡᠴᠡᠭ ᠮᠡᠲᠦ ᠪᠠᠳᠠᠷᠠᠨ ᠳᠡᠯᠭᠡᠷᠡᠵᠦ
ᠰᠦᠯᠳᠡ ᠬᠡᠢᠮᠣᠷᠢ ᠴᠢᠨᠢ ᠮᠠᠨᠳᠤᠲᠤᠭᠠᠢ!
14 ᠨᠠᠷᠠ ᠠᠳᠠᠯᠢ ᠬᠡᠷᠡᠯᠳᠦᠵᠦ ᠶᠠᠪᠤ᠂ ᠨᠠᠪᠴᠢ ᠠᠳᠠᠯᠢ ᠳᠡᠯᠭᠡᠷᠡᠵᠦ ᠶᠠᠪᠤ
ᠨᠠᠢᠷ ᠬᠥᠷ ᠢ᠋ᠶ᠋ᠡᠷ ᠳᠦᠭᠦᠷᠡᠩ ᠶᠠᠪᠤ᠂ ᠨᠠᠰᠤᠨ ᠲᠤᠷᠰᠢᠲᠠ ᠵᠢᠷᠭᠠᠵᠤ ᠶᠠᠪᠤ!
15 ᠰᠠᠷᠠ ᠠᠳᠠᠯᠢ ᠰᠠᠴᠤᠷᠠᠵᠤ ᠶᠠᠪᠤ᠂ ᠰᠠᠷᠭᠠᠢ ᠴᠡᠴᠡᠭ ᠰᠢᠭ ᠳᠡᠯᠭᠡᠷᠡᠵᠦ ᠶᠠᠪᠤ!
ᠰᠠᠨᠠᠭ᠎ᠠ ᠰᠡᠳᠬᠢᠯ ᠠᠮᠤᠷ ᠶᠠᠪᠤ᠂ ᠰᠠᠢᠨ ᠰᠠᠢᠬᠠᠨ ᠵᠢᠷᠭᠠᠵᠤ ᠶᠠᠪᠤ!
16 ᠪᠠᠲᠤ ᠴᠠᠭᠠᠨ ᠢ᠋ᠶ᠋ᠠᠨ ᠪᠠᠷᠢᠪᠠᠯ ᠪᠠᠶᠠᠨ ᠪᠣᠯᠬᠤ ᠰᠢᠨᠵᠢ ᠲᠡᠢ
ᠪᠠᠳᠮᠠᠷᠠᠭ ᠵᠢᠩᠰᠡ ᠪᠡᠨ ᠵᠡᠭᠦᠪᠡᠯ ᠨᠣᠶᠠᠨ ᠪᠣᠯᠬᠤ ᠰᠢᠨᠵᠢ ᠲᠡᠢ
ᠪᠠᠶᠠᠨ ᠨᠣᠶᠠᠨ ᠪᠣᠯᠵᠤ᠂ ᠪᠠᠳᠠᠷᠠᠨ ᠵᠢᠷᠭᠠᠬᠤ ᠪᠣᠯᠲᠤᠭᠠᠢ!
17 ᠨᠠᠷᠠᠨ ᠰᠠᠷᠠᠨ ᠮᠡᠲᠦ ᠭᠡᠢᠭᠦᠯᠡᠩ ᠵᠢᠷᠭ᠎ᠠ
ᠨᠠᠪᠴᠢᠲᠤ ᠽᠠᠨᠳᠠᠨ ᠮᠣᠳᠣ ᠮᠡᠲᠦ ᠨᠠᠢᠭᠤᠨ ᠵᠢᠷᠭ᠎ᠠ! 
ᠨᠠᠢ᠍ᠮᠠᠨ ᠵᠦᠭ ᠦ᠋ᠨ ᠣᠯᠠᠨ ᠲᠠᠢ ᠪᠠᠨ ᠨᠠᠢᠵᠠᠯᠠᠵᠤ
ᠨᠠᠰᠤᠨ ᠲᠤᠷᠰᠢ ᠵᠢᠷᠭᠠᠵᠤ ᠶᠠᠪᠤᠬᠤ ᠪᠣᠯᠲᠤᠭᠠᠢ!
18 ᠵᠢᠯ ᠢᠷᠡᠬᠦ ᠳ᠋ᠦ᠍ ᠵᠡᠷᠭᠡ ᠨᠡᠮᠡ
ᠣᠨ ᠢᠷᠡᠬᠦ ᠳ᠋ᠦ᠍ ᠤᠲᠤᠭ᠎ᠠ ᠨᠡᠮᠡ
ᠤᠲᠤᠭᠠᠨ ᠳᠡᠭᠡᠷ᠎ᠡ ᠪᠡᠨ ᠭᠡᠷᠡᠯ ᠨᠡᠮᠡ
ᠭᠡᠷᠡᠯ ᠳᠡᠭᠡᠷ᠎ᠡ ᠪᠡᠨ ᠭᠢᠯᠪᠠᠭ᠎ᠠ ᠨᠡᠮᠡ!
19 ᠱᠧᠩ ᠠᠮᠤ ᠲᠠᠷᠢᠪᠠᠯ᠂ ᠳ᠋ᠠᠨ ᠠᠮᠤ ᠬᠤᠷᠢᠶᠠ
ᠰᠢᠨ᠎ᠡ ᠪᠡᠷᠢ ᠪᠠᠭᠤᠯᠭᠠᠪᠠᠯ ᠬᠦᠦ ᠲᠡᠢ ᠪᠣᠯ!
20 ᠬᠥᠮᠥᠷᠭᠡ ᠪᠡᠷ ᠳᠦᠭᠦᠷᠡᠩ ᠪᠤᠳᠠᠭ᠎ᠠ ᠲᠠᠢ ᠪᠣᠯ
ᠬᠥᠨᠵᠢᠯᠡ ᠪᠡᠷ ᠳᠦᠭᠦᠷᠡᠩ ᠬᠡᠦᠬᠡᠳ ᠲᠡᠢ ᠪᠣᠯ!
21 ᠪᠠᠶᠠᠨ ᠠᠢᠯ ᠤ᠋ᠨ ᠪᠡᠷᠢ (ᠬᠦᠷᠭᠡᠨ) ᠪᠣᠯ
ᠪᠠᠨᠲᠠᠭᠠᠷ ᠴᠠᠭᠠᠨ ᠬᠦᠦ ᠲᠡᠢ ᠪᠣᠯ!
22 ᠭᠣᠶᠣ ᠬᠡᠭᠡᠨᠴᠢᠷ ᠪᠦᠰᠡᠭᠦᠢ ᠲᠡᠢ ᠪᠣᠯ
ᠭᠣᠨᠵᠢᠷ ᠭᠣᠢᠭᠣᠷ ᠬᠡᠦᠬᠡᠨ ᠲᠡᠢ ᠪᠣᠯ!
23 ᠠᠵᠢᠨᠠᠢ ᠬᠦᠯᠦᠭ ᠦ᠋ᠨ ᠲᠥᠪᠡᠷᠭᠡᠨ ᠳ᠋ᠦ᠍
ᠠᠯᠤᠰ ᠤ᠋ᠨ ᠵᠠᠮ ᠢ᠋ ᠲᠣᠪᠴᠢᠯᠠᠵᠤ ᠶᠠᠪᠤ
ᠠᠪᠤ ᠡᠵᠢ ᠶ᠋ᠢᠨ ᠢ᠋ᠶ᠋ᠡᠨ ᠪᠤᠶᠠᠨ ᠳ᠋ᠤ᠌
ᠠᠯᠲᠠ ᠰᠤᠪᠤᠳ ᠢ᠋ ᠬᠡᠯᠬᠢᠵᠦ ᠶᠠᠪᠤ!
24 ᠪᠦᠭᠦᠳᠡ ᠶ᠋ᠢᠨ ᠡᠮᠦᠨ᠎ᠡ ᠴᠣᠯᠭᠣᠷᠠᠵᠤ ᠶᠠᠪᠤ
ᠳᠠᠶᠠᠭᠠᠷ ᠤ᠋ᠨ ᠡᠮᠦᠨ᠎ᠡ ᠲᠠᠪᠰᠢᠵᠤ ᠶᠠᠪᠤ!
25 ᠪᠠᠳᠠᠷᠠᠩᠭᠤᠢ ᠡᠭᠦᠯᠡ ᠮᠡᠲᠦ ᠪᠠᠳᠠᠷᠠᠨ ᠵᠢᠷᠭ᠎ᠠ
ᠪᠠᠳᠮ᠎ᠠ ᠯᠢᠩᠬᠤ᠎ᠠ ᠴᠡᠴᠡᠭ ᠮᠡᠲᠦ ᠳᠡᠯᠭᠡᠷᠡᠨ ᠵᠢᠷᠭ᠎ᠠ
ᠪᠠᠶᠠᠨ ᠨᠠᠮᠰᠠᠷᠠᠢ ᠶ᠋ᠢᠨ ᠱᠠᠩ ᠮᠡᠲᠦ ᠡᠳ᠋ ᠪᠠᠷᠠᠭ᠎ᠠ ᠲᠠᠢ ᠪᠣᠯᠵᠤ
ᠪᠠᠢᠳᠠᠭ ᠤᠳᠤᠮ ᠢ᠋ᠶ᠋ᠠᠷ ᠢ᠋ᠶ᠋ᠠᠨ ᠪᠠᠶᠠᠵᠢᠨ ᠵᠢᠷᠭ᠎ᠠ!
26 ᠳᠡᠯ ᠢ᠋ ᠨᠢ ᠵᠠᠰᠠᠬᠤ ᠠᠳᠤᠭᠤ ᠲᠠᠢ ᠪᠣᠯ
ᠳᠠᠯᠠᠩ ᠢ᠋ ᠨᠢ ᠲᠠᠲᠠᠬᠤ ᠦᠨᠢᠶ᠎ᠡ ᠲᠡᠢ ᠪᠣᠯ!
27 ᠬᠠᠢᠴᠢᠯᠠᠬᠤ ᠨᠢ ᠬᠠᠷ᠎ᠠ ᠲᠣᠷᠭ᠎ᠠ
ᠬᠠᠭᠠᠯᠬᠤ ᠨᠢ ᠰᠢᠷ᠎ᠠ ᠲᠣᠰᠣ
ᠤᠤᠭᠤᠬᠤ ᠨᠢ ᠷᠠᠰᠢᠶᠠᠨ ᠪᠤᠯᠠᠭ ᠤ᠋ᠨ ᠤᠰᠤ
ᠤᠨᠤᠬᠤ ᠨᠢ ᠡᠷᠳᠡᠨᠢ ᠶ᠋ᠢᠨ ᠬᠦᠯᠦᠭ ᠪᠣᠯᠲᠤᠭᠠᠢ!
28 ᠬᠤᠰᠢ ᠮᠠᠨᠴᠤᠭ ᠴᠢᠨᠢ ᠭᠠᠵᠠᠷ ᠳᠣᠯ
ᠭᠣᠵᠣᠭᠣᠷ ᠮᠠᠯᠠᠭᠠᠢ ᠴᠢᠨᠢ ᠲᠩᠷᠢ ᠳᠤᠯ!
29 ᠪᠢᠷ ᠢ᠋ᠶ᠋ᠡᠨ ᠪᠠᠷᠢᠪᠠᠯ ᠣᠶᠤᠲᠠᠨ ᠪᠣᠯ ᠤᠷᠭ᠎ᠠ ᠪᠠᠨ ᠪᠠᠷᠢᠪᠠᠯ ᠠᠳᠤᠭᠤᠴᠢᠨ ᠪᠣᠯ!
30 ᠮᠥᠷᠭᠥᠭᠰᠡᠨ ᠲᠣᠯᠣᠭᠠᠢ ᠴᠢᠨᠢ ᠮᠥᠩᠬᠡ ᠪᠣᠯ
ᠮᠥᠩᠭᠥ ᠵᠣᠭᠣᠰ ᠢ᠋ᠶ᠋ᠠᠷ ᠡᠯᠪᠡᠭ ᠪᠣᠯ!
31 ᠪᠤᠶᠠᠨ ᠴᠢᠨᠢ ᠳᠡᠯᠭᠡᠷᠡ ᠪᠤᠳᠠᠭ᠎ᠠ ᠴᠢᠨᠢ ᠥᠳᠬᠡᠷᠡ!
32 ᠠᠯᠠᠭ ᠮᠣᠷᠢ ᠪᠠᠨ ᠤᠨᠤᠨ ᠵᠢᠷᠭ᠎ᠠ
ᠠᠯᠴᠢᠭᠤᠷ ᠬᠠᠳᠠᠭ ᠢ᠋ᠶ᠋ᠠᠷ ᠴᠢᠮᠡᠨ ᠵᠢᠷᠭ᠎ᠠ
33 ᠪᠢᠯᠢᠭ ᠵᠢᠷᠭᠠᠯ ᠢ᠋ᠶ᠋ᠠᠷ ᠰᠣᠶᠣᠷᠬᠠᠭᠰᠠᠨ
ᠪᠡᠯᠭᠡᠲᠦ ᠴᠠᠭᠠᠨ ᠰᠠᠷ᠎ᠠ ᠳ᠋ᠠᠭᠠᠨ
ᠪᠡᠯᠭᠡ ᠶ᠋ᠢᠨ ᠬᠡᠭᠡᠷ ᠢ᠋ ᠣᠷᠣᠯᠠᠭᠰᠠᠨ
ᠪᠢᠳᠤᠷᠶᠠᠲᠤ ᠲᠡᠷᠭᠡ ᠪᠡᠨ ᠵᠢᠯᠣᠭᠣᠳᠤᠨ ᠵᠢᠷᠭ᠎ᠠ!
34 ᠠᠯᠮᠠᠰ ᠬᠦᠷᠳᠦᠲᠦ ᠬᠤᠷᠳᠤᠨ ᠲᠡᠷᠭᠡ ᠪᠡᠨ
ᠠᠯᠭᠤᠷ ᠠᠭᠠᠵᠢᠮ ᠢ᠋ᠶ᠋ᠠᠷ ᠵᠢᠯᠣᠭᠣᠳᠤᠨ ᠶᠠᠪᠤᠵᠤ ᠠᠮᠤᠭᠤᠯᠠᠩᠲᠤ ᠰᠠᠢᠬᠠᠨ ᠰᠢᠨ᠎ᠡ ᠶ᠋ᠢᠨ ᠪᠠᠶᠠᠷ ᠢ᠋ᠶ᠋ᠠᠷ ᠠᠪᠤ ᠡᠵᠢ ᠳ᠋ᠡᠭᠡᠨ ᠮᠥᠷᠭᠥᠨ ᠮᠥᠷᠭᠥᠨ ᠵᠢᠷᠭ᠎ᠠ!
35 ᠴᠠᠭᠠᠨ ᠰᠠᠷ᠎ᠠ ᠶ᠋ᠢᠨ ᠪᠠᠶᠠᠷ ᠳᠤᠷᠠᠰᠬᠠᠯ ᠢ᠋ᠶ᠋ᠠᠨ
ᠴᠠᠭᠯᠠᠰᠢ ᠦᠭᠡᠢ ᠤᠭᠲᠤᠨ ᠪᠡᠯᠭᠡᠯᠡᠵᠦ
ᠴᠠᠭ ᠡᠷᠡᠨ ᠦ᠌ ᠬᠥᠭᠵᠢᠯᠲᠡ ᠬᠤᠪᠢᠷᠠᠯᠲᠠ ᠪᠠᠷ
ᠴᠠᠬᠢᠯᠭᠠᠨ ᠲᠡᠷᠭᠡ ᠪᠡᠨ ᠳᠠᠪᠬᠢᠭᠤᠯᠤᠨ ᠵᠢᠷᠭ᠎ᠠ!
36 ᠨᠠᠢ᠍ᠮᠠᠨ ᠰᠠᠷ᠎ᠠ ᠶ᠋ᠢᠨ ᠨᠠᠪᠴᠢ ᠴᠡᠴᠡᠭ ᠮᠡᠲᠦ ᠳᠡᠯᠭᠡᠷᠡᠨ ᠵᠢᠷᠭ᠎ᠠ
ᠨᠠᠢ᠍ᠮᠠᠨ ᠴᠠᠭ ᠤ᠋ᠨ ᠨᠠᠷᠠᠨ ᠮᠡᠲᠦ ᠮᠡᠲᠦ ᠭᠡᠶ᠋ᠢᠭᠦᠯᠡᠩ ᠵᠢᠷᠭ᠎ᠠ!
37 ᠤᠳᠪᠠᠯᠠ ᠯᠢᠩᠬᠤ᠎ᠠ ᠴᠡᠴᠡᠭ ᠮᠡᠲᠦ ᠳᠡᠯᠭᠡᠷᠡᠨ ᠵᠢᠷᠭ᠎ᠠ
ᠣᠭᠲᠠᠷᠭᠤᠢ ᠶ᠋ᠢᠨ ᠨᠠᠷᠠᠨ ᠰᠠᠷᠠᠨ ᠮᠡᠲᠦ ᠭᠡᠢᠭᠦᠯᠡᠩ ᠵᠢᠷᠭ᠎ᠠ!
38 ᠲᠡᠮᠡᠭᠡᠨ ᠬᠣᠷᠭᠣᠯ ᠤ᠋ᠨ ᠴᠢᠨᠡᠭᠡᠨ ᠱ᠌ᠢᠷᠦ ᠵᠡᠭᠦ
ᠲᠡᠭᠡᠷᠮ᠎ᠡ ᠶ᠋ᠢᠨ ᠴᠢᠨᠡᠭᠡᠨ ᠮᠥᠩᠭᠥᠨ ᠭᠣᠣ ᠵᠡᠭᠦ!
39 ᠤᠯᠠᠭᠠᠨ ᠨᠠᠷᠠᠨ ᠮᠡᠲᠦ ᠮᠠᠨᠳᠤᠵᠤ ᠶᠠᠪᠤ
ᠤᠷᠲᠤ ᠶ᠋ᠢᠨ ᠳᠠᠭᠤᠤ ᠪᠠᠨ ᠳᠠᠭᠤᠯᠠᠵᠤ ᠶᠠᠪᠤ
ᠤᠷᠠᠨ ᠭᠠᠷ ᠢ᠋ᠶ᠋ᠠᠷ ᠢ᠋ᠶ᠋ᠠᠨ ᠤᠷᠠᠯᠠᠵᠤ ᠶᠠᠪᠤ
ᠣᠵᠣᠭᠣᠷ ᠤ᠋ᠨ ᠦᠭᠡᠰ ᠢ᠋ ᠴᠡᠭᠡᠵᠢᠯᠡᠵᠦ ᠶᠠᠪᠤ!
40 ᠨᠡᠷ᠎ᠡ ᠲᠡᠢ ᠪᠡᠨ ᠠᠳᠠᠯᠢ ᠵᠢᠷᠭᠠᠵᠤ ᠶᠠᠪᠤ
ᠨᠡᠷ᠎ᠡ ᠲᠥᠷᠥ ᠪᠡᠨ ᠮᠠᠨᠳᠤᠭᠤᠯᠵᠤ ᠶᠠᠪᠤ
ᠨᠡᠢᠭᠡᠮ ᠨᠡᠢᠲᠡ ᠳ᠋ᠦ᠍ ᠲᠤᠰᠠ ᠲᠠᠢ ᠶᠠᠪᠤ
ᠨᠡᠢᠲᠡ ᠣᠯᠠᠨ ᠳ᠋ᠠᠭᠠᠨ ᠬᠦᠷᠢᠶᠡᠯᠡᠯᠲᠡᠢ ᠶᠠᠪᠤ!
41 ᠲᠤᠶᠠᠭ᠎ᠠ ᠮᠡᠲᠦ ᠬᠡᠷᠡᠯᠳᠦᠵᠦ ᠶᠠᠪᠤ
ᠲᠤᠭᠤᠯ ᠪᠢᠷᠠᠭᠤ ᠪᠠᠨ ᠬᠠᠷᠢᠭᠤᠯᠵᠤ ᠶᠠᠪᠤ
ᠲᠤᠯᠭ᠎ᠠ ᠲᠣᠭᠣᠭ᠎ᠠ ᠪᠠᠨ ᠳᠠᠬᠢᠵᠤ ᠶᠠᠪᠤ
ᠲᠣᠰᠣ ᠮᠢᠬ᠎ᠠ ᠪᠠᠷ ᠡᠯᠪᠡᠭ ᠶᠠᠪᠤ!
42 ᠬᠠᠰ ᠡᠷᠳᠡᠨᠢ ᠮᠡᠲᠦ ᠬᠡᠷᠡᠯᠳᠦᠵᠦ ᠶᠠᠪᠤ
ᠬᠠᠷ᠎ᠠ ᠠᠷᠢᠬᠢ ᠠ᠋ᠴᠠ ᠵᠠᠢᠳᠠᠵᠤ ᠶᠠᠪᠤ
ᠬᠠᠮᠲᠤ ᠶ᠋ᠢᠨ ᠵᠣᠷᠢᠯᠭ᠎ᠠ ᠪᠠᠨ ᠪᠡᠶᠡᠯᠡᠭᠦᠯᠵᠦ ᠶᠠᠪᠤ
ᠬᠠᠮᠤᠭ ᠰᠠᠢᠬᠠᠨ ᠢ᠋ᠶ᠋ᠠᠨ ᠡᠳ᠋ᠯᠡᠵᠦ ᠶᠠᠪᠤ!
43 ᠠᠩᠬᠠᠨ ᠬᠦᠦ ᠴᠢᠨᠢ ᠠᠮᠪᠠᠨ ᠰᠠᠭᠤ
ᠳᠠᠷᠠᠭ᠎ᠠ ᠬᠦᠦ ᠴᠢᠨᠢ ᠳᠡ ᠯᠠᠮ᠎ᠠ ᠪᠣᠯ
ᠭᠤᠲᠠᠭᠠᠷ ᠬᠦᠦ ᠴᠢᠨᠢ ᠬᠣᠨᠵᠢᠨ ᠰᠠᠭᠤ
ᠳᠥᠲᠥᠭᠡᠷ ᠬᠦᠦ ᠴᠢᠨᠢ ᠲᠥᠯᠭᠡᠴᠢᠨ ᠪᠣᠯ!

ᠵᠡᠭᠦᠯᠲᠡ
① ᠡᠨᠡᠬᠦ ᠠᠮᠠᠨ ᠢᠷᠦᠭᠡᠯ ᠢ᠋ ᠬᠡᠯᠡᠬᠦ ᠳ᠋ᠡᠭᠡᠨ ᠵᠠᠪᠠᠯ ᠡᠩ ᠦ᠋ᠨ ᠬᠥᠮᠦᠨ ᠪᠤᠶᠤ ᠠᠵᠢᠯ ᠠᠯᠪᠠ ᠲᠠᠢ ᠬᠥᠮᠦᠨ᠂ ᠡᠰᠡᠬᠦᠯ᠎ᠡ ᠳᠡᠭᠦᠦ ᠨᠠᠷ ᠬᠡᠦᠬᠡᠳ ᠵᠡᠷᠭᠡ ᠬᠥᠮᠦᠨ ᠬᠥᠮᠦᠨ ᠦ᠌ ᠣᠨᠴᠠᠯᠢᠭ ᠪᠠᠢᠳᠠᠯ ᠢ᠋ ᠨᠢ ᠦᠵᠡᠵᠦ ᠠᠮᠢᠳᠤᠯᠢᠭ ᠢ᠋ᠶ᠋ᠠᠷ ᠢᠷᠦᠭᠡᠬᠦ ᠨᠢ ᠬᠠᠮᠤᠭ ᠴᠢᠬᠤᠯᠠ ᠪᠢᠯᠡ᠃
② ᠵᠤᠯᠠ ᠭᠡᠳᠡᠭ ᠨᠢ ᠲᠩᠷᠢ ᠶ᠋ᠢᠨ ᠵᠤᠯᠠ ᠡᠷᠭᠦᠬᠦ ᠶ᠋ᠢ (ᠮᠣᠷᠢᠨ ᠵᠤᠯᠠ ᠭᠡᠵᠦ ᠪᠠᠰᠠ ᠬᠡᠯᠡᠳᠡᠭ) ᠬᠡᠯᠡᠵᠦ ᠪᠣᠢ᠃ ᠲᠩᠷᠢ ᠶ᠋ᠢᠨ ᠵᠤᠯᠠ ᠭᠡᠳᠡᠭ ᠨᠢ ᠨᠢᠭᠡ ᠲᠣᠬᠣᠢ ᠥᠨᠳᠥᠷ361 ᠵᠣᠯᠠᠨ ᠤ᠋ ᠭᠣᠣᠯ ᠢ᠋ᠶ᠋ᠠᠷ ᠪᠦᠷᠢᠯᠳᠦᠭᠰᠡᠨ ᠪᠠᠢᠳᠠᠭ᠃ ᠡᠭᠦᠨ ᠢ᠋ ᠪᠡᠨ ᠬᠢᠬᠦ ᠳ᠋ᠦ᠍ ᠵᠠᠪᠠᠯ ᠭᠠᠷ ᠢ᠋ᠶ᠋ᠠᠨ ᠤᠬᠢᠶᠠᠵᠤ ᠴᠡᠪᠡᠷ ᠠᠷᠢᠭᠤᠨ ᠪᠣᠯᠭᠠᠨ ᠬᠥᠪᠥᠩ ᠡᠨᠡ ᠲᠡᠷᠡ ᠶ᠋ᠢ ᠪᠡᠨ ᠠᠷᠢᠭᠤᠳᠬᠠᠯ ᠤ᠋ᠨ ᠠᠷᠴᠠ ᠪᠠᠷ ᠠᠷᠢᠭᠤᠳᠬᠠᠯ ᠬᠢᠵᠦ ᠪᠢᠲᠡᠭᠦᠦ ᠬᠣᠷᠢ ᠶᠢᠰᠦᠨ ᠰᠥᠨᠢ ᠲᠡᠷᠡ ᠬᠦ᠌ ᠨᠢᠭᠡ ᠲᠣᠬᠣᠢ ᠥᠨᠳᠥᠷ361 ᠳᠠᠷᠠᠰᠤ ᠶ᠋ᠢ ᠳᠣᠣᠷ᠎ᠠ ᠲᠠᠯ᠎ᠠ ᠳ᠋ᠤᠨᠢ ᠭᠤᠷᠪᠠᠨ ᠬᠤᠷᠤᠭᠤ ᠦᠯᠡᠳᠡᠭᠡᠵᠦ ᠲᠡᠭᠦᠨ ᠡᠴᠡ ᠳᠡᠭᠡᠭᠰᠢ ᠬᠢ ᠶ᠋ᠢ ᠨᠢ ᠲᠠᠬᠢᠯ ᠳ᠋ᠠᠬᠢ ᠵᠤᠯᠠᠨ ᠤ᠋ ᠭᠣᠣᠯ ᠢ᠋ ᠢᠮᠡᠷᠬᠦ ᠮᠡᠲᠦ ᠪᠡᠷ ᠪᠦᠷ ᠬᠥᠪᠥᠩ ᠢ᠋ᠶ᠋ᠡᠷ ᠣᠷᠢᠶᠠᠵᠤ ᠳᠠᠬᠢᠨ361 ᠭᠣᠣᠯ ᠢ᠋ᠶ᠋ᠠᠨ ᠨᠡᠢᠯᠡᠭᠦᠯᠦᠨ ᠬᠣᠶᠠᠷ ᠮᠧᠲ᠋ᠷ ᠤᠷᠲᠤ ᠬᠤᠷᠤᠭᠤ ᠪᠦᠳᠦᠭᠦᠨ ᠮᠣᠳᠣᠨ ᠡᠰᠢ ᠣᠷᠣᠭᠤᠯᠤᠨ ᠬᠥᠪᠥᠩ ᠤᠲᠠᠰᠤ ᠪᠠᠷ ᠪᠠᠭᠯᠠᠵᠤ ᠪᠣᠭᠣᠵᠤ ᠲᠡᠭᠦᠨ ᠳ᠋ᠡᠭᠡᠨ ᠰᠢᠷ᠎ᠠ ᠲᠣᠰᠣ ᠬᠢᠵᠦ ᠰᠢᠩᠭᠡᠭᠡᠭᠡᠳ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠥᠷᠯᠥᠭᠡ ᠬᠥᠮᠦᠨ ᠭᠠᠷ ᠤ᠋ᠨ ᠠᠯᠠᠭᠠᠨ ᠪᠢᠴᠢᠭ ᠦᠵᠡᠭᠳᠡᠬᠦ ᠶ᠋ᠢᠨ ᠦᠶ᠎ᠡ ᠪᠡᠷ ᠴᠡᠪᠡᠷ ᠭᠠᠵᠠᠷ ᠠ᠋ᠴᠠ ᠴᠠᠪᠴᠢᠨ ᠠᠪᠴᠢᠷᠠᠭᠰᠠᠨ ᠵᠤᠯᠠᠨ ᠱᠠᠪᠠᠭ ᠢ᠋ᠶ᠋ᠠᠨ ᠨᠣᠴᠣᠭᠠᠨ ᠳᠦᠷᠡᠯᠵᠡᠭᠦᠯᠵᠦ ᠴᠣᠭ ᠠ᠋ᠴᠠ ᠪᠠᠨ ᠠᠪᠴᠤ ᠰᠠᠩ ᠤ᠋ᠨ ᠰᠥᠷᠥ ᠳᠡᠭᠡᠷ᠎ᠡ ᠪᠡᠨ ᠰᠠᠩ ᠲᠠᠯᠪᠢᠨ ᠲᠤᠩ ᠦᠯᠢᠶᠡᠵᠦ᠂ ᠴᠡᠪᠡᠷ ᠴᠠᠭᠠᠨ ᠰᠢᠷᠣᠢ ᠬᠢᠭᠰᠡᠨ ᠬᠠᠳᠠᠨ ᠤᠭᠤᠷ ᠢ᠋ᠶ᠋ᠠᠨ ᠰᠠᠩ ᠤ᠋ᠨ ᠰᠥᠷᠥ ᠶ᠋ᠢᠨ ᠪᠠᠷᠠᠭᠤᠨ ᠲᠠᠯ᠎ᠠ ᠶ᠋ᠢᠨ ᠳᠣᠲᠣᠷ᠎ᠠ ᠲᠠᠯ᠎ᠠ ᠳ᠋ᠤ᠌ ᠲᠠᠯᠪᠢᠵᠤ ᠲᠡᠭᠷᠢ ᠶ᠋ᠢᠨ ᠵᠤᠯᠠᠨ ᠤ᠋ ᠮᠣᠳᠣᠨ ᠡᠰᠢ ᠶ᠋ᠢ ᠣᠭᠣᠷ ᠳᠣᠲᠣᠷ᠎ᠠ ᠬᠠᠳᠬᠤᠵᠤ ᠵᠤᠯᠠ ᠪᠠᠨ ᠠᠰᠠᠭᠠᠨ ᠨᠣᠴᠣᠭᠠᠵᠤ ᠡᠵᠡᠨ ᠰᠠᠩ ᠤᠩᠰᠢᠨ ᠲᠩᠷᠢ ᠪᠤᠷᠬᠠᠨ ᠪᠣᠯᠤᠨ ᠡᠵᠡᠨ ᠪᠣᠭᠳᠠ ᠴᠢᠩᠭᠢᠰ ᠬᠠᠭᠠᠨ ᠳ᠋ᠠᠭᠠᠨ ᠲᠩᠷᠢ ᠶ᠋ᠢᠨ ᠵᠤᠯᠠ ᠪᠠᠨ ᠡᠷᠭᠦᠵᠦ᠂ ᠴᠠᠭᠠᠨ ᠢᠰᠡᠭᠡᠢ ᠳᠡᠪᠢᠰᠴᠦ ᠰᠥᠭᠥᠳᠦᠨ ᠮᠥᠷᠭᠥᠵᠦ ᠭᠡᠷ ᠮᠠᠯ ᠪᠦᠭᠦᠳᠡᠭᠡᠷ ᠢ᠋ᠶ᠋ᠡᠨ ᠡᠷᠡᠭᠦᠯ ᠲᠡᠩᠬᠡᠯᠡᠭᠦᠨ ᠰᠠᠢᠨ ᠰᠠᠢᠬᠠᠨ ᠶᠠᠪᠤᠬᠤ ᠶ᠋ᠢ ᠪᠡᠨ ᠳᠠᠭᠠᠳᠬᠠᠨ ᠵᠠᠯᠪᠠᠷᠢᠵᠤ᠂ ᠲᠡᠷᠡ ᠬᠦ᠌ ᠲᠩᠷᠢ ᠶ᠋ᠢᠨ ᠵᠤᠯᠠ ᠨᠢ ᠭᠠᠯ ᠪᠠᠮᠪᠠᠷ ᠰᠢᠭ᠋ ᠢ᠋ᠶ᠋ᠡᠷ ᠰᠦᠷ ᠰᠦᠯᠳᠡ ᠲᠡᠢ ᠪᠠᠳᠠᠷᠠᠭᠤᠨ ᠢ᠋ᠶ᠋ᠠᠷ ᠨᠣᠴᠣᠵᠤ ᠲᠩᠷᠢ ᠭᠠᠵᠠᠷ ᠢ᠋ ᠭᠡᠷᠡᠯᠲᠦᠭᠦᠯᠦᠨ᠂ ᠭᠡᠷ ᠦ᠋ᠨ ᠡᠵᠡᠨ ᠪᠦᠭᠦᠳᠡᠭᠡᠷ ᠢ᠋ᠶ᠋ᠡᠨ ᠪᠠᠶᠠᠷᠯᠠᠯᠳᠤᠨ ᠵᠡᠯ᠎ᠡ ᠫᠤᠤᠵᠢᠩ ᠫᠠᠷᠵᠢᠭᠢᠨᠠᠭᠤᠯᠤᠨ ᠪᠠᠶᠠᠷ ᠬᠥᠷ ᠲᠡᠢ ᠪᠡᠷ ᠰᠢᠨᠡᠯᠡᠳᠡᠭ ᠮᠣᠩᠭᠣᠯ ᠤ᠋ᠨ ᠰᠠᠢᠬᠠᠨ ᠤᠯᠠᠮᠵᠢᠯᠠᠯᠲᠤ ᠵᠠᠩ ᠵᠠᠩᠰᠢᠯ ᠲᠠᠢ ᠪᠢᠯᠡ᠃ ᠲᠩᠷᠢ ᠶ᠋ᠢᠨ ᠵᠤᠯᠠ ᠪᠠᠨ ᠡᠷᠭᠦᠵᠦ ᠪᠠᠷᠠᠭᠰᠠᠨ ᠤ᠋ ᠳᠠᠷᠠᠭ᠎ᠠ ᠵᠣᠯᠠᠨ ᠤ᠋ ᠮᠣᠳᠣᠨ ᠡᠰᠢᠨ ᠦ᠌ ᠦᠵᠦᠭᠦᠷ ᠲᠦ᠍ ᠨᠢᠭᠡ ᠴᠢᠪᠠᠭ᠎ᠠ ᠬᠠᠳᠬᠤᠵᠤ ᠡᠮᠦᠰᠬᠡᠨ ᠲᠠᠯᠪᠢᠳᠠᠭ ᠪᠥᠭᠡᠳ ᠰᠢᠷᠣᠢ ᠲᠠᠢ ᠬᠠᠳᠠᠨ ᠤᠭᠤᠷ᠂ ᠴᠠᠭᠠᠨ ᠢᠰᠡᠭᠡᠢ ᠵᠡᠷᠭᠡ ᠶ᠋ᠢ ᠪᠦᠷ ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠬᠦᠷᠲᠡᠯ᠎ᠡ ᠬᠥᠳᠡᠯᠭᠡᠳᠡᠭ ᠦᠭᠡᠢ ᠪᠢᠯᠡ᠃
ᠳᠠᠭᠠᠯᠳᠤᠭᠤᠯᠤᠯ᠄
ᠲᠣᠭᠯᠠᠵᠤ ᠨᠠᠭᠠᠳᠬᠤ ᠬᠣᠱᠣᠩ ᠶᠦᠮᠦᠷ ᠬᠡᠯᠡᠯᠭᠡ᠄
1 ᠪᠤᠭᠤᠷᠤᠯ ᠪᠣᠯᠲᠠᠯ᠎ᠠ ᠪᠠᠨ ᠵᠢᠳᠬᠦᠵᠦ ᠶᠠᠪᠤ
ᠪᠣᠯᠬᠤ ᠦᠭᠡᠢ ᠪᠣᠯᠲᠠᠯ᠎ᠠ ᠵᠦᠯᠭᠦᠵᠦ ᠶᠠᠪᠤ!
2 ᠡᠭᠡᠭ ᠰᠢᠭ ᠡᠷᠭᠢᠵᠦ ᠶᠠᠪᠤ
ᠡᠯᠵᠢᠭᠡ ᠰᠢᠭ ᠵᠢᠷᠣᠭᠠᠯᠠᠵᠤ ᠶᠠᠪᠤ!
3 ᠬᠤᠨ ᠴᠠᠭᠠᠨ ᠰᠢᠭ᠋ ᠬᠣᠨᠳᠣᠢᠨ ᠵᠢᠷᠭ᠎ᠠ
ᠬᠤᠴᠠᠨ ᠬᠠᠯᠳᠠᠭ᠎ᠠ ᠰᠢᠭ᠋ ᠪᠠᠯᠲᠠᠢᠨ ᠵᠢᠷᠭ᠎ᠠ
4 ᠨᠣᠶᠠᠨ ᠤᠯᠠᠭᠠᠨ ᠰᠤᠪᠤᠷᠭ᠎ᠠ ᠪᠠᠨ ᠨᠦᠬᠡᠨ ᠠᠭᠤᠢ ᠳ᠋ᠠᠭᠠᠨ ᠵᠠᠯᠠᠨ ᠵᠢᠷᠭ᠎ᠠ
5 ᠬᠤᠸᠠ ᠮᠠᠩᠬ᠎ᠠ ᠪᠠᠨ ᠨᠤᠭᠤᠷᠠᠭᠤᠯᠵᠤ ᠶᠠᠪᠤ
ᠬᠣᠭ ᠨᠣᠪᠰᠢ ᠪᠠᠨ ᠴᠡᠪᠡᠷᠯᠡᠵᠦ ᠶᠠᠪᠤ
ᠬᠣᠳᠣᠭᠣᠳᠣ ᠭᠡᠳᠡᠰᠦ ᠪᠡᠨ ᠴᠠᠳᠬᠠᠵᠤ ᠶᠠᠪᠤ
ᠬᠣᠩᠭᠣᠷ ᠪᠦᠰᠡᠭᠦᠢ ᠪᠡᠨ ᠬᠠᠢᠷᠠᠯᠠᠵᠤ ᠶᠠᠪᠤ!
2012 ᠣᠨ ᠤ᠋4 ᠰᠠᠷ᠎ᠠ ᠶ᠋ᠢᠨ11 ᠦ᠌ ᠡᠳᠦᠷ ᠬᠡᠷᠡᠢᠳ ᠪᠡ᠊᠂ ᠬᠡᠢᠷᠦᠪ ᠡᠮᠬᠢᠳᠬᠡᠨ ᠨᠠᠢᠷᠠᠭᠤᠯᠪᠠ ᠦᠰᠦᠭ ᠠᠮᠢᠯᠠᠭᠤᠯᠤᠭᠴᠢ᠄ ᠬᠡᠷᠡᠢᠳ ᠵᠤᠯᠵᠢᠷᠭᠠᠯ
   ᠦᠰᠦᠭ ᠬᠠᠲᠠᠵᠤ ᠤᠶᠠᠩᠭᠠᠯᠠᠭᠰᠠᠨ᠄ ᠬᠡᠷᠡᠢᠳ ᠨᠠᠷᠠᠰᠤ
   ᠬᠢᠨᠠᠭᠴᠢ᠄ ᠨᠠᠷᠠᠨ᠂ ᠣᠳᠬᠠᠨᠰᠣ᠎ᠠ