1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠪᠠᠭᠠᠴᠤᠳ ᠊ᠢ ᠢᠷᠥᠭᠡᠬᠦ ᠨᠢ- ᠮᠣᠩᠭᠣᠯᠴᠤᠳ ᠊ᠤᠨ ᠪᠡᠯᠭᠡ ᠳᠡᠮᠪᠡᠷᠡᠯ ᠊ᠤᠨ ᠦᠭᠡХүүхэд багачуудыг ерөөх нь-Монголчуудын бэлгэ дэмбэрлийн үг

ᠬᠡᠦᠬᠡᠳ ᠪᠠᠭᠠᠴᠤᠳ ᠊ᠢ ᠢᠷᠥᠭᠡᠬᠦ ᠨᠢ- ᠮᠣᠩᠭᠣᠯᠴᠤᠳ ᠊ᠤᠨ ᠪᠡᠯᠭᠡ ᠳᠡᠮᠪᠡᠷᠡᠯ ᠊ᠤᠨ ᠦᠭᠡХүүхэд багачуудыг ерөөх нь-Монголчуудын бэлгэ дэмбэрлийн үг

2025-02-12

996

ᠬᠡᠦᠬᠡᠳ ᠪᠠᠭᠠᠴᠤᠳ ᠊ᠢ ᠢᠷᠥᠭᠡᠬᠦ ᠨᠢ

ᠰᠣᠶᠣᠯ ᠤ᠋ᠨ ᠥᠪ ᠰᠤᠪᠤᠳ ᠤ᠋ᠨ ᠬᠡᠯᠬᠢᠶ᠎ᠡ 

ᠣᠷᠳᠣᠰᠴᠤᠳ ᠪᠣᠯ ᠡᠷᠲᠡ ᠳᠡᠭᠡᠳᠦ ᠦᠶ᠎ᠡ ᠡᠴᠡ ᠪᠡᠨ ᠮᠣᠩᠭᠣᠯ ᠥᠪ ᠰᠣᠶᠣᠯ ᠢ᠋ᠶ᠋ᠠᠨ ᠬᠠᠮᠠᠭᠠᠯᠠᠵᠤ ᠶᠠᠪᠤᠭᠰᠠᠨ ᠮᠣᠩᠭᠣᠯ ᠤ᠋ᠨ ᠨᠢᠭᠡᠨ ᠠᠢᠮᠠᠭ ᠤᠭᠰᠠᠭ᠎ᠠ ᠪᠣᠯᠬᠤ ᠶᠤᠮ᠃ ᠣᠷᠳᠣᠰ ᠤ᠋ᠳ ᠴᠢᠩᠭᠢᠰ ᠦ᠋ᠨ ᠨᠠᠢ᠍ᠮᠠᠨ ᠴᠠᠭᠠᠨ ᠣᠷᠳᠣᠨ ᠵᠡᠷᠭᠡ ᠮᠠᠰᠢ ᠣᠯᠠᠨ ᠰᠦᠯᠳᠡ ᠰᠢᠲᠦᠭᠡᠨ ᠢ᠋ᠶ᠋ᠡᠨ ᠲᠠᠰᠤᠯᠳᠠᠯ ᠦᠭᠡᠢ ᠲᠠᠬᠢᠭ᠍ᠰᠠᠭᠠᠷ ᠢᠷᠡᠵᠦ᠂ ᠡᠯᠪᠡᠭ ᠪᠠᠶᠠᠯᠢᠭ ᠲᠠᠬᠢᠯᠭ᠎ᠠ ᠶ᠋ᠢᠨ ᠰᠣᠶᠣᠯ ᠢ᠋ᠶ᠋ᠠᠨ ᠨᠡᠯᠢᠶᠡᠳ ᠪᠦᠷᠢᠨ ᠪᠦᠲᠦᠨ ᠬᠠᠳᠠᠭᠠᠯᠠᠵᠤ ᠴᠢᠳᠠᠭᠰᠠᠨ ᠪᠠᠢᠨ᠎ᠠ᠃ ᠣᠢᠷ᠎ᠠ ᠶ᠋ᠢᠨ ᠬᠡᠳᠦᠨ ᠵᠠᠭᠤᠨ ᠵᠢᠯ ᠦ᠋ᠨ ᠲᠤᠷᠰᠢ᠂ ᠲᠡᠳᠡᠨ ᠦ᠌ ᠳᠣᠲᠣᠷ᠎ᠠ ᠡᠴᠡ ᠪᠠᠭ᠎ᠠ ᠪᠤᠰᠤ ᠪᠢᠴᠢᠭ ᠰᠣᠶᠣᠯ ᠲᠠᠢ ᠬᠥᠮᠦᠰ ᠭᠠᠷᠴᠤ ᠨᠡᠯᠢᠶᠡᠳ ᠠᠷᠪᠢᠨ ᠪᠢᠴᠢᠭ ᠳᠤᠷᠠᠰᠬᠠᠯ ᠤ᠋ᠨ ᠵᠦᠢᠯ ᠢ᠋ ᠦᠯᠡᠳᠡᠭᠡᠵᠦ ᠬᠣᠴᠣᠷᠭᠠᠵᠠᠢ᠃ ᠡᠭᠦᠨ ᠡᠴᠡ ᠭᠠᠳᠠᠨ᠎ᠠ ᠣᠷᠳᠣᠰ ᠤ᠋ᠳ ᠤ᠋ᠨ ᠠᠷᠠᠳ ᠤ᠋ᠨ ᠠᠮᠠᠨ ᠵᠣᠬᠢᠶᠠᠯ᠂ ᠵᠠᠩ ᠦᠢᠯᠡ ᠶ᠋ᠢᠨ ᠰᠣᠶᠣᠯ ᠴᠤ᠌ ᠮᠠᠰᠢ ᠡᠯᠪᠡᠭ ᠪᠠᠶᠠᠯᠢᠭ ᠥᠪᠡᠷᠮᠢᠴᠡ ᠣᠨᠴᠠᠯᠢᠭ ᠲᠠᠢ ᠪᠠᠢᠳᠠᠭ᠃ ᠡᠳᠡᠭᠡᠷ ᠨᠢ ᠪᠦᠷ ᠮᠠᠨ ᠤ᠋ ᠤᠯᠤᠰ ᠦᠨᠳᠦᠰᠦᠲᠡᠨ ᠦ᠌ ᠬᠣᠪᠣᠷ ᠨᠠᠨᠳᠢᠨ ᠥᠪ ᠰᠣᠶᠣᠯ ᠪᠣᠯᠬᠤ ᠶᠤᠮ᠃
       ᠥᠩᠭᠡᠷᠡᠭᠰᠡᠨ ᠵᠠᠭᠤᠨ ᠤ᠋ ᠨᠠᠶᠠᠭᠠᠳ ᠣᠨ ᠡᠴᠡ ᠨᠠᠭᠠᠰᠢ᠂ᠣᠷᠳᠣᠰ ᠤ᠋ᠨ ᠤᠯᠠᠮᠵᠢᠯᠠᠯᠲᠤ ᠥᠪ ᠰᠣᠶᠣᠯ ᠢ᠋ ᠱᠠᠯᠠᠪᠳᠠᠨ ᠠᠪᠤᠷᠠᠵᠤ ᠴᠤᠭᠯᠠᠭᠤᠯᠬᠤ ᠠᠵᠢᠯ ᠮᠠᠰᠢ ᠡᠷᠴᠢᠮᠲᠡᠢ ᠶᠠᠪᠤᠭᠳᠠᠵᠤ ᠢᠷᠡᠭᠰᠡᠨ ᠪᠢᠯᠡ᠃ ᠤᠤᠯ ᠤ᠋ᠨ ᠶᠡᠬᠡ ᠵᠣᠣ ᠠᠢᠮᠠᠭ ᠤ᠋ᠨ ᠠᠢᠮᠠᠭ᠂ ᠬᠣᠰᠢᠭᠤ ᠬᠣᠶᠠᠷ ᠱᠠᠲᠤᠨ ᠤ᠋ ᠮᠣᠩᠭᠣᠯ ᠬᠡᠯᠡ ᠪᠢᠴᠢᠭ ᠦ᠋ᠨ ᠠᠵᠢᠯ ᠤ᠋ᠨ ᠵᠥᠪᠯᠡᠯ᠂ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ᠂ ᠤᠳᠬ᠎ᠠ ᠤᠷᠠᠯᠢᠭ ᠤ᠋ᠨ ᠬᠢᠨ ᠦ᠌ ᠬᠣᠯᠪᠣᠭ᠎ᠠ ᠨᠢ ᠮᠠᠰᠢ ᠣᠯᠠᠨ ᠬᠥᠮᠦᠨ ᠦ᠌ ᠪᠠ ᠪᠣᠳᠠᠰ ᠤ᠋ᠨ ᠬᠦᠴᠦᠨ ᠢ᠋ ᠵᠠᠷᠤᠵᠤ᠂ ᠣᠷᠳᠣᠰ ᠤ᠋ᠨ ᠤᠯᠠᠮᠵᠢᠯᠠᠯᠲᠤ ᠥᠪ ᠰᠣᠶᠣᠯ ᠢ᠋ ᠱᠠᠯᠠᠪᠳᠠᠨ ᠠᠪᠤᠷᠠᠬᠤ ᠲᠠᠯ᠎ᠠ ᠪᠠᠷ ᠮᠠᠰᠢ ᠠᠷᠪᠢᠨ ᠠᠵᠢᠯ ᠬᠢᠵᠦ᠂ ᠦᠯᠡᠮᠵᠢ ᠣᠯᠠᠨ ᠰᠣᠶᠣᠯ ᠤ᠋ᠨ ᠥᠪ ᠬᠥᠷᠥᠩᠭᠡ ᠶ᠋ᠢ ᠠᠪᠤᠷᠠᠵᠤ ᠴᠤᠭᠯᠠᠭᠤᠯᠵᠤ᠂ ᠬᠣᠢᠰᠢᠳᠠ ᠶ᠋ᠢᠨ ᠡᠮᠬᠢᠳᠬᠡᠵᠦ ᠬᠡᠪᠯᠡᠭᠦᠯᠬᠦ ᠠᠵᠢᠯ ᠳ᠋ᠤ᠌ ᠪᠠᠲᠤ ᠰᠠᠭᠤᠷᠢ ᠲᠠᠯᠪᠢᠵᠠᠢ᠃ ᠡᠨᠡ ᠰᠠᠭᠤᠷᠢᠨ ᠳᠡᠭᠡᠷ᠎ᠡ ᠤᠤᠯ ᠤ᠋ᠨ ᠶᠡᠬᠡ ᠵᠣᠣ ᠠᠢᠮᠠᠭ ᠤ᠋ᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ᠂ ᠮᠣᠩᠭᠣᠯ ᠬᠡᠯᠡ ᠪᠢᠴᠢᠭ ᠦ᠋ᠨ ᠠᠵᠢᠯ ᠤ᠋ᠨ ᠵᠥᠪᠯᠡᠯ ᠨᠢ ᠪᠠᠰᠠ ᠠᠷᠪᠠᠭᠠᠳ ᠨᠣᠮ ᠰᠤᠳᠤᠷ ᠢ᠋ ᠡᠮᠬᠢᠳᠬᠡᠵᠦ ᠬᠡᠪᠯᠡᠭᠦᠯᠦᠭᠰᠡᠨ ᠪᠠᠢᠨ᠎ᠠ᠃ ᠡᠳᠡᠭᠡᠷ ᠨᠢ ᠪᠦᠷ ᠳᠠᠩ ᠳᠡᠪᠲᠡᠷ ᠢ᠋ᠶ᠋ᠡᠷ ᠬᠡᠪᠯᠡᠭᠳᠡᠭᠰᠡᠨ ᠪᠣᠯᠬᠣᠷ ᠰᠢᠰᠲ᠋ᠧᠮ ᠦᠭᠡᠢ ᠪᠣᠯᠵᠠᠢ᠃ ᠬᠡᠷᠪᠡ ᠴᠤᠪᠤᠷᠠᠯ ᠪᠢᠴᠢᠭ ᠦ᠋ᠨ ᠮᠠᠶᠢᠭ ᠢ᠋ᠶ᠋ᠠᠷ ᠡᠮᠬᠢᠳᠬᠡᠵᠦ ᠬᠡᠪᠯᠡᠭᠦᠯᠬᠦ ᠳ᠋ᠦ᠍ ᠬᠦᠷᠪᠡᠯ᠂ ᠰᠢᠰᠲ᠋ᠧᠮ ᠲᠡᠢ ᠪᠣᠯᠵᠤ ᠤᠩᠰᠢᠵᠤ ᠠᠰᠢᠭᠯᠠᠬᠤ ᠳ᠋ᠤ᠌ ᠮᠠᠰᠢ ᠳᠥᠭᠥᠮ ᠪᠣᠯᠬᠤ ᠮᠥᠷᠲᠡᠭᠡᠨ ᠰᠣᠶᠣᠯ ᠤ᠋ᠨ ᠬᠤᠷᠠᠮᠳᠤᠭᠤᠯᠤᠯ ᠳ᠋ᠤ᠌ ᠴᠤ᠌ ᠶᠡᠬᠡ ᠠᠰᠢᠭᠲᠠᠢ ᠶᠤᠮ᠃ ᠡᠭᠦᠨ ᠡᠴᠡ ᠪᠣᠯᠵᠤ᠂ᠪᠢᠳᠡ ᠡᠨᠡ ᠵᠢᠯ ᠡᠴᠡ ᠡᠬᠢᠯᠡᠨ《ᠣᠷᠳᠣᠰ ᠰᠤᠳᠤᠷ ᠪᠢᠴᠢᠭ ᠦ᠋ᠨ ᠴᠤᠪᠤᠷᠠᠯ》 ᠢ᠋ ᠡᠮᠬᠢᠳᠬᠡᠵᠦ ᠬᠡᠪᠯᠡᠭᠦᠯᠬᠦ ᠪᠡᠷ ᠲᠣᠭᠲᠠᠪᠠ᠃ ᠮᠠᠨ ᠤ᠋ ᠨᠥᠬᠥᠴᠡᠯ ᠪᠣᠯᠤᠮᠵᠢ ᠪᠠᠨ ᠦᠵᠡᠵᠦ᠂ ᠵᠢᠯ ᠳ᠋ᠦ᠍ ᠨᠢᠭᠡ ᠡᠴᠡ ᠬᠣᠶᠠᠷ ᠨᠣᠮ ᠬᠡᠪᠯᠡᠭᠦᠯᠵᠦ ᠭᠠᠷᠭᠠᠬᠤ ᠪᠠᠷ ᠴᠢᠷᠮᠠᠢᠵᠤ ᠪᠣᠢ᠃ ᠰᠣᠳᠣ ᠶ᠋ᠢ ᠨᠢ ᠰᠣᠩᠭᠣᠨ᠂ ᠰᠢᠭᠠᠷᠤ ᠶ᠋ᠢ ᠨᠢ ᠬᠠᠶᠠᠵᠤ᠂ ᠡᠷᠲᠡᠨ ᠦ᠌ ᠬᠢ ᠶ᠋ᠢ ᠡᠳᠦᠭᠡ ᠳ᠋ᠦ᠍ ᠦᠢᠯᠡᠴᠢᠯᠡᠭᠦᠯᠬᠦ ᠣᠪᠣᠷ ᠢ᠋ᠶ᠋ᠠᠷ ᠤᠯᠠᠮᠵᠢᠯᠠᠯᠲᠤ ᠰᠣᠶᠣᠯ ᠳ᠋ᠠᠭᠠᠨ ᠬᠠᠨᠳᠤᠵᠤ᠂ ᠤᠯᠤᠰ ᠦᠨᠳᠦᠰᠦᠲᠡᠨ ᠦ᠌ ᠪᠡᠨ ᠥᠪ ᠰᠣᠶᠣᠯ ᠢ᠋ ᠵᠠᠯᠭᠠᠮᠵᠢᠯᠠᠵᠤ ᠬᠥᠭᠵᠢᠭᠦᠯᠬᠦ ᠪᠣᠯ ᠪᠢᠳᠡ ᠳᠠᠶᠠᠭᠠᠷ ᠤ᠋ᠨ ᠡᠭᠦᠷᠭᠡ ᠬᠠᠷᠢᠭᠤᠴᠠᠯᠭ᠎ᠠ ᠪᠣᠯᠬᠤ ᠶᠤᠮ᠃ᠨᠡᠢᠭᠡᠮ ᠨᠡᠢᠲᠡ ᠶ᠋ᠢᠨ ᠬᠢᠨ ᠮᠠᠨ ᠤ᠋ ᠴᠤᠪᠤᠷᠠᠯ ᠪᠢᠴᠢᠭ ᠨᠠᠢᠷᠠᠭᠤᠯᠵᠤ ᠬᠡᠪᠯᠡᠭᠦᠯᠬᠦ ᠠᠵᠢᠯ ᠳ᠋ᠤ᠌ ᠳᠡᠮᠵᠢᠵᠦ ᠲᠤᠰᠠᠯᠠᠬᠤ ᠶ᠋ᠢ ᠬᠦᠰᠡᠨ ᠨᠠᠢᠳᠠᠶ᠎ᠠ᠃

       ᠣᠷᠳᠣᠰ ᠰᠤᠳᠤᠷ ᠪᠢᠴᠢᠭ ᠦ᠋ᠨ ᠨᠠᠢᠷᠠᠭᠤᠯᠬᠤ ᠺᠣᠮᠢᠰ  
           2005 ᠣᠨ ᠤ᠋10 ᠰᠠᠷ᠎ᠠ 

ᠨᠢᠭᠡᠳᠦᠭᠡᠷ ᠪᠦᠯᠦᠭ
      
ᠬᠡᠦᠬᠡᠳ ᠪᠠᠭᠠᠴᠤᠳ ᠢ᠋ ᠢᠷᠥᠭᠡᠬᠦ ᠨᠢ

ᠠᠪᠤ ᠶ᠋ᠢᠨ ᠢ᠋ᠶ᠋ᠡᠨ ᠨᠠᠰᠤ ᠶ᠋ᠢ ᠨᠠᠰᠤᠯᠠᠵᠤ
ᠠᠯᠲᠠᠨ ᠱᠠᠩ ᠢ᠋ ᠬᠠᠳᠠᠭᠠᠯᠠᠵᠤ ᠶᠠᠪᠤ
ᠡᠵᠢ ᠶ᠋ᠢᠨ ᠢ᠋ᠶ᠋ᠡᠨ ᠨᠠᠰᠤ ᠶ᠋ᠢ ᠨᠠᠰᠤᠯᠠᠵᠤ
ᠡᠷᠳᠡᠨᠢ ᠶ᠋ᠢᠨ ᠱᠠᠩ ᠢ᠋ ᠬᠠᠳᠠᠭᠠᠯᠠᠵᠤ ᠶᠠᠪᠤ!

ᠥᠰᠬᠦ ᠨᠠᠰᠤ
ᠥᠷᠨᠢᠬᠦ ᠦᠢᠯᠡᠰ 
ᠰᠤᠷᠬᠤ ᠡᠷᠳᠡᠮ 
ᠰᠤᠳᠤᠯᠬᠤ ᠤᠬᠠᠭᠠᠨ 
ᠪᠠᠶᠠᠷᠯᠠᠬᠤ ᠡᠷᠳᠡᠮ 
ᠪᠠᠬᠠᠳᠤᠬᠤ ᠠᠯᠳᠠᠷ ᠴᠢᠨᠢ
ᠨᠠᠷᠠᠨ ᠤ᠋ ᠭᠡᠷᠡᠯ
ᠰᠠᠷᠠᠨ ᠤ᠋ ᠲᠤᠶᠠᠭ᠎ᠠ ᠰᠢᠭ᠋ 
ᠳᠡᠭᠡᠭᠰᠢ ᠳᠡᠭᠡᠭᠰᠢ ᠪᠡᠨ 
ᠳᠡᠭᠵᠢᠨ ᠮᠠᠨᠳᠤᠵᠤ ᠶᠠᠪᠤᠭᠠᠷᠠᠢ!

ᠲᠥᠷᠥ ᠳ᠋ᠦ᠍ ᠪᠠᠭᠠᠲᠤᠷ ᠤ᠋ᠨ ᠪᠠᠭᠤᠷᠢ ᠲᠠᠢ 
ᠲᠥᠷᠥᠭᠰᠡᠨ ᠳ᠋ᠦ᠍ ᠬᠦᠨᠳᠦᠲᠦ ᠰᠠᠭᠤᠳᠠᠯ ᠲᠠᠢ
ᠠᠪᠤ ᠡᠵᠢ ᠳ᠋ᠡᠭᠡᠨ ᠠᠴᠢᠯᠠᠯᠲᠠᠢ
ᠠᠬ᠎ᠠ ᠳᠡᠭᠦᠦ ᠳ᠋ᠡᠭᠡᠨ ᠡᠯᠪᠡᠷᠢᠯᠲᠡᠢ 
ᠡᠷᠬᠢᠮ ᠢᠷᠭᠡᠨ ᠪᠣᠯᠤᠭᠠᠷᠠᠢ!

ᠨᠤᠮᠤ ᠳ᠋ᠤ᠌ ᠮᠡᠷᠭᠡᠨ 
ᠨᠣᠢᠷ ᠲᠤ᠌ ᠰᠡᠷᠭᠡᠭ 
ᠦᠢᠯᠡ ᠳ᠋ᠦ᠍ ᠤᠷᠠᠨ 
ᠦᠭᠡ ᠳ᠋ᠦ᠍ ᠴᠡᠴᠡᠨ 
ᠬᠠᠤᠯᠢ ᠳ᠋ᠤ᠌ ᠰᠢᠳᠤᠷᠭᠤ
ᠬᠤᠷᠢᠮ ᠳ᠋ᠤ᠌ ᠴᠣᠪᠣᠭᠣ 
ᠲᠡᠢᠨ ᠳ᠋ᠦ᠍ ᠪᠠᠭᠠᠲᠤᠷ 
ᠳᠠᠯᠠᠢ ᠳ᠋ᠤ᠌ ᠤᠰᠤᠴᠢ 
ᠭᠠᠯ ᠳ᠋ᠤ᠌ ᠬᠠᠯᠠᠳᠠᠭ ᠦᠭᠡᠢ
ᠭᠠᠯᠪᠠ ᠳ᠋ᠤ᠌ ᠰᠢᠨᠲᠠᠷᠠᠳᠠᠭ ᠦᠭᠡᠢ 
ᠰᠠᠢᠨ ᠡᠷ᠎ᠡ ᠪᠣᠯᠵᠤ ᠶᠠᠪᠤᠭᠠᠷᠠᠢ!

ᠡᠩᠬᠦᠷᠡᠢ ᠬᠦᠦ ᠮᠢᠨᠢ 
ᠣᠷᠣᠢ ᠶ᠋ᠢᠨ ᠰᠡᠪ ᠨᠢ 
ᠣᠩᠭᠣᠨ ᠪᠤᠭᠤᠷᠤᠯ ᠪᠣᠯᠲᠠᠯ᠎ᠠ
ᠬᠥᠬᠥᠯ ᠦ᠋ᠨ ᠰᠡᠪ ᠨᠢ 
ᠴᠡᠯ ᠪᠤᠭᠤᠷᠤᠯ ᠪᠣᠯᠲᠠᠯ᠎ᠠ 
ᠤᠷᠲᠤ ᠨᠠᠰᠤᠲᠠᠢ 
ᠤᠳᠠᠭᠠᠨ ᠵᠢᠷᠭᠠᠯᠲᠠᠢ ᠶᠠᠪᠤᠭᠠᠷᠠᠢ!
ᠭᠠᠩ ᠬᠡᠯᠡ ᠲᠡᠢ
ᠭᠠᠯ ᠲᠠᠷᠢᠬᠢ ᠲᠠᠢ
ᠬᠦᠳᠡᠷ ᠪᠡᠶ᠎ᠡ ᠲᠡᠢ
ᠬᠦᠰᠡᠯᠡᠩ ᠶᠡᠬᠡᠲᠡᠢ 
ᠳᠡᠯᠡᠬᠡᠢ ᠶᠡᠬᠡ ᠬᠡᠰᠢᠭ ᠲᠡᠢ
ᠳᠡᠭᠡᠳᠦ ᠨᠢ ᠨᠡᠮᠡᠭᠳᠡᠬᠦ ᠪᠤᠶᠠᠨ ᠲᠠᠢ ᠪᠣᠯᠲᠤᠭᠠᠢ!

ᠥᠭᠡᠯᠡᠢ ᠲᠣᠮᠣ ᠪᠣᠯᠤᠭᠰᠠᠨ ᠤ᠋ ᠬᠣᠢᠨ᠎ᠠ
ᠤᠲᠠᠢ ᠶ᠋ᠢᠨ ᠰᠦᠮ᠎ᠡ ᠶ᠋ᠢᠨ ᠴᠠᠭᠠᠨ ᠰᠤᠪᠤᠷᠭ᠎ᠠ ᠰᠢᠭ᠋
ᠥᠨᠳᠥᠷ ᠮᠥᠷᠲᠡᠭᠡᠨ ᠪᠣᠰᠤᠭ᠎ᠠ ᠪᠣᠯᠲᠤᠭᠠᠢ!

ᠥᠭᠡᠯᠡᠢ ᠲᠣᠮᠣ ᠪᠣᠯᠤᠭᠰᠠᠨ ᠤ᠋ ᠬᠣᠢᠨ᠎ᠠ
ᠵᠦᠢᠲᠡᠢ ᠪᠣᠯᠭᠠᠨ ᠳ᠋ᠤ᠌ ᠡᠳ᠋ ᠦ᠋ᠨ ᠬᠡᠰᠢᠭ ᠢ᠋ ᠴᠤᠭᠯᠠᠭᠤᠯᠵᠤ 
ᠵᠦᠢᠯ ᠪᠦᠷᠢ ᠶ᠋ᠢᠨ ᠮᠠᠯ ᠤ᠋ᠨ ᠬᠡᠰᠢᠭ ᠢ᠋ ᠬᠤᠷᠤᠢᠯᠠᠵᠤ
ᠵᠢᠷᠤᠮ ᠶᠡᠬᠡᠲᠦ ᠲᠥᠷᠥᠯ ᠦ᠋ᠨ ᠬᠡᠰᠢᠭ ᠢ᠋ ᠬᠦᠷᠲᠡᠵᠦ
ᠵᠣᠯᠪᠣᠭ᠎ᠠ ᠰᠠᠢᠲᠠᠢ ᠲᠦᠮᠡᠨ ᠦ᠌ ᠬᠡᠰᠢᠭ ᠢ᠋ ᠲᠣᠭᠲᠠᠭᠠᠵᠤ ᠶᠠᠪᠤᠭᠠᠷᠠᠢ!

ᠨᠢᠳᠦᠨ ᠳ᠋ᠡᠭᠡᠨ ᠭᠠᠯ ᠲᠠᠢ
ᠨᠢᠭᠤᠷ ᠲᠠᠭᠠᠨ ᠭᠡᠷᠡᠯ ᠲᠡᠢ
ᠴᠢᠩᠭᠢᠰ ᠰᠢᠭ ᠴᠢᠩ ᠪᠠᠭᠠᠲᠤᠷ ᠪᠣᠯᠵᠤ ᠶᠠᠪᠤ!

ᠰᠠᠢᠨ ᠶᠠᠪᠤ
ᠰᠠᠢᠬᠠᠨ ᠶᠠᠪᠤ 
ᠰᠠᠨᠠᠭ᠎ᠠ ᠪᠠᠷ ᠢ᠋ᠶ᠋ᠠᠨ ᠵᠢᠷᠭᠠᠵᠤ ᠶᠠᠪᠤ!

ᠮᠥᠷᠭᠥᠭᠰᠡᠨ ᠲᠣᠯᠣᠭᠠᠢ ᠴᠢᠨᠢ ᠮᠥᠩᠬᠡ ᠪᠣᠯ
ᠮᠥᠩᠭᠥ ᠵᠣᠭᠣᠰ ᠢ᠋ᠶ᠋ᠠᠷ ᠡᠯᠪᠡᠭ ᠪᠣᠯ!

ᠤᠷᠲᠤ ᠨᠠᠰᠤᠯᠠᠵᠤ ᠤᠳᠠᠭᠠᠨ ᠵᠢᠷᠭᠠᠵᠤ
ᠠᠪᠤ ᠡᠵᠢ ᠶ᠋ᠢᠨ ᠢ᠋ᠶ᠋ᠡᠨ ᠪᠤᠶᠠᠨ ᠳ᠋ᠤ᠌ 
ᠠᠮᠤᠷ ᠰᠠᠢᠬᠠᠨ ᠵᠢᠷᠭᠠᠵᠤ ᠶᠠᠪᠤ!

ᠬᠣᠨᠢᠨ ᠡᠴᠡ ᠨᠣᠮᠣᠬᠠᠨ ᠪᠣᠯ
ᠬᠠᠭᠤᠷᠮᠠᠭ ᠡᠴᠡ ᠵᠥᠭᠡᠯᠡᠨ ᠪᠣᠯ!

ᠴᠣᠯᠮᠣᠨ ᠠᠳᠠᠯᠢ ᠬᠡᠷᠡᠯᠳᠦᠵᠦ ᠶᠠᠪᠤ 
ᠴᠣᠭ ᠬᠡᠢ ᠮᠣᠷᠢ ᠮᠠᠨᠳᠤᠵᠤ ᠶᠠᠪᠤ
ᠴᠣᠮᠣᠷᠯᠢᠭ ᠠᠳᠠᠯᠢ ᠳᠡᠯᠭᠡᠷᠡᠵᠦ ᠶᠠᠪᠤ
ᠴᠤᠪᠤᠭ᠎ᠠ ᠰᠡᠷᠭᠦᠯᠡᠩ ᠪᠠᠳᠠᠷᠠᠵᠤ ᠶᠠᠪᠤ!

ᠣᠨ ᠢᠷᠡᠬᠦ ᠳᠣᠳᠣᠮ ᠣᠨᠳᠣᠷᠴᠤ ᠶᠠᠪᠤ
ᠤᠯᠠᠷᠢᠯ ᠢᠷᠡᠬᠦ ᠳᠣᠳᠣᠮ ᠬᠥᠭᠵᠢᠵᠦ ᠶᠠᠪᠤ
ᠡᠳᠦᠷ ᠢᠷᠡᠬᠦ ᠳᠣᠳᠣᠮ ᠥᠭᠡᠳᠡᠯᠡᠵᠦ ᠶᠠᠪᠤ
ᠥᠨᠢ ᠡᠭᠦᠷᠢᠳᠡ ᠮᠠᠨᠳᠤᠵᠤ ᠶᠠᠪᠤ!

ᠨᠠᠷᠠᠰᠤ ᠠᠳᠠᠯᠢ ᠮᠥᠩᠬᠡ ᠨᠣᠭᠣᠭᠠᠨ ᠪᠠᠢᠭᠲᠤᠨ
ᠴᠢᠯᠠᠭᠤ ᠠᠳᠠᠯᠢ ᠪᠠᠲᠤ ᠪᠡᠬᠢ ᠪᠣᠯᠤᠭᠲᠤᠨ!
ᠣᠳᠣᠨ ᠠᠳᠠᠯᠢ ᠥᠰᠴᠦ ᠣᠯᠠᠰᠢᠷᠠᠭᠲᠤᠨ 
ᠮᠥᠩᠭᠥ ᠵᠣᠭᠣᠰ ᠢ᠋ᠶ᠋ᠠᠷ ᠡᠯᠪᠡᠭ ᠪᠣᠯᠤᠭᠲᠤᠨ!

ᠮᠢᠩᠭᠠᠨ ᠤ᠋ ᠳᠣᠲᠣᠷ᠎ᠠ ᠮᠠᠩᠯᠠᠢᠯᠠᠵᠤ ᠶᠠᠪᠤ 
ᠮᠠᠨᠳᠤᠭᠰᠠᠨ ᠲᠥᠷᠥ ᠳ᠋ᠡᠭᠡᠨ ᠣᠷᠣᠢᠯᠠᠵᠤ ᠶᠠᠪᠤ
ᠲᠦᠮᠡᠨ ᠦ᠌ ᠳᠣᠲᠣᠷ᠎ᠠ ᠲᠦᠷᠦᠭᠦᠯᠡᠵᠦ ᠶᠠᠪᠤ
ᠲᠥᠷᠥ ᠤᠯᠤᠰ ᠲᠠᠭᠠᠨ ᠵᠢᠳᠬᠦᠵᠦ ᠶᠠᠪᠤᠭᠠᠷᠠᠢ!

ᠠᠪᠤᠷᠠᠭᠴᠢ ᠲᠩᠷᠢ ᠶ᠋ᠢᠨ ᠢᠪᠡᠭᠡᠯ ᠢ᠋ 
ᠠᠷᠪᠠᠨ ᠵᠦᠭ ᠲᠡᠭᠡᠨ ᠳᠡᠯᠭᠡᠷᠡᠭᠦᠯᠵᠦ ᠶᠠᠪᠤ
ᠠᠪᠤ ᠡᠵᠢ ᠶ᠋ᠢᠨ ᠰᠤᠷᠭᠠᠯ ᠢ᠋ 
ᠠᠶᠤᠤᠯᠢᠬᠠᠢ ᠴᠡᠭᠡᠵᠢᠨ ᠳ᠋ᠡᠭᠡᠨ ᠲᠣᠭᠲᠠᠭᠠᠵᠤ ᠶᠠᠪᠤ!

ᠨᠠᠢ᠍ᠮᠠᠨ ᠴᠠᠭ ᠤ᠋ᠨ ᠨᠠᠷᠠᠨ ᠮᠡᠲᠦ ᠬᠡᠷᠡᠯᠳᠦᠵᠦ ᠶᠠᠪᠤ 
ᠨᠠᠢ᠍ᠮᠠᠨ ᠰᠠᠷ᠎ᠠ ᠶ᠋ᠢᠨ ᠴᠡᠴᠡᠭ ᠮᠡᠲᠦ ᠳᠡᠯᠭᠡᠷᠡᠵᠦ ᠶᠠᠪᠤ
ᠨᠠᠮ ᠲᠥᠷᠥ ᠶ᠋ᠢᠨ ᠰᠤᠷᠭᠠᠯ ᠢ᠋ ᠵᠢᠷᠤᠮᠯᠠᠵᠤ ᠶᠠᠪᠤ
ᠨᠠᠴᠢᠨ ᠱᠣᠩᠬᠣᠷ ᠮᠡᠲᠦ ᠬᠡᠢᠰᠬᠡᠵᠦ ᠶᠠᠪᠤᠲᠤᠭᠠᠢ!

ᠲᠥᠷᠥ ᠭᠦᠷᠦᠨ ᠳ᠋ᠡᠭᠡᠨ ᠲᠦᠰᠢᠭ ᠪᠣᠯ
ᠲᠦᠮᠡᠨ ᠣᠯᠠᠨ ᠳ᠋ᠠᠭᠠᠨ ᠲᠤᠯᠭᠠᠭᠤᠷᠢ ᠪᠣᠯ!

ᠠᠳᠤᠭᠤ ᠮᠠᠯ ᠢ᠋ᠶ᠋ᠠᠷ ᠠᠷᠪᠢᠨ ᠶᠠᠪᠤ
ᠠᠮᠤᠷ ᠲᠦᠪᠰᠢᠨ ᠵᠢᠷᠭᠠᠵᠤ ᠶᠠᠪᠤ!

ᠠᠯᠲᠠᠨ ᠬᠠᠢᠴᠢ ᠶ᠋ᠢᠨ ᠠᠮᠠ ᠶ᠋ᠢ ᠨᠡᠭᠡᠭᠡᠵᠦ 
ᠠᠮᠢ ᠨᠠᠰᠤ ᠶ᠋ᠢ ᠨᠢ ᠳᠠᠭᠠᠳᠬᠠᠶ᠎ᠠ 
ᠮᠥᠩᠭᠥᠨ ᠬᠠᠢᠴᠢ ᠶ᠋ᠢᠨ ᠠᠮᠠ ᠶ᠋ᠢ ᠨᠡᠭᠡᠭᠡᠵᠦ
ᠮᠥᠩᠬᠡ ᠨᠠᠰᠤ ᠶ᠋ᠢ ᠨᠢ ᠳᠠᠭᠠᠳᠬᠠᠶ᠎ᠠ!

ᠠᠯᠲᠠᠢ ᠬᠠᠩᠭᠠᠢ ᠰᠢᠭ᠋
ᠠᠪᠤ ᠶ᠋ᠢᠨ ᠢ᠋ᠶ᠋ᠡᠨ ᠳᠡᠷᠭᠡᠳᠡ
ᠠᠯᠲᠠᠨ ᠳᠡᠯᠡᠬᠡᠢ ᠰᠢᠭ
ᠡᠵᠢ ᠶ᠋ᠢᠨ ᠢ᠋ᠶ᠋ᠡᠨ ᠳᠡᠷᠭᠡᠳᠡ
ᠠᠷᠪᠠᠨ ᠴᠠᠭᠠᠨ ᠪᠤᠶᠠᠨ ᠢ᠋ ᠡᠳ᠋ᠯᠡᠵᠦ ᠵᠢᠷᠭ᠎ᠠ!

ᠪᠤᠭᠤᠳᠠᠢ ᠲᠠᠷᠢᠶ᠎ᠠ ᠮᠡᠲᠦ
ᠪᠤᠶᠠᠨ ᠬᠡᠰᠢᠭ ᠲᠠᠨᠢ ᠳᠡᠯᠭᠡᠷᠡᠵᠦ
ᠥᠷᠯᠥᠭᠡ ᠶ᠋ᠢᠨ ᠨᠠᠷᠠᠨ ᠮᠡᠲᠦ 
ᠣᠶᠤᠨ ᠤᠬᠠᠭᠠᠨ ᠲᠠᠨᠢ ᠪᠠᠳᠠᠷᠠᠵᠤ
ᠠᠷᠴᠠ ᠮᠣᠳᠣᠨ ᠮᠡᠲᠦ
ᠠᠮᠢ ᠨᠠᠰᠤᠨ ᠲᠠᠨᠢ ᠤᠷᠲᠤᠳᠬᠤ ᠪᠣᠯᠲᠤᠭᠠᠢ!

ᠪᠤᠮᠠᠨ ᠵᠢᠯ ᠦ᠋ᠨ ᠪᠤᠶᠠᠨ ᠲᠠᠢ ᠪᠣᠯ
ᠲᠦᠮᠡᠨ ᠵᠢᠯ ᠦ᠋ᠨ ᠬᠡᠰᠢᠭ ᠲᠡᠢ ᠪᠣᠯ!

ᠲᠡᠭᠷᠢ ᠯᠦ᠍ᠭᠡ ᠲᠡᠭᠰᠢ ᠰᠠᠢᠬᠠᠨ ᠵᠠᠶᠠᠭ᠎ᠠ ᠲᠠᠢ ᠪᠣᠯ
ᠲᠡᠩᠴᠡᠯᠳᠦᠬᠦ ᠬᠥᠮᠦᠨ ᠡᠴᠡ ᠪᠡᠨ ᠦᠯᠡᠮᠵᠢ ᠶᠡᠬᠡ ᠪᠤᠶᠠᠨ ᠲᠠᠢ ᠪᠣᠯ!
ᠨᠠᠷᠠᠨ ᠰᠠᠷᠠᠨ ᠤ᠋ ᠭᠡᠷᠡᠯ ᠮᠡᠲᠦ
ᠰᠠᠷᠠᠭᠤᠯ ᠰᠠᠢᠬᠠᠨ ᠤᠬᠠᠭᠠᠨ ᠲᠠᠢ ᠪᠣᠯ!
ᠣᠯᠠᠨ ᠨᠡᠢᠲᠡ ᠶ᠋ᠢᠨ ᠢ᠋ᠶ᠋ᠡᠨ ᠳᠤᠮᠳᠠ
ᠵᠤᠯᠠ ᠲᠣᠪᠴᠢ ᠪᠣᠯᠵᠤ ᠶᠠᠪᠤᠲᠤᠭᠠᠢ!

ᠬᠠᠳᠠ ᠮᠡᠲᠦ ᠪᠠᠲᠤ ᠰᠠᠭᠤᠷᠢ ᠲᠠᠢ ᠪᠣᠯᠵᠤ
ᠬᠠᠷᠭᠠᠢ ᠮᠡᠲᠦ ᠤᠷᠲᠤ ᠨᠠᠰᠤᠯᠠᠬᠤ ᠪᠣᠯᠲᠤᠭᠠᠢ!

ᠲᠡᠭᠷᠢ ᠶ᠋ᠢᠨ ᠰᠠᠷᠠᠨ ᠮᠡᠲᠦ ᠰᠠᠷᠠᠭᠤᠯ
ᠲᠠᠯ᠎ᠠ ᠶ᠋ᠢᠨ ᠪᠤᠯᠠᠭ ᠰᠢᠭ᠋ ᠲᠤᠩᠭᠠᠯᠠᠭ
ᠲᠠᠷᠭᠤᠨ ᠠᠭᠲᠠ ᠬᠦᠯᠦᠭ ᠲᠡᠢ
ᠲᠠᠩᠰᠤᠭ ᠢᠳᠡᠭᠡᠨ ᠦ᠌ ᠳᠡᠭᠡᠵᠢ ᠲᠡᠢ
ᠡᠩᠬᠡ ᠰᠠᠢᠬᠠᠨ ᠵᠢᠷᠭᠠᠯᠲᠠᠢ ᠪᠣᠯ
ᠮᠥᠩᠬᠡ ᠰᠠᠢᠬᠠᠨ ᠨᠠᠰᠤᠲᠠᠢ ᠪᠣᠯ!

ᠪᠤᠭᠤᠳᠠᠢ ᠲᠠᠷᠢᠶᠠᠨ ᠮᠡᠲᠦ
ᠪᠤᠶᠠᠨ ᠬᠡᠰᠢᠭ ᠴᠢᠨᠢ ᠳᠡᠯᠭᠡᠷᠡᠲᠦᠭᠡᠢ!
ᠠᠷᠪᠠᠢ ᠲᠠᠷᠢᠶᠠᠨ ᠮᠡᠲᠦ
ᠠᠮᠢ ᠨᠠᠰᠤᠨ ᠴᠢᠨᠢ ᠤᠷᠲᠤ ᠪᠣᠯᠲᠤᠭᠠᠢ!

ᠥᠨᠳᠥᠷ ᠬᠥᠬᠡ ᠣᠭᠲᠠᠷᠭᠤᠢ ᠡᠴᠡ
ᠵᠠᠭᠤᠨ ᠬᠣᠷᠢᠨ ᠰᠡᠭᠦᠳᠡᠷ ᠬᠦᠷᠲᠡᠵᠦ
ᠥᠷᠭᠡᠨ ᠶᠡᠬᠡ ᠲᠢᠪ ᠳᠣᠲᠣᠷ᠎ᠠ ᠡᠴᠡ
ᠵᠤᠵᠠᠭᠠᠨ ᠴᠠᠭᠠᠨ ᠪᠤᠶᠠᠨ ᠢ᠋ᠶ᠋ᠠᠨ ᠪᠤᠶᠠᠯᠠ!

ᠶᠢᠰᠦᠨ ᠬᠠᠨ ᠬᠤᠷᠮᠤᠰᠲᠠ ᠲᠡᠭᠷᠢ ᠢᠪᠡᠭᠡᠵᠦ
ᠶᠢᠷᠲᠢᠨᠴᠦ ᠶ᠋ᠢᠨ ᠰᠠᠢᠨ ᠰᠠᠢᠬᠠᠨ ᠢ᠋ ᠡᠳ᠋ᠯᠡᠵᠦ ᠪᠤᠶᠠᠯᠠ
ᠠᠯᠲᠠᠨ ᠪᠡᠶ᠎ᠡ ᠶ᠋ᠢᠨ ᠴᠢᠨᠢ ᠵᠠᠶᠠᠭ᠎ᠠ
ᠠᠰᠢᠳᠠ ᠮᠥᠩᠬᠡᠵᠢᠵᠦ ᠰᠠᠨᠠᠭ᠎ᠠ ᠪᠠᠷ ᠢ᠋ᠶ᠋ᠠᠨ ᠵᠢᠷᠭ᠎ᠠ!

ᠵᠡᠭᠦᠭᠰᠡᠨ ᠡᠮᠦᠰᠦᠭᠰᠡᠨ ᠬᠣᠶᠠᠷ ᠴᠢᠨᠢ
ᠲᠣᠷᠭ᠎ᠠ ᠮᠠᠩᠨᠤᠭ ᠪᠠᠢᠬᠤ ᠪᠣᠯᠲᠤᠭᠠᠢ!
ᠪᠠᠷᠢᠭᠰᠠᠨ ᠲᠠᠯᠪᠢᠭᠰᠠᠨ ᠬᠣᠶᠠᠷ ᠴᠢᠨᠢ
ᠠᠯᠲᠠ ᠮᠥᠩᠭᠥ ᠪᠠᠢᠬᠤ ᠪᠣᠯᠲᠤᠭᠠᠢ!

ᠪᠤᠯᠠᠭ ᠰᠢᠭ᠋ ᠪᠤᠶᠠᠨ ᠳᠡᠯᠭᠡᠷᠡᠵᠦ
ᠪᠠᠲᠤ ᠵᠢᠷᠭᠠᠯ ᠥᠨᠢᠳᠡ ᠲᠣᠭᠲᠠᠲᠤᠭᠠᠢ!

ᠡᠩᠬᠡ ᠶᠠᠪᠤ᠂ ᠮᠥᠩᠬᠡ ᠶᠠᠪᠤ
ᠡᠭᠦᠷᠢᠳᠡ ᠵᠢᠷᠭᠠᠨ ᠶᠠᠪᠤᠭᠠᠷᠠᠢ!

ᠥᠯᠵᠡᠢ ᠲᠡᠢ ᠶᠠᠪᠤ᠂ ᠬᠡᠢ ᠮᠣᠷᠢ ᠲᠠᠢ ᠶᠠᠪᠤ
ᠥᠨᠢ ᠡᠭᠦᠷᠢᠳᠡ ᠵᠢᠷᠭᠠᠵᠤ ᠶᠠᠪᠤᠭᠠᠷᠠᠢ!

ᠠᠮᠠᠨ ᠬᠡᠰᠢᠭ ᠴᠢᠨᠢ ᠪᠢᠯᠬᠠᠵᠤ ᠶᠠᠪᠤ
ᠠᠷᠠᠳ ᠲᠦᠮᠡᠨ ᠳ᠋ᠡᠭᠡᠨ ᠵᠢᠳᠬᠦᠵᠦ ᠶᠠᠪᠤᠭᠠᠷᠠᠢ!

ᠬᠡᠰᠢᠭ ᠬᠤᠲᠤᠭ ᠴᠢᠨᠢ ᠨᠡᠮᠡᠭᠳᠡᠵᠦ ᠶᠠᠪᠤ
ᠬᠡᠵᠢᠶ᠎ᠡ ᠡᠭᠦᠷᠢᠳᠡ ᠰᠠᠢᠵᠢᠷᠠᠵᠤ ᠶᠠᠪᠤᠭᠠᠷᠠᠢ!

ᠵᠢᠭᠠᠯ ᠬᠣᠩᠬᠣᠷ ᠦᠷ᠎ᠡ ᠲᠠᠨ ᠤ᠋
ᠵᠢᠷᠭᠠᠯ ᠪᠤᠶᠠᠨ ᠨᠡᠮᠡᠭᠳᠡ
ᠣᠷᠣᠢ ᠶ᠋ᠢᠨ ᠦᠰᠦ ᠨᠢ
ᠣᠩᠭᠣᠨ ᠪᠤᠭᠤᠷᠤᠯ ᠪᠣᠯᠲᠠᠯ᠎ᠠ
ᠠᠷᠤ ᠶ᠋ᠢᠨ ᠦᠰᠦ ᠨᠢ
ᠠᠭᠢ ᠪᠤᠭᠤᠷᠤᠯ ᠪᠣᠯᠲᠠᠯ᠎ᠠ
ᠡᠭᠦᠷᠢᠳᠡ ᠶ᠋ᠢᠨ ᠮᠥᠩᠬᠡ ᠨᠠᠰᠤᠲᠠᠢ
ᠦᠭᠡᠢᠷᠡᠰᠢ ᠦᠭᠡᠢ ᠪᠠᠶᠠᠨ ᠠᠮᠢᠳᠤᠷᠠᠯ ᠲᠠᠢ
ᠣᠨ ᠣᠨ ᠳ᠋ᠤ᠌ ᠤᠲᠤᠭ᠎ᠠ ᠲᠠᠢ
ᠣᠨᠴᠠ ᠪᠤᠶᠠᠨ ᠡᠳ᠋ᠯᠡᠵᠦ
ᠤᠳᠠᠭ᠎ᠠ ᠤᠳᠠᠭ᠎ᠠ ᠵᠡᠷᠭᠡ ᠲᠡᠢ
ᠤᠳᠠᠭᠠᠨ ᠵᠢᠷᠭᠠᠯ ᠡᠳ᠋ᠯᠡᠵᠦ
ᠠᠪᠤ ᠡᠵᠢ ᠳ᠋ᠡᠭᠡᠨ ᠲᠤᠰᠠᠲᠠᠢ
ᠲᠥᠷᠥ ᠤᠯᠤᠰ ᠲᠠᠭᠠᠨ ᠵᠢᠳᠬᠦᠯᠲᠡᠢ
ᠲᠦᠮᠡᠨ ᠣᠯᠠᠨ ᠳ᠋ᠠᠭᠠᠨ ᠬᠠᠢᠷᠠᠲᠠᠢ ᠪᠣᠯᠲᠤᠭᠠᠢ!

ᠠᠮᠢ ᠨᠠᠰᠤ ᠴᠢᠨᠢ ᠤᠷᠲᠤ
ᠠᠯᠳᠠᠷ ᠨᠡᠷ᠎ᠡ ᠴᠢᠨᠢ ᠮᠥᠩᠬᠡ
ᠠᠰᠢᠳᠠ ᠵᠢᠷᠭᠠᠵᠤ ᠶᠠᠪᠤᠲᠤᠭᠠᠢ!

ᠠᠷᠪᠢᠨ ᠶᠡᠬᠡ ᠨᠠᠰᠤ ᠶ᠋ᠢ ᠨᠠᠰᠤᠯᠠᠵᠤ
ᠠᠮᠤᠷ ᠰᠠᠢᠬᠠᠨ ᠵᠢᠷᠭᠠᠯ ᠢ᠋ ᠡᠳ᠋ᠯᠡᠵᠦ ᠶᠠᠪᠤ!

ᠮᠥᠩᠬᠡ ᠰᠠᠢᠬᠠᠨ ᠨᠠᠰᠤ ᠶ᠋ᠢ ᠨᠠᠰᠤᠯᠠᠵᠤ
ᠡᠩᠬᠡ ᠰᠠᠢᠬᠠᠨ ᠵᠢᠷᠭᠠᠯ ᠢ᠋ ᠡᠳ᠋ᠯᠡᠵᠦ ᠶᠠᠪᠤ!

ᠨᠠᠷᠠᠨ ᠮᠡᠲᠦ ᠮᠠᠨᠳᠤᠵᠤ
ᠰᠠᠷᠠᠨ ᠮᠡᠲᠦ ᠲᠡᠷᠭᠡᠯᠰᠢᠵᠦ 
ᠣᠳᠣ ᠰᠢᠩᠭᠢ(ᠰᠢᠭ᠋) ᠬᠡᠷᠡᠯᠳᠦᠵᠦ
ᠴᠡᠴᠡᠭ ᠰᠢᠩᠭᠢ(ᠰᠢᠭ) ᠳᠡᠯᠭᠡᠷᠡᠵᠦ
ᠰᠠᠨᠠᠭᠰᠠᠨ ᠴᠢᠨᠢ ᠪᠦᠲᠦᠵᠦ
ᠰᠠᠬᠢᠭᠰᠠᠨ ᠴᠢᠨᠢ ᠥᠷᠥᠰᠢᠶᠡᠵᠦ
ᠮᠦᠩᠬᠡᠲᠡ ᠠᠮᠤᠭᠤᠯᠠᠩ ᠡᠳ᠋ᠯᠡᠬᠦ ᠶ᠋ᠢᠨ ᠪᠡᠯᠭᠡ ᠣᠷᠣᠰᠢᠲᠤᠭᠠᠢ!   
ᠰᠠᠷᠠᠨ ᠮᠡᠲᠦ ᠮᠡᠯᠲᠡᠭᠡᠨᠡᠵᠦ
ᠰᠠᠭᠯᠠᠭᠠᠷ ᠽᠠᠨᠳᠠᠨ ᠮᠣᠳᠣ ᠮᠡᠲᠦ ᠰᠠᠭᠯᠠᠷᠠᠵᠤ
ᠣᠷᠴᠢᠯᠠᠩ ᠳ᠋ᠤ᠌ ᠣᠨᠴᠠ
ᠨᠤᠲᠤᠭ ᠲᠠᠭᠠᠨ ᠨᠡᠷ᠎ᠡ ᠲᠡᠢ
ᠤᠷᠲᠤ ᠨᠠᠰᠤ ᠲᠠᠢ
ᠤᠳᠠᠭᠠᠨ ᠵᠢᠷᠭᠠᠯ ᠲᠠᠢ
ᠠᠮᠤᠭᠤᠯᠠᠩ ᠡᠳ᠋ᠯᠡᠬᠦ ᠶ᠋ᠢᠨ ᠳᠡᠮᠪᠡᠷᠢᠯ ᠣᠷᠣᠰᠢᠲᠤᠭᠠᠢ!

ᠠᠮᠢ ᠨᠠᠰᠤᠨ ᠠᠨᠤ
ᠴᠣᠭᠲᠤ ᠰᠦᠮᠪᠦᠷ ᠠᠭᠤᠯᠠ ᠮᠡᠲᠦ
ᠪᠠᠲᠤ ᠪᠡᠬᠢ ᠪᠣᠯ!
ᠠᠷᠪᠢᠨ ᠬᠡᠰᠢᠭ ᠪᠤᠶᠠᠨ ᠠᠨᠤ
ᠰᠦᠨ ᠳᠠᠯᠠᠢ ᠮᠡᠲᠦ
ᠰᠢᠷᠭᠢᠰᠢ ᠦᠭᠡᠢ ᠤᠨᠳᠤᠷᠬᠤ ᠪᠣᠯ! 
ᠠᠯᠳᠠᠷ ᠰᠦᠯᠳᠡ ᠢᠨᠤ
ᠠᠭᠠᠷ ᠤ᠋ᠨ ᠨᠠᠷᠠ ᠮᠡᠲᠦ
ᠠᠷᠪᠠᠨ ᠵᠦᠭ ᠲᠦ᠍ ᠮᠠᠨᠳᠤᠬᠤ ᠪᠣᠯ!
ᠠᠤᠭ᠎ᠠ ᠬᠦᠴᠦᠨ ᠢᠨᠤ
ᠠᠶᠤᠩᠭ᠎ᠠ ᠶ᠋ᠢᠨ ᠳᠠᠭᠤ ᠮᠡᠲᠦ
ᠠᠯᠲᠠᠨ ᠳᠡᠯᠡᠬᠡᠢ ᠳ᠋ᠦ᠍ ᠠᠯᠳᠠᠷᠰᠢᠬᠤ ᠪᠣᠯ!

ᠠᠮᠤᠷ ᠲᠦᠪᠰᠢᠨ
ᠡᠩᠬᠡ ᠠᠮᠤᠭᠤᠯᠠᠩ
ᠦᠶ᠎ᠡ ᠶ᠋ᠢᠨ ᠦᠶ᠎ᠡ
ᠥᠭᠡᠳᠡᠯᠡᠨ ᠵᠢᠷᠭ᠎ᠠ!

ᠠᠮᠠ ᠪᠠᠷ ᠳᠦᠭᠦᠷᠡᠩ ᠪᠡᠯᠭᠡ ᠲᠡᠢ ᠶᠠᠪᠤ
ᠠᠶᠠᠭ᠎ᠠ ᠪᠠᠷ ᠳᠦᠭᠦᠷᠡᠩ ᠠᠮᠤ ᠲᠠᠢ ᠶᠠᠪᠤ
ᠠᠳᠬᠤ ᠪᠠᠷ ᠳᠦᠭᠦᠷᠡᠩ ᠵᠢᠮᠢᠰ ᠲᠡᠢ ᠶᠠᠪᠤ
ᠠᠪᠳᠠᠷ᠎ᠠ ᠪᠠᠷ ᠳᠦᠭᠦᠷᠡᠩ ᠠᠯᠲᠠ ᠲᠠᠢ ᠶᠠᠪᠤ!

ᠵᠢᠯ ᠵᠢᠯ ᠵᠠᠶᠠᠭ᠎ᠠ ᠪᠤᠶᠠᠨ ᠠᠷᠪᠢᠵᠢ
ᠰᠠᠷ᠎ᠠ ᠰᠠᠷ᠎ᠠ ᠰᠠᠢᠨ ᠪᠤᠶᠠᠨ ᠳᠡᠯᠭᠡᠷᠡ
ᠡᠳᠦᠷ ᠡᠳᠦᠷ ᠥᠯᠵᠡᠢ ᠬᠤᠲᠤᠭ ᠤᠷᠤᠰᠢ
ᠴᠠᠭ ᠴᠠᠭ ᠴᠠᠭᠯᠠᠰᠢ ᠦᠭᠡᠢ ᠬᠡᠰᠢᠭ ᠬᠤᠷᠠᠲᠤᠭᠠᠢ!

ᠰᠦᠷ ᠰᠦᠯᠳᠡ ᠨᠢ ᠪᠠᠳᠠᠷᠠᠵᠤ
ᠰᠦᠷᠦᠭ ᠮᠠᠯ ᠨᠢ ᠠᠷᠪᠢᠵᠢᠵᠤ
ᠠᠮᠢ ᠨᠠᠰᠤ ᠨᠢ ᠤᠷᠲᠤᠳᠴᠤ

ᠠᠮᠤᠷ ᠳᠠᠭ᠎ᠠ ᠪᠠᠷ ᠵᠢᠷᠭᠠᠵᠤ
ᠠᠰᠢᠳᠠ ᠶ᠋ᠢᠨ ᠪᠤᠶᠠᠨ ᠢᠪᠡᠭᠡᠵᠦ
ᠠᠯᠢᠪᠠ ᠬᠤᠲᠤᠭ ᠪᠦᠷᠢᠳᠴᠦ
ᠡᠰᠡᠨᠢᠯ ᠦ᠋ᠨ ᠶᠣᠰᠣᠨ ᠲᠣᠭᠲᠠᠵᠤ
ᠠᠭᠤᠳᠠᠮ ᠶᠡᠬᠡ ᠪᠤᠶᠠᠨ ᠬᠡᠰᠢᠭ ᠢ᠋
ᠦᠶ᠎ᠡ ᠶ᠋ᠢᠨ ᠦᠶ᠎ᠡ
ᠡᠳ᠋ᠯᠡᠨ ᠵᠢᠷᠭ᠎ᠠ!

ᠪᠠᠶᠠᠨ ᠵᠢᠷᠭᠠᠯ ᠬᠣᠣᠰᠯᠠᠵᠤ
ᠪᠤᠶᠠᠨ ᠣᠷᠣᠰᠢᠵᠤ ᠳᠡᠯᠭᠡᠷᠡ!
ᠦᠢᠯᠡᠰ ᠪᠦᠬᠦᠨ ᠮᠠᠨᠳᠤᠵᠤ
ᠥᠯᠵᠡᠢ ᠲᠣᠭᠲᠠᠨ ᠥᠭᠡᠳᠡᠯᠡ!
ᠥᠨᠳᠥᠷ ᠬᠡᠢ ᠮᠣᠷᠢ ᠳᠡᠭᠳᠡᠵᠦ
ᠦᠶ᠎ᠡ ᠶ᠋ᠢᠨ ᠦᠶ᠎ᠡ ᠳ᠋ᠡᠭᠡᠨ ᠪᠠᠳᠠᠷᠠ!

ᠨᠠᠷᠠᠨ ᠤ᠋ ᠢᠯᠴᠢᠲᠦ ᠭᠡᠷᠡᠯ ᠡᠴᠡ
ᠨᠠᠰᠤᠨ ᠬᠤᠲᠤᠭ ᠢ᠋ ᠲᠣᠭᠲᠠᠭᠠᠵᠤ ᠶᠠᠪᠤ!
ᠰᠠᠷᠠᠨ ᠤ᠋ ᠢᠪᠡᠭᠡᠯᠲᠦ ᠲᠤᠶᠠᠭᠠᠨ ᠡᠴᠡ
ᠰᠠᠢᠨ ᠤ᠋ ᠬᠡᠰᠢᠭ ᠢ᠋ ᠬᠤᠷᠢᠶᠠᠵᠤ ᠶᠠᠪᠤ!

ᠡᠩᠬᠡ ᠮᠥᠩᠬᠡ ᠡᠭᠦᠷᠢᠳᠡ ᠵᠢᠷᠭᠠᠵᠤ
ᠶᠢᠷᠲᠢᠨᠴᠦ ᠳ᠋ᠦ᠍ ᠢᠷᠠᠭᠤ ᠨᠡᠷ᠎ᠡ ᠮᠠᠨᠳᠤᠵᠤ
ᠡᠳ᠋ ᠡᠷᠳᠡᠨᠢ ᠶ᠋ᠢᠨ ᠬᠦ᠍ᠦ ᠰᠠᠩ ᠠᠷᠪᠢᠵᠢᠵᠤ
ᠡᠮᠭᠡᠭ ᠦᠭᠡᠢ ᠨᠠᠰᠤᠨ ᠤ᠋ ᠰᠢᠳᠢ ᠶ᠋ᠢ ᠣᠯᠬᠤ ᠪᠣᠯᠲᠤᠭᠠᠢ!

ᠲᠣᠭ᠎ᠠ ᠲᠣᠮᠰᠢ ᠦᠭᠡᠢ ᠵᠢᠷᠭᠠᠯᠠᠩ ᠢ᠋ ᠡᠳ᠋ᠯᠡᠵᠦ
ᠲᠦᠢᠳᠬᠡᠷ ᠦᠭᠡᠢ ᠰᠠᠢᠬᠠᠨ ᠵᠢᠷᠭᠠᠬᠤ ᠪᠣᠯᠲᠤᠭᠠᠢ!

ᠰᠦᠮᠪᠦᠷ ᠠᠭᠤᠯᠠ ᠮᠡᠲᠦ ᠪᠠᠲᠤ
ᠰᠦᠨ ᠳᠠᠯᠠᠢ ᠮᠡᠲᠦ ᠳᠦᠭᠦᠷᠡᠩ
ᠨᠠᠷᠠ ᠮᠡᠲᠦ ᠭᠡᠷᠡᠯ ᠲᠡᠢ
ᠰᠠᠷᠠᠨ ᠮᠡᠲᠦ ᠰᠠᠷᠠᠭᠤᠯ
ᠰᠠᠢᠬᠠᠨ ᠵᠢᠷᠭᠠᠵᠤ ᠶᠠᠪᠤᠲᠤᠭᠠᠢ!

ᠪᠠᠭᠤᠷᠠᠰᠢ ᠦᠭᠡᠢ ᠪᠤᠶᠠᠨ ᠲᠠᠢ ᠪᠣᠯ
ᠰᠠᠭᠠᠷᠠᠰᠢ ᠦᠭᠡᠢ ᠰᠠᠩ ᠲᠠᠢ ᠪᠣᠯ!

ᠳᠡᠭᠡᠳᠦᠰ ᠲᠡᠭᠡᠨ ᠮᠥᠷᠭᠥᠭᠰᠡᠨ ᠡᠴᠡ
ᠲᠡᠭᠰᠢᠬᠡᠨ ᠵᠢᠷᠭᠠᠵᠤ ᠶᠠᠪᠤ!
ᠪᠤᠭᠤᠷᠤᠯ ᠳ᠋ᠠᠭᠠᠨ ᠮᠥᠷᠭᠥᠭᠰᠡᠨ ᠡᠴᠡ
ᠪᠤᠶᠠᠨᠲᠠᠢ ᠵᠢᠷᠭᠠᠵᠤ ᠶᠠᠪᠤ!

ᠣᠭᠣᠰᠣᠷ ᠨᠢ ᠪᠠᠲᠤ ᠪᠣᠯ
ᠣᠯᠪᠣᠭ ᠨᠢ ᠵᠤᠵᠠᠭᠠᠨ ᠪᠣᠯ
ᠰᠦ ᠰᠢᠭ ᠴᠠᠭᠠᠨ
ᠤᠰᠤ ᠰᠢᠭ᠋ ᠲᠤᠩᠭᠠᠯᠠᠭ ᠤᠬᠠᠭᠠᠨ ᠲᠠᠢ ᠪᠣᠯ!

ᠨᠠᠷᠠ ᠰᠢᠭ᠋ ᠭᠡᠷᠡᠯᠲᠡᠢ
ᠰᠠᠷᠠ ᠰᠢᠭ᠋ ᠥᠩᠭᠡᠲᠡᠢ
ᠨᠠᠷᠠᠰᠤ ᠰᠢᠭ᠋ ᠮᠥᠩᠬᠡ
ᠠᠷᠴᠠ ᠰᠢᠭ᠋ ᠦᠷᠡᠵᠢᠯᠲᠡᠢ ᠪᠣᠯᠲᠤᠭᠠᠢ!

ᠲᠣᠰᠣᠨ ᠮᠠᠩᠨᠠᠢ ᠲᠠᠢ
ᠪᠤᠯᠠᠭᠠᠨ ᠰᠡᠭᠦᠯ ᠲᠡᠢ
ᠣᠯᠠᠨ ᠳᠡᠭᠦᠦ ᠨᠠᠷ ᠲᠠᠢ
ᠦᠷᠡᠵᠢᠯ ᠮᠠᠯ ᠲᠠᠢ ᠪᠣᠯᠲᠤᠭᠠᠢ!

ᠴᠡᠴᠡᠷᠯᠢᠭ ᠰᠢᠭ ᠬᠥᠬᠡᠷᠡᠵᠦ
ᠴᠡᠴᠡᠭ ᠳᠡᠯᠭᠡᠷᠡᠵᠦ
ᠸᠴᠢᠷ ᠦ᠋ᠨ ᠵᠢᠷᠦᠬᠡ ᠣᠯᠠᠨ ᠤ᠋ ᠮᠠᠩᠯᠠᠢ ᠪᠣᠯᠵᠤ
ᠣᠶᠤᠨ ᠲᠡᠭᠦᠰ
ᠠᠮᠤᠭᠤᠯᠠᠩ ᠣᠷᠣᠰᠢᠬᠤ ᠪᠣᠯᠲᠤᠭᠠᠢ!

ᠨᠠᠷᠠᠰᠤᠨ ᠮᠣᠳᠣ ᠰᠢᠭ᠋ ᠨᠣᠭᠣᠭᠠᠷᠠᠵᠤ ᠶᠠᠪᠤ
ᠨᠠᠮᠠᠭ᠎ᠠ ᠯᠢᠩᠬᠤ᠎ᠠ ᠰᠢᠭ᠋ ᠳᠡᠯᠭᠡᠷᠡᠵᠦ ᠶᠠᠪᠤ
ᠨᠠᠷᠠᠨ ᠰᠠᠷᠠᠨ ᠰᠢᠭ᠋ ᠬᠡᠷᠡᠯᠳᠦᠵᠦ ᠶᠠᠪᠤ
ᠨᠠᠰᠤᠨ ᠪᠤᠶᠠᠨ ᠢ᠋ ᠬᠤᠷᠢᠶᠠᠵᠤ ᠶᠠᠪᠤᠭᠠᠷᠠᠢ!

ᠽᠠᠨᠳᠠᠨ ᠮᠣᠳᠣ ᠰᠢᠭ᠋ ᠰᠠᠯᠠᠭᠠᠯᠠᠵᠤ ᠶᠠᠪᠤ
ᠰᠠᠮᠠᠭ᠎ᠠ ᠯᠢᠩᠬᠤ᠎ᠠ ᠰᠢᠭ᠋ ᠳᠡᠯᠭᠡᠷᠡᠵᠦ ᠶᠠᠪᠤ
ᠰᠠᠷᠠᠨ ᠨᠠᠷᠠᠨ ᠰᠢᠭ᠋ ᠭᠡᠢᠵᠦ ᠶᠠᠪᠤ
ᠰᠠᠨᠠᠭ᠎ᠠ ᠠᠮᠤᠷ ᠵᠢᠷᠭᠠᠵᠤ ᠶᠠᠪᠤᠭᠠᠷᠠᠢ!

ᠤᠳᠠ ᠮᠣᠳᠣ ᠰᠢᠭ᠋ ᠤᠷᠭᠤᠵᠤ ᠶᠠᠪᠤ
ᠤᠳᠪᠠᠯᠠ ᠴᠡᠴᠡᠭ ᠰᠢᠭ ᠳᠡᠯᠭᠡᠷᠡᠵᠦ ᠶᠠᠪᠤ
ᠣᠳᠣᠨ ᠮᠡᠴᠢᠳ ᠰᠢᠭ ᠬᠡᠷᠡᠯᠳᠦᠵᠦ ᠶᠠᠪᠤ
ᠤᠷᠲᠤ ᠨᠠᠰᠤᠯᠠᠵᠤ ᠵᠢᠷᠭᠠᠵᠤ ᠶᠠᠪᠤᠭᠠᠷᠠᠢ!

ᠠᠪᠤ ᠡᠵᠢ ᠪᠡᠨ ᠠᠴᠢᠯᠠᠵᠤ ᠶᠠᠪᠤ
ᠠᠬ᠎ᠠ ᠳᠡᠭᠦᠦ ᠨᠠᠷ ᠢ᠋ᠶ᠋ᠠᠨ ᠲᠡᠳᠬᠦᠵᠦ ᠶᠠᠪᠤ
ᠠᠵᠢᠯ ᠬᠥᠳᠡᠯᠮᠦᠷᠢ ᠳ᠋ᠡᠭᠡᠨ ᠰᠢᠮᠳᠠᠵᠤ ᠶᠠᠪᠤ
ᠠᠢᠯ ᠣᠯᠠᠨ ᠳ᠋ᠠᠭᠠᠨ ᠰᠠᠢᠰᠢᠶᠠᠭᠳᠠᠵᠤ ᠶᠠᠪᠤᠭᠠᠷᠠᠢ!

ᠡᠷᠳᠡᠮ ᠮᠡᠳᠡᠯᠭᠡ ᠶ᠋ᠢ ᠡᠵᠡᠮᠰᠢᠵᠦ ᠶᠠᠪᠤ
ᠡᠬᠡ ᠣᠷᠣᠨ ᠳ᠋ᠠᠭᠠᠨ ᠵᠢᠳᠬᠦᠵᠦ ᠶᠠᠪᠤ
ᠢᠵᠠᠭᠤᠷ ᠰᠣᠶᠣᠯ ᠢ᠋ᠶ᠋ᠠᠨ ᠤᠯᠠᠮᠵᠢᠯᠠᠵᠤ ᠶᠠᠪᠤ
ᠦᠨᠳᠦᠰᠦᠲᠡᠨ ᠶᠠᠰᠤᠲᠠᠨ ᠢ᠋ᠶ᠋ᠠᠨ ᠡᠷᠭᠦᠵᠦ ᠶᠠᠪᠤᠭᠠᠷᠠᠢ!

ᠤᠳᠬ᠎ᠠ ᠰᠣᠶᠣᠯ ᠳ᠋ᠤ᠌ ᠨᠡᠪᠲᠡᠷᠡᠵᠦ ᠶᠠᠪᠤ
ᠣᠶᠤᠨ ᠤᠬᠠᠭᠠᠨ ᠢ᠋ᠶ᠋ᠠᠨ ᠨᠡᠭᠡᠭᠡᠭᠳᠡᠭᠦᠯᠵᠦ ᠶᠠᠪᠤ
ᠥᠨᠳᠥᠷ ᠮᠡᠷᠭᠡᠵᠢᠯ ᠢ᠋ ᠡᠵᠡᠮᠰᠢᠵᠦ ᠶᠠᠪᠤ
ᠣᠷᠴᠢᠯᠠᠩ ᠤ᠋ᠨ ᠣᠨᠢᠰᠣ ᠶ᠋ᠢ ᠨᠡᠭᠡᠭᠡᠵᠦ ᠶᠠᠪᠤᠭᠠᠷᠠᠢ!

ᠪᠤᠮᠠᠨ ᠰᠦᠷᠦᠭ ᠢ᠋ᠶ᠋ᠡᠨ ᠥᠰᠬᠡᠵᠦ ᠶᠠᠪᠤ
ᠪᠦᠭᠦᠳᠡ ᠣᠯᠠᠨ ᠳ᠋ᠠᠭᠠᠨ ᠬᠦᠨᠳᠦᠲᠡᠢ ᠶᠠᠪᠤ
ᠪᠠᠶᠠᠨ ᠲᠠᠩᠰᠤᠭ ᠠᠮᠢᠳᠤᠷᠠᠵᠤ ᠶᠠᠪᠤ
ᠪᠣᠳᠣᠵᠤ ᠰᠠᠨᠠᠭᠰᠠᠨ ᠢ᠋ᠶ᠋ᠠᠨ ᠪᠡᠶᠡᠯᠡᠭᠦᠯᠵᠦ ᠶᠠᠪᠤ!

ᠠᠯᠤᠰ ᠤ᠋ᠨ ᠬᠦᠰᠡᠯᠡᠩ ᠢ᠋ ᠡᠪᠦᠷᠯᠡᠵᠦ ᠶᠠᠪᠤ
ᠠᠤᠭ᠎ᠠ ᠦᠢᠯᠡᠰ ᠢ᠋ ᠪᠦᠲᠦᠭᠡᠵᠦ ᠶᠠᠪᠤ
ᠠᠷᠠᠳ ᠲᠦᠮᠡᠨ ᠳ᠋ᠡᠭᠡᠨ ᠰᠢᠳᠤᠷᠭᠤ ᠶᠠᠪᠤ
ᠠᠷᠢᠭᠤᠨ ᠴᠢᠬᠡᠴᠢ ᠦᠢᠯᠡᠴᠢᠯᠡᠵᠦ ᠶᠠᠪᠤᠭᠠᠷᠠᠢ!

ᠠᠮᠢ ᠠᠬᠤᠢ ᠶ᠋ᠢ ᠬᠠᠮᠠᠭᠠᠯᠠᠵᠤ ᠶᠠᠪᠤ
ᠣᠷᠴᠢᠨ ᠲᠣᠭᠣᠷᠢᠨ ᠢ᠋ᠶ᠋ᠠᠨ ᠴᠡᠪᠡᠷᠰᠢᠭᠦᠯᠵᠦ ᠶᠠᠪᠤ
ᠡᠷᠡᠭᠦᠯ ᠡᠩᠬᠡ ᠣᠨᠳᠣᠷᠴᠤ ᠶᠠᠪᠤ
ᠥᠲᠡᠯᠦᠰᠢ ᠦᠭᠡᠢ ᠵᠠᠯᠠᠭᠤ ᠶᠠᠪᠤᠭᠠᠷᠠᠢ!

ᠠᠷᠪᠠᠨ ᠬᠣᠶᠠᠷ ᠵᠢᠯ ᠦ᠋ᠨ
ᠠᠰ ᠢᠪᠡᠭᠡᠯ ᠢ᠋ᠶ᠋ᠡᠨ ᠡᠷᠭᠢᠭᠰᠡᠨ
ᠠᠷᠪᠠᠨ ᠭᠤᠷᠪᠠ ᠶ᠋ᠢᠨ ᠪᠠᠶᠠᠷ ᠲᠠᠭᠠᠨ
ᠠᠷᠴᠠᠲᠤ ᠡᠪᠴᠢᠭᠦᠦ ᠶ᠋ᠢᠨ ᠭᠠᠨᠵᠤᠭ᠎ᠠ ᠲᠠᠢ ᠶᠠᠪᠤ!

ᠬᠣᠷᠢᠨ ᠳᠥᠷᠪᠡᠨ ᠤᠯᠠᠷᠢᠯ ᠢ᠋
ᠬᠤᠪᠢ ᠨᠡᠮᠡᠷᠢ ᠲᠡᠢ ᠡᠯᠡᠭᠡᠭᠰᠡᠨ
ᠬᠣᠷᠢᠨ ᠲᠠᠪᠤ ᠶ᠋ᠢᠨ ᠪᠠᠶᠠᠷ ᠲᠠᠭᠠᠨ
ᠬᠣᠷᠭᠣᠢ ᠳᠤᠷᠳᠤᠩ ᠤ᠋ᠨ ᠴᠢᠮᠡᠭ ᠲᠡᠢ ᠶᠠᠪᠤ!

ᠭᠤᠷᠪᠠᠨ ᠵᠠᠭᠤᠲᠤ ᠶ᠋ᠢᠨ ᠪᠣᠱᠣᠭ᠎ᠠ ᠶ᠋ᠢ
ᠭᠣᠢᠳᠠ ᠪᠦᠲᠦᠭᠡᠯ ᠲᠡᠢ ᠠᠯᠬᠤᠭᠰᠠᠨ
ᠭᠤᠴᠢᠨ ᠳᠣᠯᠣᠭ᠎ᠠ ᠶ᠋ᠢᠨ ᠪᠠᠶᠠᠷ ᠲᠠᠭᠠᠨ
ᠭᠤᠲᠤᠯ ᠳᠡᠪᠡᠯ ᠦ᠋ᠨ ᠪᠡᠯᠡᠭ ᠲᠡᠢ ᠶᠠᠪᠤ!

ᠳᠥᠷᠪᠡᠨ ᠴᠠᠭ ᠤ᠋ᠨ ᠡᠷᠭᠢᠯᠲᠡ ᠶ᠋ᠢ
ᠳᠥᠯᠥ ᠴᠣᠭ ᠲᠠᠢ ᠤᠯᠠᠷᠢᠭᠤᠯᠤᠭᠰᠠᠨ
ᠳᠥᠴᠢ ᠶᠢᠰᠦ ᠶ᠋ᠢᠨ ᠪᠠᠶᠠᠷ ᠲᠠᠭᠠᠨ
ᠳᠦᠭᠦᠷᠡᠩ ᠲᠠᠷᠭᠤᠲᠤ ᠶ᠋ᠢᠨ ᠰᠢᠭᠦᠰᠦ ᠲᠡᠢ ᠪᠣᠯ!

ᠵᠠᠮ ᠤ᠋ᠨ ᠬᠦᠵᠦᠭᠦᠦ ᠰᠤᠩᠭᠠᠭᠠᠭᠰᠠᠭᠠᠷ 
ᠵᠠᠭᠠᠯ ᠪᠤᠭᠤᠷᠤᠯ ᠪᠣᠯᠤᠭᠰᠠᠨ
ᠵᠢᠷᠠᠨ ᠨᠢᠭᠡᠨ ᠦ᠌ ᠪᠠᠶᠠᠷ ᠲᠠᠭᠠᠨ
ᠵᠠᠭᠠᠮ᠎ᠠ ᠵᠠᠬᠠᠲᠤ ᠶ᠋ᠢᠨ ᠡᠮᠦᠰᠬᠡᠯ ᠲᠡᠢ ᠪᠣᠯ!

ᠳᠠᠪᠠᠯᠭᠠᠨᠲᠤ ᠣᠷᠴᠢᠯᠠᠩ ᠤ᠋ᠨ ᠳᠠᠪᠲᠠᠯᠲᠠ ᠪᠠᠷ
ᠳᠠᠶᠠᠭᠠᠷ ᠣᠯᠠᠨ ᠳ᠋ᠠᠭᠠᠨ ᠬᠦᠨᠳᠦᠯᠡᠭᠳᠡᠭᠰᠡᠨ
ᠳᠠᠯᠠᠨ ᠭᠤᠷᠪᠠ ᠶ᠋ᠢᠨ ᠪᠠᠶᠠᠷ ᠲᠠᠭᠠᠨ
ᠳᠠᠪᠬᠤᠷ ᠶᠢᠰᠦ ᠶ᠋ᠢᠨ ᠳᠡᠭᠡᠵᠢ ᠲᠡᠢ ᠪᠣᠯ!

ᠨᠠᠰᠤᠨ ᠤ᠋ ᠰᠡᠭᠦᠳᠡᠷ ᠥᠨᠳᠥᠷᠵᠢᠵᠦ
ᠨᠠᠮᠲᠠᠷ ᠲᠡᠦᠬᠡ ᠬᠤᠷᠠᠮᠳᠤᠭᠰᠠᠨ
ᠨᠠᠶᠠᠨ ᠲᠠᠪᠤ ᠶ᠋ᠢᠨ ᠪᠠᠶᠠᠷ ᠲᠠᠭᠠᠨ
ᠨᠠᠨᠳᠢᠨ ᠪᠡᠯᠡᠭ ᠦ᠋ᠨ ᠪᠦᠷᠢᠳᠦᠯ ᠲᠡᠢ ᠪᠣᠯ!

ᠴᠣᠯᠮᠣᠨ ᠠᠳᠠᠯᠢ ᠬᠡᠷᠡᠯᠳᠦᠵᠦ ᠶᠠᠪᠤ
ᠴᠣᠭ ᠵᠢᠪᠬᠤᠭ᠎ᠠ ᠪᠠᠳᠠᠷᠠᠵᠤ ᠶᠠᠪᠤ
ᠴᠣᠮᠣᠷᠯᠢᠭ ᠠᠳᠠᠯᠢ ᠳᠡᠯᠭᠡᠷᠡᠵᠦ ᠶᠠᠪᠤ
ᠴᠣᠪᠣᠭᠣ ᠰᠡᠷᠭᠦᠯᠡᠩ ᠥᠰᠴᠦ ᠶᠠᠪᠤ!

ᠪᠢᠴᠢᠭ ᠡᠷᠳᠡᠮ ᠢ᠋ ᠰᠤᠷᠴᠤ ᠶᠠᠪᠤ
ᠪᠢᠯᠢᠭ ᠤᠬᠠᠭᠠᠨ ᠢ᠋ᠶ᠋ᠠᠨ ᠨᠡᠭᠡᠭᠡᠭᠳᠡᠭᠦᠯᠵᠦ ᠶᠠᠪᠤ
ᠪᠤᠶᠠᠨ ᠬᠡᠰᠢᠭ ᠢ᠋ᠶ᠋ᠡᠨ ᠨᠡᠮᠡᠭᠳᠡᠭᠦᠯᠵᠦ ᠶᠠᠪᠤ
ᠪᠦᠭᠦᠳᠡ ᠣᠯᠠᠨ ᠳ᠋ᠠᠭᠠᠨ ᠮᠠᠭᠲᠠᠭᠳᠠᠵᠤ ᠶᠠᠪᠤ!

ᠲᠩᠷᠢ ᠯᠦ᠍ᠭᠡ
ᠲᠡᠭᠰᠢ ᠰᠠᠢᠬᠠᠨ ᠵᠠᠶᠠᠭ᠎ᠠ ᠲᠠᠢ
ᠨᠠᠷᠠᠨ ᠰᠠᠷᠠᠨ ᠤ᠋ ᠭᠡᠷᠡᠯ ᠮᠡᠲᠦ
ᠰᠠᠷᠠᠭᠤᠯ ᠰᠠᠢᠬᠠᠨ ᠤᠬᠠᠭᠠᠨ ᠲᠠᠢ
ᠠᠪᠤ ᠳ᠋ᠠᠭᠠᠨ ᠬᠠᠢᠷᠠᠲᠠᠢ
ᠡᠵᠢ ᠳ᠋ᠡᠭᠡᠨ ᠢᠪᠡᠭᠡᠯᠲᠡᠢ
ᠣᠯᠠᠨ ᠨᠡᠢᠲᠡ ᠶ᠋ᠢᠨ ᠳᠤᠮᠳᠠ
ᠵᠤᠯᠠ ᠲᠣᠪᠴᠢ ᠪᠣᠯᠲᠤᠭᠠᠢ!

ᠡᠵᠡᠨ ᠴᠢᠩᠭᠢᠰ ᠦ᠋ᠨ ᠤᠭᠰᠠᠭ᠎ᠠ ᠲᠠᠢ
ᠡᠷᠡᠯᠬᠡᠭ ᠴᠣᠭ ᠲᠠᠢ ᠠᠪᠤ ᠶ᠋ᠢᠨ ᠢ᠋ᠶ᠋ᠡᠨ
ᠠᠴᠢᠲᠠᠢ ᠬᠥᠪᠡᠭᠦᠨ ᠪᠣᠯ!
ᠥᠭᠡᠯᠦᠨ ᠡᠬᠡ ᠶ᠋ᠢᠨ ᠤᠳᠤᠮ ᠲᠠᠢ
ᠥᠨᠢᠷ ᠪᠤᠶᠠᠨᠲᠤ ᠡᠵᠢ ᠶ᠋ᠢᠨ ᠢ᠋ᠶ᠋ᠡᠨ
ᠡᠨᠡᠷᠢᠯᠲᠦ ᠬᠥᠪᠡᠭᠦᠨ ᠪᠣᠯ!

ᠣᠷᠭᠢᠯᠤᠮ᠎ᠠ ᠪᠤᠶᠠᠨ ᠨᠢ ᠳᠡᠯᠭᠡᠷᠡᠵᠦ ᠶᠠᠪᠤ
ᠣᠮᠣᠭ ᠰᠦᠷ ᠨᠢ ᠳᠡᠭᠳᠡᠵᠦ ᠶᠠᠪᠤ
ᠣᠬᠢ ᠵᠢᠷᠭᠠᠯ ᠢ᠋ ᠡᠳ᠋ᠯᠡᠵᠦ ᠶᠠᠪᠤ!

ᠥᠨᠢᠷ ᠪᠤᠶᠠᠨ ᠨᠢ ᠳᠡᠯᠭᠡᠷᠡᠵᠦ ᠶᠠᠪᠤ
ᠥᠭᠭᠢᠶᠡᠮᠦᠷ ᠵᠢᠷᠭᠠᠯ ᠢ᠋ ᠡᠳ᠋ᠯᠡᠵᠦ ᠶᠠᠪᠤ!

ᠵᠤᠵᠠᠭᠠᠨ ᠬᠡᠰᠢᠭ ᠨᠢ ᠨᠡᠮᠡᠭᠳᠡᠬᠦ ᠪᠣᠯᠲᠤᠭᠠᠢ
ᠵᠠᠭᠤᠷᠠᠳᠤ ᠶ᠋ᠢᠨ ᠪᠠᠷᠴᠢᠳ ᠨᠢ ᠠᠷᠢᠯᠬᠤ ᠪᠣᠯᠲᠤᠭᠠᠢ
ᠵᠠᠭᠤᠨ ᠨᠠᠰᠤᠨ ᠢ᠋ ᠦᠵᠡᠬᠦ ᠪᠣᠯᠲᠤᠭᠠᠢ!

ᠰᠠᠨᠠᠭᠰᠠᠨ ᠪᠦᠬᠦᠨ ᠨᠢ ᠪᠦᠲᠦᠬᠦ ᠪᠣᠯᠲᠤᠭᠠᠢ
ᠰᠠᠭᠠᠳ ᠲᠣᠳᠬᠠᠷ ᠨᠢ ᠠᠷᠢᠯᠬᠤ ᠪᠣᠯᠲᠤᠭᠠᠢ
ᠰᠠᠢᠬᠠᠨ ᠤᠴᠠᠷᠠᠯ ᠪᠦᠷᠢᠳᠬᠦ ᠪᠣᠯᠲᠤᠭᠠᠢ!

ᠡᠵᠢ ᠠᠪᠤ ᠳ᠋ᠠᠭᠠᠨ ᠠᠴᠢᠯᠠᠯᠲᠠᠢ ᠶᠠᠪᠤ
ᠡᠯᠢᠭᠡᠨ ᠰᠠᠳᠤᠨ ᠳ᠋ᠠᠭᠠᠨ ᠡᠭᠡᠯᠢᠲᠡᠢ ᠶᠠᠪᠤ
ᠡᠩ ᠦ᠋ᠨ ᠣᠯᠠᠨ ᠳ᠋ᠠᠭᠠᠨ ᠥᠯᠵᠡᠢᠲᠡᠢ ᠶᠠᠪᠤ!

ᠰᠣᠳᠣ ᠭᠡᠭᠡᠨ ᠤᠬᠠᠭᠠᠨ ᠲᠠᠢ ᠪᠣᠯ
ᠰᠣᠷᠭᠣᠭ ᠰᠠᠢᠬᠠᠨ ᠵᠢᠰᠦ ᠲᠡᠢ ᠪᠣᠯ
ᠴᠣᠪᠣᠭᠣ ᠰᠡᠷᠭᠦᠯᠡᠩ ᠠᠭᠠᠯᠢ ᠲᠠᠢ ᠪᠣᠯ!

ᠲᠦᠭᠡᠮᠡᠯ ᠪᠤᠶᠠᠨ ᠳ᠋ᠤ᠌ ᠤᠮᠪᠠᠵᠤ ᠶᠠᠪᠤ
ᠲᠦᠪᠰᠢᠨ ᠪᠠᠲᠤ ᠲᠣᠭᠲᠠᠵᠤ ᠶᠠᠪᠤ
ᠤᠨᠳᠤᠷᠤᠮᠠᠯ ᠪᠤᠯᠠᠭ ᠰᠢᠭ᠋ ᠪᠤᠶᠠᠨ ᠢ᠋ ᠡᠳ᠋ᠯᠡᠵᠦ
ᠤᠷᠭᠤᠭ᠎ᠠ ᠨᠠᠷᠠᠰᠤ ᠰᠢᠭ᠋ ᠪᠡᠶ᠎ᠡ ᠶ᠋ᠢ ᠣᠯᠵᠤ
ᠤᠯᠤᠰ ᠭᠦᠷᠦᠨ ᠢ᠋ᠶ᠋ᠡᠨ ᠮᠠᠨᠳᠤᠭᠤᠯᠵᠤ
ᠤᠳᠤᠮ ᠤᠭᠰᠠᠭ᠎ᠠ ᠪᠠᠨ ᠬᠡᠷᠡᠯᠳᠦᠭᠦᠯᠲᠦᠭᠡᠢ!

ᠮᠣᠩᠭᠣᠯ ᠤᠭᠰᠠᠭ᠎ᠠ ᠶ᠋ᠢᠨ ᠭᠠᠯ ᠢ᠋ ᠳᠡᠭᠡᠳᠦᠯᠡᠵᠦ
ᠮᠥᠩᠬᠡ ᠶ᠋ᠢᠨ ᠨᠠᠰᠤᠨ ᠬᠤᠲᠤᠭ ᠴᠢᠨᠢ ᠪᠠᠲᠤᠳᠲᠤᠭᠠᠢ!

ᠠᠶᠤᠰᠢ ᠬᠠᠳᠠᠭ ᠤ᠋ᠨ ᠰᠢᠷᠬᠡᠭ ᠦ᠋ᠨ ᠲᠣᠭ᠎ᠠ ᠪᠠᠷ
ᠤᠷᠲᠤ ᠨᠠᠰᠤᠯᠠᠵᠤ ᠤᠳᠠᠭᠠᠨ ᠵᠢᠷᠭᠠᠲᠤᠭᠠᠢ!

ᠠᠪᠤ ᠡᠵᠢ ᠳ᠋ᠡᠭᠡᠨ ᠡᠷᠳᠡᠨᠢ ᠮᠡᠲᠦ ᠬᠠᠢᠷᠠᠯᠠᠭᠳᠠᠵᠤ 
ᠤᠯᠤᠰ ᠭᠦᠷᠦᠨ ᠳ᠋ᠡᠭᠡᠨ ᠲᠤᠯᠭᠠᠭᠤᠷᠢ ᠮᠡᠲᠦ ᠪᠠᠲᠤ ᠪᠣᠯᠲᠤᠭᠠᠢ
ᠲᠥᠷᠥᠯ ᠲᠥᠷᠬᠥᠮ ᠳ᠋ᠡᠭᠡᠨ ᠰᠤᠪᠤᠳ ᠮᠡᠲᠦ ᠭᠡᠷᠡᠯᠲᠡᠢ
ᠲᠦᠷᠢᠮᠡᠬᠡᠢ ᠳᠠᠢᠰᠤᠨ ᠳ᠋ᠤ᠌ ᠱᠣᠩᠬᠣᠷ ᠮᠡᠲᠦ ᠪᠠᠭᠠᠲᠤᠷ ᠪᠣᠯᠲᠤᠭᠠᠢ!

ᠠᠵᠢᠯ ᠬᠥᠳᠡᠯᠮᠦᠷᠢ ᠳ᠋ᠦ᠍ ᠪᠠᠬᠠᠲᠠᠢ ᠶᠠᠪᠤ
ᠠᠷᠠᠳ ᠤ᠋ᠨ ᠢᠲᠡᠭᠡᠯ ᠢ᠋ ᠣᠯᠵᠤ ᠶᠠᠪᠤ
ᠳᠠᠷᠤᠤ ᠬᠢᠴᠢᠶᠡᠩᠭᠦᠢ ᠵᠠᠩ ᠲᠠᠢ ᠶᠠᠪᠤ
ᠲᠥᠷᠥ ᠶ᠋ᠢᠨ ᠬᠡᠷᠡᠭ ᠲᠦ᠍ ᠦᠨᠡᠨᠴᠢ ᠶᠠᠪᠤ
ᠲᠦᠮᠡᠨ ᠦ᠌ ᠲᠥᠯᠥᠭᠡ ᠵᠢᠳᠬᠦᠵᠦ ᠶᠠᠪᠤ!

ᠨᠣᠮ ᠡᠷᠳᠡᠮ ᠢ᠋ ᠡᠷᠬᠢᠮᠯᠡᠵᠦ ᠶᠠᠪᠤ
ᠨᠣᠮᠣᠬᠠᠨ ᠰᠢᠳᠤᠷᠭᠤ ᠠᠮᠢᠳᠤᠷᠠᠵᠤ ᠶᠠᠪᠤ
ᠦᠨᠡᠨ ᠮᠥᠨ ᠢ᠋ ᠢᠯᠭᠠᠵᠤ ᠶᠠᠪᠤ
ᠥᠨᠳᠥᠷ ᠭᠠᠪᠢᠶ᠎ᠠ ᠪᠠᠢᠭᠤᠯᠵᠤ ᠶᠠᠪᠤ!

ᠵᠡᠭᠦᠨ ᠵᠦᠭ ᠦ᠋ᠨ ᠨᠠᠷᠠᠨ ᠮᠡᠲᠦ ᠮᠠᠨᠳᠤᠵᠤ
ᠪᠠᠳᠮ᠎ᠠ ᠯᠢᠩᠬᠤ᠎ᠠ ᠴᠡᠴᠡᠭ ᠮᠡᠲᠦ ᠳᠡᠯᠭᠡᠷᠡᠵᠦ
ᠪᠠᠳᠮᠠᠷᠠᠭ᠎ᠠ ᠭᠡᠷᠡᠯ ᠮᠡᠲᠦ ᠬᠡᠷᠡᠯᠳᠦᠵᠦ
ᠪᠠᠶᠠᠨ ᠬᠠᠩᠭᠠᠢ ᠶ᠋ᠢᠨ ᠨᠠᠷᠠᠰᠤ ᠮᠡᠲᠦ ᠮᠥᠩᠬᠡᠷᠡᠲᠦᠭᠡᠢ

ᠡᠪᠡᠳᠴᠢᠨ ᠦᠭᠡᠢ ᠵᠢᠷᠭᠠᠯ ᠲᠠᠢ
ᠵᠣᠪᠠᠯᠠᠩ ᠦᠭᠡᠢ ᠵᠣᠯ ᠲᠠᠢ
ᠴᠣᠭ ᠰᠦᠯᠳᠡ ᠬᠡᠢ ᠮᠣᠷᠢ ᠲᠠᠢ
ᠵᠣᠷᠢᠭ ᠰᠦᠷ ᠢ᠋ᠶ᠋ᠡᠨ ᠮᠠᠨᠳᠤᠭᠤᠯᠵᠤ ᠶᠠᠪᠤ!

ᠬᠥᠨᠳᠡᠯᠡᠨ ᠢ᠋ᠶ᠋ᠡᠷ ᠭᠠᠷᠬᠤ ᠶ᠋ᠢᠨ ᠲᠣᠭ᠎ᠠ ᠪᠠᠷ
ᠬᠥᠳᠡᠭᠡ ᠶᠡᠬᠡ ᠪᠤᠶᠠᠨ ᠢ᠋ ᠪᠣᠶᠠᠯᠠᠲᠤᠭᠠᠢ
ᠤᠷᠢᠳ ᠢ᠋ᠶ᠋ᠠᠷ ᠭᠠᠷᠬᠤ ᠶ᠋ᠢᠨ ᠲᠣᠭ᠎ᠠ ᠪᠠᠷ
ᠤᠷᠲᠤ ᠰᠠᠢᠬᠠᠨ ᠨᠠᠰᠤᠨ ᠢ᠋ ᠨᠠᠰᠤᠯᠠᠲᠤᠭᠠᠢ!

ᠲᠥᠪ ᠪᠠᠲᠤ ᠬᠦᠰᠡᠯᠡᠩ ᠲᠡᠢ ᠪᠣᠯ
ᠲᠦᠪᠰᠢᠨ ᠰᠠᠷᠠᠭᠤᠯ ᠤᠬᠠᠭᠠᠨ ᠲᠠᠢ ᠪᠣᠯ
ᠲᠦᠷᠭᠡᠨ ᠨᠢᠭᠲᠠ ᠦᠢᠯᠡ ᠲᠡᠢ ᠪᠣᠯ
ᠲᠦᠭᠡᠮᠡᠯ ᠶᠡᠬᠡ ᠪᠤᠶᠠᠨ ᠬᠡᠰᠢᠭ ᠲᠣᠭᠲᠠᠲᠤᠭᠠᠢ!

ᠭᠠᠩᠭ᠎ᠠ ᠳᠠᠷᠠᠰᠤ ᠶ᠋ᠢᠨ ᠴᠠᠭᠠᠨ ᠮᠡᠲᠦ
ᠣᠮᠣᠭ ᠬᠦᠴᠦᠨ ᠶᠡᠬᠡᠲᠡᠢ ᠪᠣᠯᠵᠤ
ᠭᠠᠯᠪᠠᠷ ᠽᠠᠨᠳᠠᠨ ᠤ᠋ ᠰᠠᠯᠠᠭ᠎ᠠ ᠮᠡᠲᠦ
ᠪᠤᠶᠠᠨ ᠬᠡᠰᠢᠭ ᠠᠷᠪᠢᠳᠬᠤ ᠪᠣᠯᠲᠤᠭᠠᠢ!

ᠲᠡᠭᠷᠢ ᠡᠴᠡ ᠳᠡᠭᠡᠭᠰᠢ ᠰᠠᠢᠬᠠᠨ ᠵᠠᠶᠠᠭ᠎ᠠ ᠲᠠᠢ
ᠣᠳᠣᠨ ᠡᠴᠡ ᠣᠯᠠᠨ ᠰᠠᠢᠬᠠᠨ ᠲᠥᠷᠥᠯ ᠲᠡᠢ
ᠣᠷᠴᠢᠯᠠᠩ ᠡᠴᠡ ᠳᠦᠭᠦᠷᠡᠩ ᠰᠠᠢᠬᠠᠨ ᠪᠤᠶᠠᠨ ᠲᠠᠢ ᠪᠣᠯᠲᠤᠭᠠᠢ!

ᠪᠤᠭᠤᠳᠠᠢ ᠲᠠᠷᠢᠶ᠎ᠠ ᠮᠡᠲᠦ
ᠪᠤᠶᠠᠨ ᠰᠡᠭᠦᠳᠡᠷ ᠲᠠᠨᠢ ᠤᠷᠲᠤ ᠪᠣᠯ
ᠠᠷᠪᠠᠢ ᠳᠠᠷᠪᠠᠢ ᠮᠡᠲᠦ
ᠠᠮᠢᠨ ᠰᠡᠭᠦᠳᠡᠷ ᠲᠠᠨᠢ ᠥᠨᠳᠥᠷ ᠪᠣᠯ!

ᠥᠨᠳᠥᠷ ᠬᠥᠬᠡ ᠣᠭᠲᠠᠷᠭᠤᠢ ᠡᠴᠡ
ᠵᠠᠭᠤᠨ ᠬᠣᠷᠢᠨ ᠰᠡᠭᠦᠳᠡᠷ ᠬᠦᠷᠲᠡᠲᠦᠭᠡᠢ
ᠥᠷᠭᠡᠨ ᠶᠡᠬᠡ ᠲᠢᠪ ᠳᠣᠲᠣᠷ᠎ᠠ ᠡᠴᠡ
ᠵᠤᠵᠠᠭᠠᠨ ᠴᠠᠭᠠᠨ ᠪᠤᠶᠠᠨ ᠢ᠋ᠶ᠋ᠠᠨ ᠪᠤᠶᠠᠯᠠᠲᠤᠭᠠᠢ !

ᠣᠭᠣᠰᠣᠷ ᠲᠠᠨᠢ ᠪᠠᠲᠤ 
ᠣᠯᠪᠣᠭ ᠲᠠᠨᠢ ᠵᠤᠵᠠᠭᠠᠨ
ᠤᠸᠮ ᠴᠠᠭᠠᠨ ᠦᠰᠦᠭ ᠦ᠋ᠨ ᠬᠦᠴᠦ ᠪᠡᠷ
ᠤᠸᠮ ᠰᠠᠢᠬᠠᠨ ᠢ᠋ᠶ᠋ᠠᠷ ᠪᠠᠢᠬᠤ ᠪᠣᠯᠲᠤᠭᠠᠢ!

ᠰᠠᠨᠠᠭ᠎ᠠ ᠤᠬᠠᠭᠠᠨ ᠴᠢᠨᠢ ᠰᠠᠷᠠᠭᠤᠯᠵᠢᠵᠤ
ᠰᠠᠮᠪᠠᠭ᠎ᠠ ᠪᠢᠯᠢᠭ ᠴᠢᠨᠢ ᠮᠡᠷᠭᠡᠰᠢᠵᠦ
ᠰᠠᠩ ᠰᠠᠬᠢᠯᠭ᠎ᠠ ᠴᠢᠨᠢ ᠠᠷᠪᠢᠵᠢᠭᠠᠳ
ᠰᠡᠳᠦᠵᠦ ᠪᠣᠳᠣᠭᠰᠠᠨ ᠵᠦᠢᠯᠡᠰ ᠴᠢᠨᠢ
ᠰᠡᠳᠬᠢᠯᠴᠢᠯᠡᠨ ᠪᠦᠲᠦᠬᠦ ᠪᠣᠯᠲᠤᠭᠠᠢ!

ᠢᠳᠡ ᠬᠦᠴᠦ ᠴᠢᠨᠢ ᠨᠡᠮᠡᠭᠳᠡᠵᠦ
ᠠᠷᠭ᠎ᠠ ᠪᠢᠯᠢᠭ ᠨᠢ ᠬᠥᠭᠵᠢᠵᠦ
ᠠᠮᠢ ᠨᠠᠰᠤ ᠴᠢᠨᠢ ᠤᠷᠲᠤ ᠪᠣᠯᠤᠭᠠᠳ
ᠠᠯᠢᠪᠠ ᠪᠣᠳᠣᠭᠰᠠᠨ ᠵᠦᠢᠯᠡᠰ ᠴᠢᠨᠢ
ᠰᠡᠳᠬᠢᠯᠴᠢᠯᠡᠨ ᠪᠦᠲᠦᠬᠦ ᠪᠣᠯᠲᠤᠭᠠᠢ!

ᠭᠡᠷ ᠴᠢᠨᠢ ᠴᠠᠭᠠᠨ
ᠨᠡᠷ᠎ᠡ ᠴᠢᠨᠢ ᠢᠷᠠᠭᠤ
ᠰᠦᠷ ᠴᠢᠨᠢ ᠥᠨᠳᠥᠷ
ᠳᠦᠷᠢ ᠴᠢᠨᠢ ᠳᠠᠷᠤᠤ
ᠰᠠᠢᠬᠠᠨ ᠴᠠᠭ ᠤ᠋ᠨ
ᠰᠠᠢᠨ ᠡᠷ᠎ᠡ ᠪᠣᠯᠵᠤ ᠶᠠᠪᠤᠭᠠᠷᠠᠢ!

ᠡᠮᠦᠨ᠎ᠡ ᠵᠦᠭ ᠦ᠋ᠨ ᠨᠠᠷᠠᠨ ᠮᠡᠲᠦ ᠢᠪᠡᠭᠡᠯᠲᠡᠢ
ᠥᠨᠳᠥᠷ ᠵᠦᠭ ᠦ᠋ᠨ ᠤᠰᠤᠨ ᠮᠡᠲᠦ ᠤᠨᠳᠤᠷᠤᠮᠠᠯ ᠲᠠᠢ
ᠰᠦᠨ ᠳᠠᠯᠠᠢ ᠮᠡᠲᠦ ᠰᠦᠵᠢ ᠪᠠᠶᠠᠨ ᠶᠠᠪᠤᠲᠤᠭᠠᠢ
ᠰᠦᠮᠪᠦᠷ ᠠᠭᠤᠯᠠ ᠮᠡᠲᠦ ᠪᠠᠲᠤ ᠪᠠᠶᠠᠨ ᠵᠢᠷᠭᠠᠲᠤᠭᠠᠢ!

ᠲᠥᠷᠥᠯ ᠰᠠᠳᠤᠨ ᠳ᠋ᠠᠭᠠᠨ ᠡᠯᠢᠭᠡᠰᠡᠭ
ᠲᠥᠷᠥ ᠭᠦᠷᠦᠨ ᠳ᠋ᠡᠭᠡᠨ ᠵᠢᠳᠬᠦᠯᠲᠡᠢ ᠶᠠᠪᠤ
ᠲᠦᠮᠡᠨ ᠣᠯᠠᠨ ᠳ᠋ᠠᠭᠠᠨ ᠬᠦᠨᠳᠦᠲᠡᠢ
ᠲᠡᠦᠬᠡ ᠱᠠᠰᠲᠢᠷ ᠲᠤ᠌ ᠳᠤᠷᠠᠰᠬᠠᠯᠲᠠᠢ ᠶᠠᠪᠤ

ᠤᠳᠤᠮ ᠤᠭᠰᠠᠭ᠎ᠠ ᠳ᠋ᠠᠭᠠᠨ ᠲᠤᠰᠠᠲᠠᠢ
ᠤᠯᠠᠮ ᠴᠢᠨᠠᠭᠰᠢ ᠪᠠᠨ ᠢᠲᠡᠭᠡᠯᠲᠡᠢ ᠶᠠᠪᠤ
ᠣᠶᠤᠨ ᠪᠢᠯᠢᠭ ᠢ᠋ᠶ᠋ᠡᠨ ᠨᠡᠮᠡᠭᠳᠡᠭᠦᠯᠵᠦ
ᠣᠮᠣᠭ ᠵᠣᠷᠢᠭ ᠲᠡᠭᠦᠯᠳᠡᠷ ᠶᠠᠪᠤ

ᠳᠡᠭᠡᠳᠦᠰ ᠦ᠋ᠨ ᠠᠯᠳᠠᠷ ᠢ᠋ᠶ᠋ᠠᠨ ᠬᠠᠮᠠᠭᠠᠯᠠᠵᠤ
ᠳᠡᠯᠡᠬᠡᠢ ᠳ᠋ᠠᠬᠢᠨ ᠳ᠋ᠤ᠌ ᠬᠡᠢ ᠮᠣᠷᠢ ᠲᠠᠢ ᠶᠠᠪᠤ
ᠳᠡᠯᠭᠡᠷ ᠪᠠᠶᠠᠨ ᠠᠮᠢᠳᠤᠷᠠᠵᠤ
ᠳᠡᠭᠵᠢᠷᠡᠬᠦ ᠲᠣᠰᠤᠮ ᠭᠢᠯᠠᠷᠠᠭᠤᠯᠵᠤ ᠶᠠᠪᠤ!

ᠰᠠᠴᠤᠷᠠᠨ ᠮᠠᠨᠳᠤᠬᠤ ᠨᠠᠷᠠᠨ ᠰᠢᠭ᠋
ᠰᠠᠷᠠᠭᠤᠯ ᠠᠭᠤᠳᠠᠮ ᠤᠬᠠᠭᠠᠨ ᠲᠠᠢ ᠶᠠᠪᠤ
ᠭᠠᠨᠵᠤᠤᠷ ᠰᠤᠳᠤᠷ ᠰᠢᠭ᠋
ᠭᠠᠷᠮᠠᠭᠠᠢ ᠰᠣᠶᠣᠯ ᠤ᠋ᠨ ᠥᠪ ᠲᠡᠢ ᠶᠠᠪᠤ
ᠭᠠᠩᠳᠠᠰᠢ ᠦᠭᠡᠢ ᠠᠮᠢᠲᠠᠢ
ᠤᠷᠲᠤ ᠮᠥᠷᠡᠨ ᠦ᠌ ᠵᠢᠭᠠᠰᠤ ᠰᠢᠭ᠋
ᠲᠣᠭᠠᠯᠠᠰᠢ ᠦᠭᠡᠢ ᠬᠥᠷᠥᠩᠭᠡ ᠲᠡᠢ ᠶᠠᠪᠤ
ᠤᠨᠳᠤᠷᠬᠤ ᠪᠤᠯᠠᠭ ᠤ᠋ᠨ ᠤᠰᠤ ᠰᠢᠭ᠋
ᠲᠤᠨᠲᠠᠷᠠᠰᠢ ᠦᠭᠡᠢ ᠪᠤᠶᠠᠨ ᠲᠠᠢ ᠶᠠᠪᠤ
ᠬᠠᠨ ᠰᠦᠮᠪᠦᠷ ᠬᠠᠢᠷᠬᠠᠨ ᠰᠢᠭ᠋
ᠪᠠᠲᠤ ᠬᠠᠲᠠᠭᠤ ᠰᠠᠭᠤᠷᠢ ᠲᠠᠢ ᠶᠠᠪᠤ
ᠬᠠᠳᠠ ᠴᠢᠯᠠᠭᠤᠨ ᠰᠠᠷᠢᠳᠠᠭ ᠰᠢᠭ᠋
ᠪᠠᠭᠠᠲᠤᠷ ᠴᠣᠭ ᠰᠦᠯᠳᠡ ᠲᠡᠢ ᠶᠠᠪᠤ!

ᠬᠠᠯᠢᠨ ᠤᠷᠤᠰᠬᠤ ᠬᠠᠷᠠᠵᠠ ᠮᠡᠲᠦ
ᠪᠤᠴᠠᠯᠤᠨ ᠪᠤᠷᠭᠢᠯᠬᠤ ᠪᠤᠯᠠᠭ ᠮᠡᠲᠦ
ᠪᠠᠢᠨ ᠪᠠᠢᠨ ᠪᠠᠳᠠᠷᠠᠵᠤ ᠶᠠᠪᠤ
ᠤᠯᠠᠮ ᠤᠯᠠᠮ ᠣᠷᠭᠢᠯᠵᠤ ᠶᠠᠪᠤ!

ᠣᠭᠲᠠᠷᠭᠤᠢ ᠳᠡᠭᠡᠷᠡᠬᠢ
ᠬᠥᠬᠡ ᠯᠤᠤ ᠮᠡᠲᠦ ᠬᠦᠴᠦ ᠶᠡᠬᠡᠲᠡᠢ
ᠣᠷᠴᠢᠯᠠᠩ ᠳᠡᠭᠡᠷᠡᠬᠢ
ᠡᠵᠡᠨ ᠬᠠᠭᠠᠨ ᠮᠡᠲᠦ ᠬᠦᠨᠳᠦ ᠶᠡᠬᠡᠲᠡᠢ
ᠥᠨᠳᠥᠷ ᠶᠡᠬᠡ ᠬᠡᠰᠢᠭ ᠲᠡᠢ ᠶᠠᠪᠤ
ᠠᠷᠪᠢᠨ ᠶᠡᠬᠡ ᠪᠤᠶᠠᠨ ᠲᠠᠢ ᠶᠠᠪᠤ!

ᠵᠡᠭᠦᠨ ᠠᠭᠤᠯᠠ ᠨᠢ
ᠵᠦᠷ ᠭᠤᠷ᠎ᠠ ᠪᠠᠷ ᠪᠠᠶᠠᠨ
ᠡᠮᠦᠨ᠎ᠡ ᠠᠭᠤᠯᠠ ᠨᠢ
ᠠᠷᠭᠠᠯᠢ ᠤᠭᠠᠯᠵᠠ ᠪᠠᠷ ᠪᠠᠶᠠᠨ
ᠪᠠᠷᠠᠭᠤᠨ ᠠᠭᠤᠯᠠ ᠨᠢ
ᠪᠤᠭᠤ ᠮᠠᠷᠠᠯ ᠢ᠋ᠶ᠋ᠠᠷ ᠪᠠᠶᠠᠨ
ᠬᠣᠢᠲᠤ ᠠᠭᠤᠯᠠ ᠨᠢ
ᠬᠣᠨᠢ ᠮᠠᠯ ᠢ᠋ᠶ᠋ᠠᠷ ᠪᠠᠶᠠᠨ
ᠬᠡᠰᠢᠭ ᠪᠤᠶᠠᠨ ᠢ᠋ ᠡᠳ᠋ᠯᠡᠵᠦ
ᠬᠡᠢ ᠮᠣᠷᠢ ᠬᠡᠢᠰᠬᠡᠵᠦ ᠶᠠᠪᠤᠭᠠᠷᠠᠢ!

ᠬᠣᠷᠣᠭ᠎ᠠ ᠳᠦᠭᠦᠷᠡᠩ ᠬᠣᠨᠢ ᠲᠠᠢ ᠪᠣᠯ
ᠬᠣᠷᠭᠣ ᠳᠦᠭᠦᠷᠡᠩ ᠮᠥᠩᠭᠥ ᠲᠡᠢ ᠪᠣᠯ
ᠬᠠᠰᠢᠶ᠎ᠠ ᠳᠦᠭᠦᠷᠡᠩ ᠠᠳᠤᠭᠤ ᠲᠠᠢ ᠪᠣᠯ
ᠬᠠᠢᠷᠴᠠᠭ ᠳᠦᠭᠦᠷᠡᠩ ᠠᠯᠲᠠ ᠲᠠᠢ ᠪᠣᠯ

ᠨᠠᠮᠰᠠᠷᠠᠢ ᠰᠢᠭ᠋ ᠪᠠᠶᠠᠨ ᠪᠣᠯᠵᠤ
ᠨᠠᠴᠤᠭᠳᠣᠷᠵᠢ ᠰᠢᠭ᠋ ᠥᠨᠢᠷ ᠪᠣᠯᠵᠤ
ᠬᠡᠢ ᠮᠣᠷᠢ ᠴᠢᠨᠢ ᠮᠠᠨᠳᠤᠵᠤ
ᠬᠡᠰᠢᠭ ᠪᠤᠶᠠᠨ ᠴᠢᠨᠢ ᠳᠡᠯᠭᠡᠷᠡᠲᠦᠭᠡᠢ!

    ᠬᠣᠶᠠᠳᠤᠭᠠᠷ ᠪᠦᠯᠦᠭ ᠬᠦᠦᠴᠦᠦᠯ ᠢ᠋ ᠢᠷᠥᠭᠡᠬᠦ ᠨᠢ

ᠪᠠᠶᠠᠨ ᠬᠠᠨ ᠨᠡᠷ᠎ᠡ ᠲᠡᠢ
ᠪᠠᠭᠠᠲᠤᠷ ᠡᠷ᠎ᠡ ᠶ᠋ᠢᠨ ᠵᠢᠷᠭᠠᠯ ᠲᠠᠢ
ᠪᠠᠷᠰ ᠠᠷᠰᠯᠠᠨ ᠮᠡᠲᠦ ᠴᠢᠳᠠᠯ ᠲᠠᠢ
ᠪᠠᠳᠠᠷᠠᠨ ᠵᠢᠷᠭᠠᠵᠤ ᠶᠠᠪᠤ!

ᠠᠪᠤ ᠶ᠋ᠢᠨ ᠪᠤᠶᠠᠨ ᠳ᠋ᠤ᠌
ᠠᠯᠤᠰ ᠢ᠋ ᠦᠵᠡᠵᠦ
ᠡᠵᠢ ᠶ᠋ᠢᠨ ᠡᠨᠡᠷᠢᠯ ᠳ᠋ᠦ᠍
ᠡᠩ ᠲᠡᠢ ᠲᠣᠷᠭ᠎ᠠ ᠶ᠋ᠢ ᠡᠮᠦᠰᠴᠦ
ᠠᠬ᠎ᠠ ᠶ᠋ᠢᠨ ᠠᠴᠢᠨ ᠳ᠋ᠤ᠌
ᠠᠳᠤᠭᠤ ᠮᠠᠯ ᠢ᠋ᠶ᠋ᠠᠷ ᠡᠯᠪᠡᠭ ᠶᠠᠪᠤᠵᠤ
ᠡᠭᠡᠴᠢ ᠳᠡᠭᠦᠦ ᠶ᠋ᠢᠨ ᠤᠷᠠᠨ ᠳ᠋ᠤ᠌
ᠡᠮᠦᠰᠬᠡᠯ ᠵᠡᠭᠦᠭᠡᠯ ᠢ᠋ᠶ᠋ᠡᠷ ᠥᠩᠭᠡ ᠲᠡᠢ ᠶᠠᠪᠤ!

ᠵᠢᠯ ᠡᠷᠭᠢᠵᠦ ᠵᠢᠷᠭᠠᠯ ᠲᠠᠢ ᠶᠠᠪᠤ
ᠣᠨ ᠡᠷᠭᠢᠵᠦ ᠣᠷᠬᠢᠵᠤ ᠶᠠᠪᠤ
ᠣᠯᠠᠨ ᠬᠥᠮᠦᠨ ᠳ᠋ᠦ᠍ ᠲᠤᠰᠠ ᠪᠠᠨ ᠬᠦᠷᠭᠡᠵᠦ
ᠤᠴᠠᠷᠠᠯ ᠲᠡᠭᠦᠰ ᠰᠠᠢᠬᠠᠨ ᠶᠠᠪᠤ!

ᠳᠠᠭ᠎ᠠ ᠦᠷᠢᠶ᠎ᠡ ᠶ᠋ᠢ ᠬᠤᠯᠤᠭᠤᠳᠠᠵᠤ
ᠳᠠᠪᠠᠭ᠎ᠠ ᠪᠦᠬᠦᠨ ᠢ᠋ ᠵᠣᠷᠢᠭᠲᠠᠢ ᠲᠤᠭᠤᠯᠵᠤ 
ᠳᠠᠭᠠᠭᠠᠮᠠᠭᠠᠢ ᠴᠢᠳᠠᠯ ᠢ᠋ ᠪᠣᠯᠪᠠᠰᠤᠷᠠᠵᠤ
ᠳᠠᠢᠰᠤᠨ ᠪᠦᠬᠦᠨ ᠢ᠋ ᠳᠠᠷᠤᠵᠤ
ᠳᠠᠶᠠᠭᠠᠷ ᠲᠦᠮᠡᠨ ᠳ᠋ᠦ᠍ ᠬᠦᠨᠳᠦᠯᠡᠭᠳᠡᠵᠦ
ᠳᠠᠶᠠᠩ ᠳᠡᠯᠡᠬᠡᠢ ᠳ᠋ᠦ᠍ ᠠᠯᠳᠠᠷ ᠢ᠋ᠶ᠋ᠠᠨ ᠪᠠᠳᠠᠷᠠᠭᠤᠯ!

ᠤᠷᠲᠤ ᠨᠠᠰᠤᠲᠠᠢ
ᠤᠳᠠᠭᠠᠨ ᠵᠢᠷᠭᠠᠯ ᠲᠠᠢ
ᠰᠦᠮᠪᠦᠷ ᠠᠭᠤᠯᠠ ᠠᠳᠠᠯᠢ ᠲᠦᠰᠢᠭ ᠲᠡᠢ
ᠰᠦᠨ ᠳᠠᠯᠠᠢ ᠠᠳᠠᠯᠢ ᠬᠡᠰᠢᠭ ᠲᠡᠢ ᠶᠠᠪᠤ!

ᠡᠩᠬᠡ ᠶᠠᠪᠤ᠂ ᠮᠥᠩᠬᠡ ᠵᠢᠷᠭ᠎ᠠ
ᠡᠷᠳᠡᠨᠢ ᠶ᠋ᠢᠨ ᠱᠠᠩ ᠳ᠋ᠠᠭᠠᠨ ᠲᠣᠭᠲᠠᠨ ᠵᠢᠷᠭ᠎ᠠ!

ᠪᠠᠶᠠᠨ ᠨᠡᠷ᠎ᠡ ᠲᠡᠢ ᠪᠣᠯ
ᠪᠠᠭᠠᠲᠤᠷ ᠴᠣᠯᠠ ᠲᠠᠢ ᠪᠣᠯ!
ᠪᠠᠶᠠᠨ ᠡᠯᠪᠡᠭ ᠵᠢᠷᠭᠠᠵᠤ ᠶᠠᠪᠤ
ᠪᠠᠭᠠᠲᠤᠷ ᠴᠣᠯᠠ ᠪᠠᠨ ᠮᠠᠨᠳᠤᠭᠤᠯᠵᠤ ᠶᠠᠪᠤ!

ᠱᠧᠩ ᠱᠧᠩ ᠠᠯᠲᠠ ᠲᠠᠢ
ᠰᠢᠯᠢ ᠰᠢᠯᠢ ᠠᠳᠤᠭᠤ ᠲᠠᠢ ᠪᠣᠯᠲᠤᠭᠠᠢ!
ᠲᠦᠮᠡᠨ ᠣᠯᠠᠨ ᠳ᠋ᠠᠭᠠᠨ ᠢᠲᠡᠭᠡᠯ ᠲᠡᠢ ᠶᠠᠪᠤ
ᠲᠥᠷᠥ ᠤᠯᠤᠰ ᠲᠠᠭᠠᠨ ᠵᠢᠳᠬᠦᠯ ᠲᠡᠢ ᠶᠠᠪᠤ!

ᠨᠠᠰᠤ ᠪᠠᠷ ᠤᠷᠲᠤ
ᠪᠤᠶᠠᠨ ᠢ᠋ᠶ᠋ᠠᠷ ᠠᠷᠪᠢᠨ
ᠲᠡᠭᠰᠢ ᠳᠡᠯᠭᠡᠷᠡᠵᠦ
ᠲᠦᠪᠰᠢᠨ ᠵᠢᠷᠭ᠎ᠠ!

ᠲᠡᠭᠰᠢ ᠰᠠᠢᠬᠠᠨ ᠪᠤᠶᠠᠨ ᠴᠢᠨᠢ
ᠲᠩᠷᠢ ᠶ᠋ᠢᠨ ᠵᠢᠷᠭᠠᠯ ᠮᠡᠲᠦ ᠳᠡᠯᠭᠡᠷᠡ
ᠲᠡᠭᠦᠰ ᠰᠠᠢᠬᠠᠨ ᠠᠯᠳᠠᠷ ᠴᠢᠨᠢ
ᠳᠡᠯᠡᠬᠡᠢ ᠶ᠋ᠢᠨ ᠨᠠᠷᠠᠨ ᠮᠡᠲᠦ ᠮᠡᠨᠳᠦ!

ᠤᠨᠠᠭᠰᠠᠨ ᠨᠤᠲᠤᠭ ᠤ᠋ᠨ ᠰᠢᠷᠣᠢ ᠪᠠᠨ
ᠠᠯᠲᠠ ᠡᠴᠡ ᠢᠯᠡᠭᠦᠦ ᠬᠠᠢᠷᠠᠯᠠᠵᠤ ᠶᠠᠪᠤ
ᠤᠮᠳᠠᠯᠠᠭᠰᠠᠨ ᠭᠣᠣᠯ ᠤ᠋ᠨ ᠤᠰᠤ ᠪᠠᠨ
ᠷᠠᠰᠢᠶᠠᠨ ᠮᠡᠲᠦ ᠬᠦᠨᠳᠦᠳᠬᠡᠵᠦ ᠶᠠᠪᠤ!

ᠠᠯᠲᠠᠨ ᠬᠢᠩᠭᠠᠨ ᠠᠭᠤᠯᠠ ᠪᠠᠨ
ᠠᠪᠤ ᠯᠤᠭ᠎ᠠ ᠪᠠᠨ ᠠᠳᠠᠯᠢ ᠪᠣᠳᠣ
ᠷᠠᠰᠢᠶᠠᠨ ᠭᠤᠷᠪᠠᠨ ᠭᠣᠣᠯ ᠢ᠋ᠶ᠋ᠠᠨ
ᠡᠵᠢ ᠯᠦ᠍ᠭᠡ ᠪᠡᠨ ᠠᠳᠠᠯᠢ ᠰᠠᠨᠠ!

ᠠᠯᠬᠤᠭᠰᠠᠨ ᠭᠠᠵᠠᠷ ᠡᠴᠡ ᠴᠢᠨᠢ ᠠᠯᠲᠠ ᠭᠠᠷᠴᠤ
ᠮᠥᠯᠬᠥᠭᠰᠡᠨ ᠣᠷᠣᠨ ᠡᠴᠡ ᠴᠢᠨᠢ ᠮᠥᠩᠭᠥ ᠭᠠᠷᠴᠤ
ᠥᠯᠵᠡᠢ ᠬᠤᠲᠤᠭ ᠣᠷᠣᠰᠢᠨ
ᠪᠤᠶᠠᠨ ᠬᠡᠰᠢᠭ ᠳᠠᠭᠠᠷᠢᠵᠤ
ᠬᠡᠢ ᠮᠣᠷᠢ ᠴᠢᠨᠢ ᠳᠡᠭᠳᠡᠨ
ᠬᠡᠰᠢᠭ ᠪᠤᠶᠠᠨ ᠲᠣᠭᠲᠠᠵᠤ
ᠦᠭᠡᠢᠷᠡᠰᠢ ᠦᠭᠡᠢ ᠪᠠᠶᠠᠨ
ᠥᠲᠡᠯᠦᠰᠢ ᠦᠭᠡᠢ ᠵᠠᠯᠠᠭᠤ
ᠡᠪᠳᠡᠷᠡᠰᠢ ᠦᠭᠡᠢ ᠪᠠᠲᠤ
ᠦᠬᠦᠰᠢ ᠦᠭᠡᠢ ᠮᠥᠩᠬᠡ
ᠨᠠᠷᠠᠨ ᠰᠠᠷᠠᠨ ᠰᠢᠭ᠋ ᠭᠡᠷᠡᠯᠲᠦᠨ
ᠨᠠᠪᠴᠢ ᠴᠡᠴᠡᠭ ᠮᠡᠲᠦ ᠳᠡᠯᠭᠡᠷᠡᠵᠦ
ᠤᠷᠲᠤ ᠨᠠᠰᠤᠯᠠᠨ ᠤᠳᠠᠭᠠᠨ ᠵᠢᠷᠭᠠᠲᠤᠭᠠᠢ!

ᠲᠤᠩ ᠰᠢᠭ᠋ ᠴᠠᠭᠠᠨ
ᠳᠤᠷᠳᠤᠩ ᠰᠢᠭ᠋ ᠠᠷᠲᠠᠢ
ᠶᠠᠰᠤᠨ ᠡᠴᠡ ᠬᠠᠲᠠᠭᠤ
ᠴᠠᠰᠤᠨ ᠡᠴᠡ ᠴᠠᠭᠠᠨ
ᠪᠤᠬ᠎ᠠ ᠶ᠋ᠢᠨ ᠮᠠᠩᠨᠠᠢ
ᠠᠵᠢᠷᠭᠠᠨ ᠤ᠋ ᠰᠠᠩᠮᠠᠢ ᠮᠡᠲᠦ ᠪᠣᠯᠲᠤᠭᠠᠢ!

ᠳᠡᠯᠡᠬᠡᠢ ᠶ᠋ᠢᠨ ᠴᠢᠨᠡᠭᠡ
ᠳᠡᠪᠵᠢᠶ᠎ᠡ ᠲᠡᠢ ᠪᠣᠯ
ᠠᠭᠤᠯᠠ ᠶ᠋ᠢᠨ ᠴᠢᠨᠡᠭᠡ
ᠤᠩᠭᠠᠰᠤ ᠲᠠᠢ ᠪᠣᠯ!

ᠤᠷᠲᠤ ᠨᠠᠰᠤᠯᠠᠲᠤᠭᠠᠢ
ᠤᠳᠠᠭᠠᠨ ᠵᠢᠷᠭᠠᠲᠤᠭᠠᠢ
ᠤᠷᠲᠤ ᠲᠠᠷᠢᠶ᠎ᠠ ᠤᠷᠭᠤᠭᠤᠯ
ᠤᠷᠠᠨ ᠪᠡᠷᠢ ᠠᠪ!

ᠲᠥᠷᠥ ᠳ᠋ᠦ᠍ ᠶᠡᠬᠡ ᠴᠣᠯᠠ ᠲᠠᠢ ᠶᠠᠪᠤ
ᠲᠦᠭᠡᠮᠡᠯ ᠶᠡᠬᠡ ᠪᠤᠶᠠᠨ ᠲᠠᠢ ᠶᠠᠪᠤ
ᠲᠥᠪ ᠰᠠᠢᠬᠠᠨ ᠵᠢᠷᠭᠠᠯᠠᠩ ᠲᠠᠢ ᠶᠠᠪᠤ!

ᠨᠠᠢ᠍ᠮᠠᠨ ᠨᠠᠮᠰᠠᠷᠠᠢ ᠮᠡᠲᠦ ᠪᠠᠶᠠᠨ ᠶᠠᠪᠤ
ᠠᠶᠤᠰᠢ ᠪᠤᠷᠬᠠᠨ ᠮᠡᠲᠦ ᠨᠠᠰᠤᠲᠠᠢ ᠶᠠᠪᠤ
ᠨᠠᠢ᠍ᠮᠠᠨ ᠲᠠᠬᠢᠯ ᠤ᠋ᠨ ᠳᠠᠯᠠᠢ ᠮᠡᠲᠦ
ᠨᠠᠢᠷ ᠪᠤᠶᠠᠨ ᠴᠢᠨᠢ ᠳᠡᠯᠭᠡᠷᠡᠲᠦᠭᠡᠢ!

ᠥᠨᠳᠥᠷ ᠶᠡᠬᠡ ᠴᠣᠯᠠ ᠲᠠᠢ ᠪᠣᠯ
ᠦᠵᠦᠭᠦᠷ ᠪᠠᠶᠠᠨ ᠳᠠᠩᠰᠠ ᠲᠠᠢ ᠪᠣᠯ
ᠦᠷᠭᠦᠯᠵᠢ ᠰᠠᠢᠬᠠᠨ ᠪᠤᠶᠠᠨ ᠲᠠᠢ ᠪᠣᠯ !

ᠮᠢᠩᠭᠠᠨ ᠴᠠᠭᠠᠨ ᠭᠡᠭᠦᠦ ᠲᠡᠢ
ᠤᠶᠠᠵᠤ ᠭᠦᠢᠴᠡᠬᠦ ᠦᠭᠡᠢ ᠵᠡᠯ᠎ᠡ ᠲᠡᠢ
ᠲᠠᠯᠪᠢᠵᠤ ᠭᠦᠢᠴᠡᠬᠦ ᠦᠭᠡᠢ ᠪᠠᠢᠷᠢ ᠲᠠᠢ
ᠪᠠᠶᠠᠨ ᠬᠠᠨ ᠨᠡᠷ᠎ᠡ ᠲᠡᠢ
ᠪᠠᠳᠠᠷᠠᠨ ᠵᠢᠷᠭᠠᠵᠤ ᠶᠠᠪᠤ!

ᠪᠤᠴᠠᠯᠲᠠ ᠦᠭᠡᠢ ᠬᠤᠷᠳᠤᠨ ᠵᠣᠷᠢᠭᠲᠤ
ᠬᠡᠢ ᠮᠣᠷᠢ ᠲᠠᠨᠢ ᠳᠡᠯᠭᠡᠷᠡᠬᠦ ᠪᠣᠯᠲᠤᠭᠠᠢ
ᠠᠯᠳᠠᠷ ᠨᠡᠷ᠎ᠡ ᠲᠠᠨᠢ ᠳᠡᠯᠭᠡᠷᠡᠬᠦ ᠪᠣᠯᠲᠤᠭᠠᠢ!

ᠬᠥᠨᠳᠡᠯᠡᠨ ᠦ᠌ ᠭᠣᠣᠯ ᠢ᠋ᠶ᠋ᠠᠷ ᠵᠡᠯ᠎ᠡ ᠪᠡᠨ ᠬᠢᠵᠦ ᠶᠠᠪᠤ
ᠬᠥᠰᠢᠶ᠎ᠡ ᠴᠢᠯᠠᠭᠤ ᠪᠠᠷ ᠭᠠᠳᠠᠰᠤ ᠪᠠᠨ ᠪᠣᠯᠭᠠᠵᠤ ᠶᠠᠪᠤ !

ᠬᠠᠳᠠᠨ ᠡᠴᠡ ᠪᠠᠲᠤ ᠭᠡᠷ ᠲᠡᠢ
ᠬᠠᠷᠭᠠᠨ᠎ᠠ ᠡᠴᠡ ᠣᠯᠠᠨ ᠮᠠᠯ ᠲᠠᠢ ᠶᠠᠪᠤ !
ᠠᠭᠤᠯᠠ ᠡᠴᠡ ᠪᠠᠲᠤ ᠭᠡᠷ ᠲᠡᠢ
ᠤᠷᠭᠤᠮᠠᠯ ᠡᠴᠡ ᠠᠷᠪᠢᠨ ᠮᠠᠯ ᠲᠠᠢ ᠶᠠᠪᠤ!

ᠬᠠᠯᠢᠮ ᠥᠭᠡᠬᠦ ᠪᠡᠷ ᠵᠣᠭᠣᠭ ᠢ᠋ᠶ᠋ᠠᠨ ᠰᠡᠷᠭᠦᠭᠡᠵᠦ
ᠬᠠᠷ᠎ᠠ ᠠᠷᠢᠬᠢ ᠪᠠᠷ ᠤᠮᠳᠠ ᠪᠠᠨ ᠳᠠᠷᠤᠵᠤ
ᠬᠠᠩᠪᠤ ᠲᠣᠷᠭ᠎ᠠ ᠪᠠᠷ ᠬᠥᠨᠵᠢᠯᠡ ᠪᠡᠨ ᠬᠢᠵᠦ
ᠬᠥᠰᠢᠶ᠎ᠡ ᠴᠢᠯᠠᠭᠤ ᠪᠠᠷ ᠭᠠᠳᠠᠰᠤ ᠪᠠᠨ ᠪᠣᠯᠭᠠᠵᠤ ᠶᠠᠪᠤ!

ᠪᠠᠶᠠᠨ ᠶᠠᠪᠤ
ᠪᠠᠳᠠᠷᠠᠵᠤ ᠶᠠᠪᠤ
ᠪᠠᠷᠴᠢᠳ ᠦᠭᠡᠢ ᠵᠢᠷᠭᠠᠵᠤ ᠶᠠᠪᠤ!

ᠠᠲᠠᠷ ᠭᠠᠵᠠᠷ ᠭᠡᠷ ᠢ᠋ᠶ᠋ᠡᠨ ᠪᠠᠷᠢᠵᠤ
ᠠᠨᠠᠪᠠᠳ ᠳᠠᠯᠠᠢ ᠳ᠋ᠤ᠌ ᠮᠠᠯ ᠢ᠋ᠶ᠋ᠠᠨ ᠤᠰᠤᠯᠠᠵᠤ
ᠠᠪᠤ ᠳᠡᠭᠡᠳᠦ ᠶ᠋ᠢᠨ ᠢ᠋ᠶ᠋ᠡᠨ
ᠠᠯᠳᠠᠷ ᠨᠡᠷ᠎ᠡ ᠶ᠋ᠢ ᠪᠠᠳᠠᠷᠠᠭᠤᠯᠵᠤ ᠶᠠᠪᠤ!

ᠪᠣᠯᠵᠣᠮ ᠭᠠᠵᠠᠷ ᠭᠡᠷ ᠢ᠋ᠶ᠋ᠡᠨ ᠪᠠᠷᠢᠵᠤ
ᠪᠤᠯᠠᠭ ᠤᠰᠤᠨ ᠳ᠋ᠤ᠌ ᠮᠠᠯ ᠢ᠋ᠶ᠋ᠠᠨ ᠤᠰᠤᠯᠠᠵᠤ
ᠪᠤᠮ ᠤ᠋ᠨ ᠳᠠᠯᠠᠯᠭ᠎ᠠ ᠬᠠᠳᠠᠭᠠᠯᠠᠵᠤ ᠶᠠᠪᠤ
ᠪᠤᠯᠠᠭ᠎ᠠ ᠲᠣᠷᠭ᠎ᠠ ᠬᠡᠢᠰᠬᠡᠵᠦ ᠶᠠᠪᠤ!

ᠬᠡᠰᠢᠭ ᠪᠤᠶᠠᠨ ᠳᠡᠯᠭᠡᠷᠡᠵᠦ ᠶᠠᠪᠤ
ᠬᠡᠷᠡᠮᠦ ᠶ᠋ᠢᠨ ᠲᠣᠷᠭ᠎ᠠ ᠬᠡᠢᠰᠬᠡᠵᠦ ᠶᠠᠪᠤ!

ᠰᠢᠯᠵᠢᠰᠢ ᠦᠭᠡᠢ ᠰᠢᠷᠡᠭᠡ ᠲᠡᠢ
ᠰᠢᠷᠭᠢᠰᠢ ᠦᠭᠡᠢ ᠪᠤᠶᠠᠨ ᠲᠠᠢ
ᠬᠠᠯᠢᠷᠠᠰᠢ ᠦᠭᠡᠢ ᠰᠢᠷᠡᠭᠡ ᠲᠡᠢ
ᠬᠠᠯᠲᠤᠷᠢᠰᠢ ᠦᠭᠡᠢ ᠪᠤᠶᠠᠨ ᠲᠠᠢ
ᠪᠠᠶᠠᠨ ᠬᠠᠨ ᠨᠡᠷ᠎ᠡ ᠲᠡᠢ
ᠪᠠᠳᠠᠷᠠᠨ ᠵᠢᠷᠭᠠᠵᠤ ᠶᠠᠪᠤ!

ᠬᠥᠬᠡ ᠠᠭᠤᠯᠠ ᠠᠳᠠᠯᠢ
ᠬᠥᠳᠡᠯᠦᠰᠢ ᠦᠭᠡᠢ ᠵᠢᠷᠭ᠎ᠠ
ᠬᠥᠬᠡ ᠮᠥᠷᠡᠨ ᠠᠳᠠᠯᠢ
ᠲᠠᠰᠤᠷᠠᠰᠢ ᠦᠭᠡᠢ ᠵᠢᠷᠭ᠎ᠠ!

ᠬᠥᠬᠡ ᠠᠭᠤᠯᠠ ᠠᠳᠠᠯᠢ
ᠰᠣᠳᠣᠨ ᠨᠢᠭᠡᠳᠦᠨ ᠵᠢᠷᠭ᠎ᠠ
ᠬᠥᠷᠥᠰᠥᠲᠦ ᠭᠠᠵᠠᠷ ᠠᠳᠠᠯᠢ
ᠰᠠᠭᠤᠷᠢ ᠨᠢᠭᠡᠳᠦᠨ ᠵᠢᠷᠭ᠎ᠠ
ᠬᠥᠬᠡ ᠨᠠᠷᠠᠰᠤ ᠠᠳᠠᠯᠢ
ᠦᠨᠳᠦᠰᠦ ᠨᠢᠭᠡᠳᠦᠨ ᠵᠢᠷᠭ᠎ᠠ!

ᠥᠨᠳᠥᠷ ᠭᠠᠵᠠᠷ ᠭᠡᠷ ᠢ᠋ᠶ᠋ᠡᠨ ᠪᠠᠷᠢᠵᠤ
ᠥᠷᠭᠡᠨ ᠭᠠᠵᠠᠷ ᠲᠤ᠌ ᠵᠡᠯ᠎ᠡ ᠪᠡᠨ ᠲᠠᠲᠠᠵᠤ
ᠵᠢᠷᠭᠤᠭᠠᠨ ᠠᠯᠲᠠᠨ ᠭᠠᠳᠠᠰᠤ ᠪᠠᠨ ᠰᠢᠭᠠᠵᠤ
ᠵᠢᠷᠠᠨ ᠠᠯᠲᠠ ᠵᠡᠯ᠎ᠡ ᠪᠡᠨ ᠵᠡᠯᠡᠯᠡᠵᠦ
ᠵᠢᠷᠮᠠᠢᠬᠠᠢ ᠪᠣᠯᠤᠭᠰᠠᠨ ᠤᠨᠠᠭ᠎ᠠ ᠪᠠᠨ ᠤᠶᠠᠵᠤ
ᠵᠢᠷᠭᠤᠭᠠᠨ ᠲᠠᠯᠠᠲᠤ ᠪᠠᠳᠮ᠎ᠠ ᠶ᠋ᠢᠨ
ᠭᠣᠯᠣᠮᠲᠠ ᠭᠠᠯ ᠢ᠋ᠶ᠋ᠠᠨ ᠪᠠᠳᠠᠷᠠᠭᠠᠨ ᠵᠢᠷᠭ᠎ᠠ!

ᠠᠯᠳᠠᠷ ᠴᠤᠤ ᠪᠠᠨ ᠮᠠᠨᠳᠤᠭᠤᠯᠵᠤ ᠶᠠᠪᠤ
ᠤᠩᠭᠠᠰᠤ ᠮᠢᠨᠳᠠᠰᠤ ᠪᠠᠨ ᠨᠠᠨᠳᠢᠩᠨᠠᠵᠤ ᠶᠠᠪᠤ
ᠤᠰᠤ ᠷᠠᠰᠢᠶᠠᠨ ᠢ᠋ᠶ᠋ᠠᠨ ᠬᠠᠢᠷᠠᠯᠠᠵᠤ ᠶᠠᠪᠤ
ᠮᠣᠳᠣ ᠽᠠᠨᠳᠠᠨ ᠢ᠋ᠶ᠋ᠠᠨ ᠬᠠᠮᠠᠭᠠᠯᠠᠵᠤ ᠶᠠᠪᠤ
ᠮᠣᠷᠢ ᠬᠦᠯᠦᠭ ᠢ᠋ᠶ᠋ᠡᠨ ᠥᠰᠬᠡᠵᠦ ᠶᠠᠪᠤ!

ᠭᠠᠷᠤᠳᠢ ᠶ᠋ᠢᠨ ᠵᠢᠪᠬᠤᠭ᠎ᠠ ᠲᠠᠢ ᠥᠰᠴᠦ
ᠭᠠᠯᠪᠢᠩᠭ᠎ᠠ ᠶ᠋ᠢᠨ ᠦᠵᠡᠰᠬᠦᠯᠡᠩ ᠲᠡᠢ ᠶᠠᠪᠤᠵᠤ
ᠭᠠᠩᠭ᠎ᠠ ᠮᠥᠷᠡᠨ ᠦ᠌ ᠤᠰᠤ ᠮᠡᠲᠦ ᠪᠤᠶᠠᠨ ᠲᠣᠭᠲᠠᠵᠤ
ᠭᠠᠯᠪᠠᠷᠠᠭᠴᠠ ᠽᠠᠨᠳᠠᠨ① ᠤ᠋ ᠰᠠᠯᠠᠭ᠎ᠠ ᠮᠡᠲᠦ ᠥᠯᠵᠡᠢ ᠣᠷᠣᠰᠢ
ᠭᠠᠪᠠᠯᠠ ᠶ᠋ᠢᠨ ᠦᠰᠦ ᠪᠡᠨ ᠴᠠᠢᠲᠠᠯ᠎ᠠ ᠪᠠᠨ
ᠭᠠᠩ ᠲᠡᠮᠦᠷ ᠮᠡᠲᠦ ᠪᠠᠲᠤ ᠪᠡᠬᠢ ᠪᠣᠯ!

ᠤᠤᠭᠤᠭᠰᠠᠨ ᠤᠰᠤ ᠷᠠᠰᠢᠶᠠᠨ ᠢ᠋ᠶ᠋ᠠᠨ
ᠤᠨᠠᠭᠰᠠᠨ ᠰᠢᠷᠣᠢ ᠠᠯᠲᠠ ᠪᠠᠨ
ᠲᠠᠪᠤᠨ ᠲᠢᠪ ᠢ᠋ ᠥᠲᠡᠯᠲᠡᠯ᠎ᠡ
————————
① ᠨᠢᠭᠡ ᠵᠦᠢᠯ ᠦ᠋ᠨ ᠬᠦᠰᠡᠯ ᠢ᠋ ᠬᠠᠩᠭᠠᠭᠴᠢ ᠮᠣᠳᠣ᠃

ᠳᠥᠷᠪᠡᠨ ᠳᠠᠯᠠᠢ ᠶ᠋ᠢ ᠰᠢᠷᠭᠢᠲᠡᠯ᠎ᠡ
ᠥᠨᠢ ᠮᠥᠩᠬᠡ ᠰᠠᠬᠢᠲᠤᠭᠠᠢ
ᠦᠶ᠎ᠡ ᠶ᠋ᠢᠨ ᠦᠶ᠎ᠡ ᠤᠯᠠᠮᠵᠢᠯᠠᠲᠤᠭᠠᠢ!

ᠲᠩᠷᠢ ᠦᠵᠡᠵᠦ ᠲᠡᠭᠰᠢ ᠵᠢᠷᠭ᠎ᠠ
ᠰᠠᠭᠠᠷᠠᠰᠢ ᠦᠭᠡᠢ ᠰᠠᠩ ᠲᠠᠢ
ᠪᠠᠭᠤᠷᠠᠰᠢ ᠦᠭᠡᠢ ᠪᠤᠶᠠᠨ ᠲᠠᠢ ᠪᠣᠯ!
ᠲᠥᠷᠥ ᠳ᠋ᠡᠭᠡᠨ ᠨᠡᠷ᠎ᠡ ᠲᠡᠢ
ᠲᠦᠮᠡᠨ ᠳ᠋ᠡᠭᠡᠨ ᠴᠤᠤᠲᠠᠢ ᠬᠥᠮᠦᠨ ᠪᠣᠯ!

ᠣᠨ ᠣᠨ ᠳ᠋ᠠᠭᠠᠨ
ᠣᠯᠵᠠ ᠳᠦᠭᠦᠷᠡᠩ
ᠵᠢᠯ ᠵᠢᠯ ᠳ᠋ᠡᠭᠡᠨ
ᠵᠢᠷᠭᠠᠯ ᠳᠦᠭᠦᠷᠡᠩ!

ᠦᠶ᠎ᠡ ᠶ᠋ᠢᠨ ᠦᠶ᠎ᠡ ᠳ᠋ᠡᠭᠡᠨ
ᠮᠣᠩᠭᠣᠯ ᠢ᠋ᠶ᠋ᠠᠷ ᠢ᠋ᠶ᠋ᠠᠨ ᠪᠠᠢᠲᠤᠭᠠᠢ
ᠦᠷ᠎ᠡ ᠤᠳᠤᠮ ᠢ᠋ᠶ᠋ᠠᠷ ᠢ᠋ᠶ᠋ᠠᠨ
ᠮᠣᠩᠭᠣᠯ ᠳ᠋ᠠᠭᠠᠨ ᠵᠢᠷᠭᠠᠲᠤᠭᠠᠢ!

ᠡᠵᠢ ᠠᠪᠤ ᠳ᠋ᠠᠭᠠᠨ ᠠᠴᠢᠯᠠᠯᠲᠠᠢ ᠶᠠᠪᠤ
ᠡᠵᠡᠨ ᠨᠣᠶᠠᠨ ᠳ᠋ᠠᠭᠠᠨ ᠵᠢᠳᠬᠦᠯᠲᠡᠢ ᠶᠠᠪᠤ
ᠤᠯᠤᠰ ᠭᠦᠷᠦᠨ ᠳ᠋ᠡᠭᠡᠨ ᠪᠠᠭᠠᠲᠤᠷ ᠴᠣᠯᠠ ᠲᠠᠢ ᠶᠠᠪᠤᠭᠠᠷᠠᠢ!

ᠡᠵᠢ ᠠᠪᠤ ᠳ᠋ᠠᠭᠠᠨ ᠬᠦᠴᠦᠨ ᠪᠠᠷᠢᠵᠤ ᠶᠠᠪᠤ
ᠡᠵᠡᠨ ᠨᠣᠶᠠᠨ ᠳ᠋ᠠᠭᠠᠨ ᠭᠠᠪᠢᠶ᠎ᠠ ᠪᠠᠢᠭᠤᠯᠵᠤ ᠶᠠᠪᠤ!

ᠤᠷᠲᠤ ᠨᠠᠰᠤᠯᠠᠭᠠᠷᠠᠢ
ᠤᠳᠠᠭᠠᠨ ᠵᠢᠷᠭᠠᠭᠠᠷᠠᠢ
ᠤᠷᠲᠤ ᠲᠠᠷᠢᠶ᠎ᠠ ᠳᠠᠷᠢ 
ᠤᠷᠠᠨ ᠪᠡᠷᠢ ᠠᠪ!

ᠤᠷᠲᠤ ᠨᠠᠰᠤᠯᠠᠵᠤ ᠤᠳᠠᠭᠠᠨ ᠵᠢᠷᠭ᠎ᠠ
ᠤᠷᠠᠨ ᠪᠥᠭᠡᠳ ᠤᠬᠠᠭᠠᠨ ᠲᠠᠢ ᠪᠡᠷᠢ ᠠᠪᠴᠤ
ᠤᠭᠠᠯᠵᠠ ᠲᠤᠭᠠᠯᠵᠠ  ᠲᠠᠢ ᠭᠤᠲᠤᠯ ᠡᠮᠦᠰᠴᠦ
ᠤᠯᠤᠰ ᠣᠯᠠᠨ ᠳ᠋ᠤ᠌ ᠭᠠᠢᠬᠠᠭᠤᠯᠵᠤ ᠶᠠᠪᠤ!

   ᠭᠤᠷᠪᠠᠳᠤᠭᠠᠷ ᠪᠦᠯᠦᠭ ᠬᠡᠦᠬᠡᠨ ᠨᠦ᠍ᠭᠦᠳ ᠢ᠋ ᠢᠷᠦᠭᠡᠬᠦ ᠨᠢ

ᠬᠠᠭᠠᠯᠬᠤ ᠴᠢᠨᠢ ᠰᠢᠷ᠎ᠠ ᠲᠣᠰᠣ
ᠬᠠᠢᠴᠢᠯᠠᠬᠤ ᠴᠢᠨᠢ ᠲᠣᠷᠭ᠎ᠠ ᠳᠤᠷᠳᠤᠩ
ᠡᠩᠲᠦ ᠲᠣᠷᠭ᠎ᠠ ᠶ᠋ᠢ ᠡᠰᠬᠡᠵᠦ ᠶᠠᠪᠤ
ᠬᠡᠪᠲᠦ ᠲᠣᠷᠭ᠎ᠠ ᠶ᠋ᠢ ᠡᠮᠦᠰᠴᠦ ᠶᠠᠪᠤ!

ᠱᠧᠩ ᠱᠧᠩ ᠢ᠋ᠶ᠋ᠡᠷ ᠱ᠌ᠢᠷᠦ ᠰᠤᠪᠤᠳ ᠵᠡᠭᠦᠵᠦ
ᠵᠢᠩ ᠵᠢᠩ ᠢ᠋ᠶ᠋ᠡᠷ ᠠᠯᠲᠠ ᠮᠥᠩᠭᠥ ᠴᠢᠮᠡᠵᠦ
ᠪᠠᠶᠠᠨ ᠠᠢᠯ ᠤ᠋ᠨ ᠪᠡᠷᠢ ᠪᠣᠯᠵᠤ ᠪᠠᠳᠠᠷᠠᠭᠤᠨ ᠰᠠᠢᠬᠠᠨ ᠵᠢᠷᠭ᠎ᠠ!

ᠨᠠᠷᠠᠨ ᠰᠠᠷᠠᠨ ᠰᠢᠭ᠋ ᠭᠡᠷᠡᠯᠲᠡᠢ
ᠨᠠᠪᠴᠢ ᠴᠡᠴᠡᠭ ᠮᠡᠲᠦ ᠥᠩᠭᠡ ᠲᠡᠢ ᠶᠠᠪᠤ!

ᠨᠠᠰᠤᠲᠠᠨ ᠠᠬᠠᠮᠠᠳ ᠢ᠋ᠶ᠋ᠠᠨ ᠬᠦᠨᠳᠦᠳᠬᠡᠵᠦ
ᠨᠠᠭᠠᠳᠴᠤ ᠲᠣᠭᠯᠠᠬᠤ ᠳ᠋ᠠᠭᠠᠨ ᠵᠢᠷᠤᠮ ᠲᠠᠢ ᠶᠠᠪᠤ!

ᠠᠪᠤ ᠡᠵᠢ ᠪᠡᠨ ᠬᠦᠨᠳᠦᠯᠡᠵᠦ
ᠠᠬ᠎ᠠ ᠳᠡᠭᠦᠦ ᠪᠡᠨ ᠬᠠᠢᠷᠠᠯᠠᠵᠤ
ᠠᠵᠢᠯ ᠶᠠᠪᠤᠳᠠᠯ ᠳ᠋ᠤ᠌ ᠭᠢᠯᠠᠷᠠᠵᠤ
ᠠᠰᠢᠳᠠ ᠶ᠋ᠢᠨ ᠵᠢᠷᠭᠠᠯ ᠢ᠋ ᠡᠳ᠋ᠯᠡ!

ᠨᠠᠷᠠᠨ ᠯᠤᠭ᠎ᠠ ᠪᠠᠷᠢᠯᠳᠤᠬᠤ
ᠰᠠᠷᠠᠨ ᠯᠤᠭ᠎ᠠ ᠠᠮᠠᠷᠠᠬᠤ
ᠰᠠᠢᠬᠠᠨ ᠵᠢᠷᠭᠠᠯ ᠢ᠋ ᠡᠳ᠋ᠯᠡ!

ᠰᠠᠢᠨ ᠬᠦᠷᠭᠡᠨ ᠳ᠋ᠦ᠍ ᠤᠴᠠᠷᠠᠵᠤ
ᠰᠠᠢᠬᠠᠨ ᠨᠡᠷᠡᠲᠡᠢ ᠪᠠᠶᠠᠨ ᠶᠠᠪᠤ!

ᠨᠠᠷᠠᠰᠤᠨ ᠮᠣᠳᠣᠨ ᠤ᠋
ᠨᠠᠪᠴᠢ ᠮᠡᠲᠦ ᠨᠠᠢᠭᠤᠵᠤ ᠶᠠᠪᠤ
ᠨᠠᠢ᠍ᠮᠠᠨ ᠰᠠᠷ᠎ᠠ ᠶ᠋ᠢᠨ ᠴᠡᠴᠡᠭ ᠮᠡᠲᠦ ᠳᠡᠯᠭᠡᠷᠡᠵᠦ ᠶᠠᠪᠤ!

ᠨᠠᠷᠠᠨ ᠰᠠᠷᠠᠨ ᠮᠡᠲᠦ ᠤᠬᠠᠭᠠᠨ ᠲᠤᠩᠭᠠᠯᠠᠭ ᠶᠠᠪᠤ
ᠨᠠᠭᠤᠷ ᠤ᠋ᠨ ᠯᠢᠩᠬᠤ᠎ᠠ ᠮᠡᠲᠦ ᠦᠵᠡᠰᠬᠦᠯᠡᠩ ᠬᠡᠭᠡᠨᠴᠢᠷ ᠶᠠᠪᠤ!

ᠠᠷᠤ ᠶ᠋ᠢᠨ ᠨᠣᠭᠣᠭ᠎ᠠ ᠮᠡᠲᠦ ᠨᠠᠢᠭᠤᠨ ᠵᠢᠷᠭᠠᠵᠤ
ᠠᠷᠪᠠᠨ ᠲᠠᠪᠤᠨ ᠤ᠋ ᠰᠠᠷᠠᠨ ᠮᠡᠲᠦ ᠳᠦᠭᠦᠷᠡᠩ ᠵᠢᠷᠭᠠᠬᠤ ᠪᠣᠯᠲᠤᠭᠠᠢ!

ᠪᠠᠶᠠᠨ ᠬᠥᠮᠦᠨ ᠦ᠌ ᠪᠡᠷᠢ ᠪᠣᠯ
ᠪᠠᠨᠳᠠᠨ ᠶᠡᠬᠡ ᠱ᠌ᠢᠷᠦ ᠵᠡᠭᠦ!

ᠣᠭᠲᠠᠷᠭᠤᠢ ᠶ᠋ᠢᠨ ᠣᠳᠣᠨ ᠮᠡᠲᠦ ᠭᠢᠯᠠᠯᠵᠠᠵᠤ
ᠠᠭᠤᠯᠠ ᠶ᠋ᠢᠨ ᠴᠡᠴᠡᠭ ᠮᠡᠲᠦ ᠳᠡᠯᠭᠡᠷᠡᠵᠦ
ᠠᠷᠪᠠᠨ ᠲᠠᠪᠤᠨ ᠤ᠋ ᠰᠠᠷᠠ ᠮᠡᠲᠦ ᠬᠡᠷᠡᠯᠳᠦᠵᠦ
ᠠᠷᠤ ᠭᠠᠵᠠᠷ ᠤ᠋ᠨ ᠨᠣᠭᠣᠭ᠎ᠠ ᠮᠡᠲᠦ ᠨᠠᠢᠭᠤᠵᠤ
ᠠᠪᠤ ᠡᠵᠢ ᠶ᠋ᠢᠨ ᠢ᠋ᠶ᠋ᠡᠨ ᠬᠡᠰᠢᠭ ᠲᠦ᠍ ᠲᠣᠭᠲᠠᠨ ᠵᠢᠷᠭ᠎ᠠ!

ᠨᠠᠷᠠᠰᠤᠨ ᠮᠣᠳᠣ ᠮᠡᠲᠦ ᠨᠠᠢᠭᠤᠨ ᠵᠢᠷᠭᠠᠭᠠᠳ
ᠨᠠᠨᠳᠢᠨ ᠶᠡᠬᠡ ᠰᠠᠩ ᠮᠡᠲᠦ ᠪᠠᠷᠠᠭ᠎ᠠ ᠲᠠᠢ ᠪᠣᠯᠤᠭᠠᠳ
ᠨᠠᠮᠤᠷ ᠵᠤᠨ ᠦᠭᠡᠢ ᠵᠢᠷᠭᠠᠬᠤ ᠪᠣᠯᠲᠤᠭᠠᠢ!

ᠬᠣᠲᠠᠯᠠ ᠣᠯᠠᠨ ᠤ᠋ ᠳᠤᠮᠳᠠ ᠪᠠᠨ
ᠬᠤᠪᠢ ᠲᠡᠭᠦᠰ ᠵᠢᠷᠭᠠᠨ ᠵᠢᠷᠭᠠᠲᠤᠭᠠᠢ!

ᠰᠣᠯᠣᠩᠭ᠎ᠠ ᠮᠡᠲᠦ ᠦᠵᠡᠰᠬᠦᠯᠡᠩ ᠴᠢᠮᠡᠭ
ᠵᠤᠯᠠ ᠴᠢᠨᠢ ᠮᠠᠨᠳᠤᠬᠤ ᠪᠣᠯᠲᠤᠭᠠᠢ!

  ᠦᠰᠦᠭ ᠠᠮᠢᠯᠠᠭᠤᠯᠤᠭᠴᠢ᠄ ᠳ ᠣᠶᠤᠨᠪᠢᠯᠢᠭ᠌᠂ ᠪᠠᠶᠠᠨᠴᠡᠴᠡᠭ᠂ᠬᠡᠷᠡᠢᠳ ᠮᠦᠩᠬᠡᠨᠠᠰᠤᠨ
  ᠬᠢᠨᠠᠭᠴᠢ᠄ ᠣᠳᠬᠠᠨᠰᠣ᠎ᠠ᠂ᠲ· ᠬᠦᠮᠦᠵᠢᠯᠲᠦ