ᠤᠷᠠᠨᠳᠦ᠋ᠰᠢ ᠶᠢᠨ ᠳᠣᠮᠣᠭ (ᠨᠢᠭᠡ –1)– ᠭᠠᠰᠢᠸ᠎ᠠ Урандүшийн домог(1–1) – Гашваа ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠠᠨᠳᠦ᠋ᠰᠢ ᠶᠢᠨ ᠳᠣᠮᠣᠭ (ᠨᠢᠭᠡ –1)– ᠭᠠᠰᠢᠸ᠎ᠠ Урандүшийн домог(1–1) – Гашваа

ᠤᠷᠠᠨᠳᠦ᠋ᠰᠢ ᠶᠢᠨ ᠳᠣᠮᠣᠭ (ᠨᠢᠭᠡ –1)– ᠭᠠᠰᠢᠸ᠎ᠠ Урандүшийн домог(1–1) – Гашваа

2025-02-13

875

ᠤᠷᠠᠨᠳᠦ᠋ᠰᠢ ᠶᠢᠨ ᠳᠣᠮᠣᠭ (ᠨᠢᠭᠡ)


                                   ᠵᠣᠬᠢᠶᠠᠭᠴᠢ ᠄  ᠭᠠᠰᠢᠸ᠎ᠠ   
                                     ᠤᠶᠠᠩᠭᠠᠯᠠᠭᠰᠠᠨ ᠨᠢ᠄  ᠰᠦᠯᠳᠡᠬᠦᠦ   

              ᠨᠢᠭᠡ  – 1 

       ᠬᠣᠶᠠᠷ ᠮᠢᠩᠭ᠎ᠠ ᠪᠥᠭᠡᠳ ᠬᠣᠷᠢᠨ ᠭᠤᠷᠪᠠᠨ ᠣᠨ ᠤ᠋ ᠨᠠᠢ᠍ᠮᠠᠳᠤᠭᠠᠷ ᠰᠠᠷ᠎ᠠ ᠶ᠋ᠢᠨ ᠲᠠᠷᠭᠤᠨ ᠲᠠᠪᠠᠲᠠᠢ ᠲᠠᠩᠰᠤᠭ ᠰᠠᠢᠬᠠᠨ ᠨᠠᠮᠤᠷ ᠤ᠋ᠨ ᠡᠳᠦᠷ ᠣᠲᠣᠭ ᠬᠤᠰᠢᠭᠤᠨ ᠤ᠋ ᠡᠷᠳᠡᠨᠢ ᠶ᠋ᠢᠨ ᠴᠢᠯᠠᠭᠤ᠂ ᠬᠠᠷ᠎ᠠ ᠠᠯᠲᠠ ᠪᠠᠷ ᠢ᠋ᠶ᠋ᠠᠨ ᠠᠯᠳᠠᠷᠰᠢᠵᠤ ᠳᠠᠭᠤᠷᠢᠰᠤᠭᠰᠠᠨ ᠠᠷᠪᠠᠰ ᠤ᠋ᠨ ᠠᠭᠤᠯᠠᠨ ᠳ᠋ᠤ᠌ ᠠᠶᠠᠯᠠᠨ ᠵᠤᠭᠠᠴᠠᠪᠠ᠃ ᠪᠢᠳᠡ ᠳᠥᠷᠪᠡᠨ ᠥᠨᠳᠥᠷ ᠦ᠋ᠨ ᠰᠢᠯᠢ ᠶ᠋ᠢ ᠳᠠᠪᠠᠵᠤ ᠭᠠᠷᠪᠠᠯ ᠬᠢᠵᠠᠭᠠᠷ ᠦᠭᠡᠢ ᠨᠢᠳᠦ ᠠᠯᠳᠠᠮ᠎ᠠ ᠨᠣᠮᠢᠨ ᠨᠣᠭᠣᠭᠠᠨ ᠲᠠᠯ᠎ᠠ᠂ ᠴᠡᠩᠬᠡᠷ ᠲᠡᠭᠷᠢ ᠶ᠋ᠢᠨ ᠬᠠᠶᠠᠭ᠎ᠠ ᠲᠠᠢ ᠵᠠᠬ᠎ᠠ ᠵᠠᠯᠭᠠᠵᠤ  ᠬᠤᠷ᠎ᠠ ᠶ᠋ᠢᠨ ᠰᠢᠮ᠎ᠡ ᠪᠡᠷ ᠰᠣᠷᠭᠣᠭ ᠰᠠᠬᠤᠯᠠᠭ ᠤᠷᠭᠤᠭᠰᠠᠨ ᠠᠭᠢ ᠬᠢᠯᠭᠠᠨ᠎ᠠ ᠬᠣᠢᠲᠤ ᠵᠦᠭ ᠦ᠋ᠨ ᠵᠥᠭᠡᠯᠡᠨ ᠰᠠᠯᠬᠢᠨ ᠤ᠋ ᠠᠶᠠᠰ ᠢ᠋ᠶ᠋ᠠᠷ ᠨᠠᠷᠮᠢᠯᠵᠠᠭᠤᠯᠤᠭᠰᠠ ᠠᠵᠢᠯᠴᠢ ᠪᠦᠰᠡᠭᠦᠢ ᠶ᠋ᠢᠨ ᠲᠣᠷᠭᠠᠨ ᠳᠡᠪᠡᠯ ᠦ᠋ᠨ ᠬᠣᠷᠮᠣᠢ ᠰᠢᠭ᠋ ᠨᠠᠢᠭᠤᠰ ᠨᠠᠢᠭᠤᠰ ᠨᠠᠬᠢᠯᠵᠠᠨ᠎ᠠ᠃ ᠵᠠᠮ ᠢ᠋ᠶ᠋ᠠᠷ ᠶᠠᠪᠤᠬᠤ ᠳ᠋ᠤ᠌ ᠥᠷᠯᠥᠭᠡ ᠶ᠋ᠢᠨ ᠴᠢᠭᠢᠭ ᠦ᠋ᠨ ᠦᠨᠦᠷ ᠬᠠᠮᠠᠷ ᠬᠠᠩᠬᠤᠯᠤᠭᠤᠯᠵᠤ᠂ ᠨᠠᠮᠤᠷ ᠤ᠋ᠨ ᠲᠣᠰᠣᠨ ᠲᠠᠷᠭᠤ ᠲᠠᠢ ᠰᠦᠷᠦᠭ ᠰᠦᠷᠦᠭ ᠰᠢᠯᠢ ᠶ᠋ᠢᠨ ᠴᠠᠭᠠᠨ ᠢᠮᠠᠭ᠎ᠠ ᠪᠡᠯᠴᠢᠭᠡᠷ ᠪᠦᠷᠬᠦᠨ ᠢᠳᠡᠰᠢᠯᠡᠵᠦ᠂ ᠨᠣᠭᠣᠭᠠᠨ ᠬᠣᠷᠭᠣᠢ ᠮᠠᠡᠭᠨᠤᠭ ᠳᠡᠭᠡᠷ᠎ᠡ ᠲᠠᠨ᠎ᠠ ᠰᠤᠪᠤᠳ ᠰᠢᠭᠢᠳᠬᠡᠭᠰᠡᠨ ᠮᠡᠲᠦ ᠮᠣᠩᠭᠣᠯ ᠨᠤᠲᠤᠭ ᠤ᠋ᠨ ᠰᠢᠨᠵᠢ ᠪᠡᠯᠭᠡ ᠶ᠋ᠢ ᠭᠠᠢᠬᠠᠭᠤᠯᠤᠨ᠎ᠠ᠃  ᠲᠡᠷᠭᠡᠨ ᠬᠦᠷᠳᠦ ᠶ᠋ᠢᠨ ᠲᠦᠷᠭᠡᠨ ᠳᠠᠪᠬᠢᠭ᠎ᠠ ᠪᠠᠷ ᠴᠠᠭ ᠢᠯᠡᠭᠦᠦ ᠰᠢᠯᠢ ᠲᠠᠰᠢᠶᠠᠯᠠᠭᠰᠠᠨ ᠲᠣᠰᠣᠨ ᠵᠠᠮ ᠢ᠋ᠶ᠋ᠠᠷ ᠮᠣᠭᠠᠢ ᠮᠡᠲᠦ ᠣᠷᠢᠶᠠᠵᠤ᠂ ᠯᠤᠤ ᠮᠡᠲᠦ ᠴᠠᠭᠠᠷᠢᠭᠯᠠᠰᠠᠭᠠᠷ ᠠᠷᠪᠠᠰ ᠤ᠋ᠨ ᠠᠭᠤᠯᠠᠨ ᠤ᠋ ᠬᠢᠵᠠᠭᠠᠷ ᠲᠤ᠌ ᠬᠦᠷᠦᠯ᠎ᠡ᠃ 
       ᠮᠢᠨᠦ ᠬᠤᠪᠢ ᠳ᠋ᠤ᠌ ᠠᠪᠴᠤ ᠬᠡᠯᠡᠪᠡᠯ᠂ ᠠᠷᠪᠠᠰ ᠤ᠋ᠨ ᠠᠭᠤᠯᠠᠨ ᠳ᠋ᠤ᠌ ᠪᠡᠶ᠎ᠡ ᠪᠡᠷ ᠢ᠋ᠶ᠋ᠡᠨ ᠣᠴᠢᠭᠰᠠᠨ ᠦᠭᠡᠢ ᠴᠢᠬᠢ ᠪᠡᠷ ᠢ᠋ᠶ᠋ᠡᠨ ᠰᠣᠨᠣᠰᠤᠭᠠᠳ ᠶᠡᠬᠡ ᠬᠠᠭᠠᠰ ᠨᠠᠰᠤ ᠪᠣᠯᠤᠭᠰᠠᠨ ᠶᠤᠮ᠃ ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠣᠯᠵᠤ ᠤᠤᠭᠤᠨ᠎ᠠ ᠭᠡᠳᠡᠭ ᠢ᠋ᠶ᠋ᠡᠷ ᠥᠨᠥᠳᠥᠷ ᠪᠢ ᠠᠮᠢᠳᠤ ᠶ᠋ᠢᠨ ᠪᠤᠶᠠᠨ ᠢ᠋ᠶ᠋ᠠᠨ ᠲᠡᠭᠡᠭᠡᠵᠦ ᠡᠨᠡ ᠬᠦ᠌ ᠣᠷᠳᠣᠰ ᠨᠤᠲᠤᠭ ᠤ᠋ᠨ ᠪᠠᠷᠠᠭᠤᠨ ᠢᠷᠮᠡᠭ ᠢ᠋ ᠳᠠᠷᠤᠵᠤ ᠦᠬᠠᠢ ᠬᠣᠲᠠ ᠲᠠᠢ ᠭᠦᠷᠰᠢᠭᠰᠡᠨ ᠠᠷᠪᠠᠰ ᠤ᠋ᠨ ᠠᠭᠤᠯᠠ ᠤᠷᠠᠨᠳᠥ᠋ᠰᠢ ᠳ᠋ᠦ᠍ ᠪᠣᠯᠤᠭᠰᠠᠨ ᠵᠤᠭᠠᠴᠠᠯ ᠮᠢᠨᠢ ᠨᠢᠭᠡ ᠴᠠᠭ ᠤ᠋ᠨ ᠪᠠᠶᠠᠰᠤᠯ ᠪᠣᠯᠵᠤ᠂ ᠨᠢᠭᠡ ᠨᠠᠰᠤᠨ ᠤ᠋ ᠬᠦᠰᠡᠯ ᠢ᠋ᠶ᠋ᠡᠨ ᠪᠡᠶᠡᠯᠡᠭᠦᠯᠦᠭᠰᠡᠨ ᠣᠯᠳᠠᠰᠢ ᠦᠭᠡᠢ ᠲᠣᠬᠢᠶᠠᠯ ᠶᠤᠮ᠃  ᠪᠢᠳᠡᠨᠦᠰ ᠠᠭᠤᠯᠠᠨ ᠡᠩᠭᠡᠷ᠂ ᠦᠶᠡᠷ ᠦ᠋ᠨ ᠭᠣᠣᠯ ᠤ᠋ᠨ ᠳᠡᠨᠵᠢᠨ ᠳᠡᠭᠡᠷ᠎ᠡ ᠲᠡᠷᠭᠡ ᠪᠡᠨ ᠣᠷᠬᠢᠭᠠᠳ ᠪᠣᠯᠵᠣᠭ᠎ᠠ ᠶᠣᠰᠣᠭᠠᠷ ᠤᠷᠢᠳ ᠢ᠋ᠶ᠋ᠠᠷ 《ᠰᠢᠷᠬ᠎ᠠ ᠶ᠋ᠢᠨ ᠪᠤᠯᠠᠭ》 ᠲᠤ᠌ ᠣᠴᠢᠬᠤ ᠪᠠᠷ ᠵᠠᠮ ᠢ᠋ᠶ᠋ᠠᠨ ᠡᠯᠭᠦᠯ᠎ᠡ᠃ ᠨᠤᠲᠤᠭ ᠤ᠋ᠨ ᠲᠣᠮᠣᠭᠠᠲᠠᠨ ᠵ ᠠᠪᠤᠭᠠᠢ᠂ ᠪᠤ ᠠᠪᠤᠭᠠᠢ ᠶ᠋ᠢᠨ ᠶᠠᠷᠢᠬᠤ ᠪᠠᠷ᠂ ᠰᠢᠷᠬ᠎ᠠ ᠶ᠋ᠢᠨ ᠪᠤᠯᠠᠭ ᠡᠨᠳᠡ ᠡᠴᠡ ᠠᠷᠪᠠᠭᠠᠳ ᠭᠠᠵᠠᠷ ᠤ᠋ᠨ ᠵᠠᠢ ᠲᠠᠢ ᠦᠶᠡᠷ ᠦ᠋ᠨ ᠵᠠᠮ ᠤ᠋ᠨ ᠦᠵᠦᠭᠦᠷ ᠠᠭᠤᠯᠠᠨ ᠬᠥᠨᠳᠡᠢ ᠶ᠋ᠢᠨ ᠮᠤᠬᠤᠷ ᠲᠤ᠌ ᠪᠠᠢᠳᠠᠭ ᠭᠡᠨ᠎ᠡ᠃ ᠡᠨᠡ ᠬᠡᠰᠡᠭ ᠵᠠᠮ ᠢ᠋ ᠶᠠᠪᠤᠬᠤ ᠳ᠋ᠤ᠌ ᠲᠠᠨ ᠤ᠋ ᠨᠤᠲᠤᠭ ᠤ᠋ᠨ ᠮᠠᠩᠬ᠎ᠠ ᠪᠠᠯᠠᠷ ᠲᠠᠢ ᠠᠳᠠᠯᠢ ᠪᠠᠢᠬᠤ ᠦᠭᠡᠢ᠃ ᠠᠭᠤᠯᠠ ᠳᠠᠪᠠᠨ᠎ᠠ᠂ ᠠᠭᠤᠯᠠᠨ ᠠ᠋ᠴᠠ ᠪᠠᠭᠤᠨ᠎ᠠ᠂ ᠬᠠᠳᠠ ᠴᠢᠯᠠᠭᠤ ᠶ᠋ᠢᠨ ᠳᠤᠮᠳᠠᠭᠤᠷ ᠬᠢᠴᠢᠶᠡᠮᠵᠢ ᠲᠡᠢ ᠶᠠᠪᠤᠬᠤ ᠮᠥᠷᠲᠡᠭᠡᠨ ᠨᠢᠭᠡ ᠨᠢᠳᠦ ᠪᠡᠨ ᠲᠡᠭᠰᠢ ᠬᠠᠷᠠᠵᠤ᠂ ᠨᠥᠭᠦᠭᠡ ᠨᠢᠳᠦ ᠪᠡᠨ ᠭᠠᠵᠠᠷ ᠣᠨᠢᠯᠠᠵᠤ᠂ ᠥᠭᠡᠬᠦᠨᠳᠡᠢ ᠬᠠᠳᠠᠨ ᠳ᠋ᠤ᠌ ᠬᠥᠯ ᠬᠠᠯᠲᠤᠷᠢᠵᠤ ᠡᠪᠦᠳᠦᠭ ᠢᠡᠨ ᠰᠢᠯᠪᠤᠯᠬᠤ ᠶ᠋ᠢ ᠬᠢᠴᠢᠶᠡᠨ᠎ᠡ᠂ ᠥᠷᠥᠭᠡᠰᠦᠨ ᠨᠢᠳᠦ ᠪᠡᠷ ᠢ᠋ᠶ᠋ᠡᠨ ᠳᠠᠮ ᠲᠣᠮ ᠭᠡᠵᠦ ᠥᠡᠭᠭᠦᠷᠢᠳᠤᠵᠤ ᠤᠨᠠᠬᠤ ᠶ᠋ᠢ ᠬᠢᠴᠢᠶᠡᠨ᠎ᠡ᠂ ᠪᠦᠭᠡᠷᠡᠭᠭᠡᠢ ᠴᠢᠯᠠᠭᠤ ᠪᠦᠲᠦᠨ ᠲᠠᠯ᠎ᠠ ᠪᠣᠢ᠂ ᠪᠥᠮᠪᠥᠷᠢᠵᠦ ᠤᠨᠠᠪᠠᠯ  ᠪᠥᠭᠰᠡ ᠳᠤᠬᠤᠨ ᠳ᠋ᠤ᠌ ᠪᠠᠨ ᠭᠠᠢ ᠲᠠᠷᠢᠨ᠎ᠠ ᠰᠢᠦ᠃ ᠮᠠᠨ ᠤ᠋ ᠠᠭᠤᠯᠠᠨ ᠳ᠋ᠤ᠌ ᠡᠨᠡ ᠬᠡᠳᠦᠨ ᠵᠢᠯ ᠭᠠᠩ ᠴᠠᠩ ᠶᠡᠬᠡ᠂ ᠦᠶᠡᠷ ᠦ᠋ᠨ ᠵᠠᠮ ᠪᠠᠢᠪᠠᠴᠤ ᠭᠣᠣᠯ ᠭᠣᠷᠣᠬ᠎ᠠ  ᠪᠠᠢᠬᠤ ᠦᠭᠡᠢ᠂ ᠴᠠᠩᠭᠠᠬᠤ ᠪᠠᠨ ᠪᠣᠳᠣᠪᠠᠯ ᠤᠰᠤ ᠪᠠᠨ ᠠᠪ᠂ ᠥᠯᠥᠰᠬᠦ ᠪᠡᠨ ᠮᠡᠳᠡᠪᠡᠯ ᠬᠦᠨᠡᠰᠦ ᠪᠡᠨ ᠠᠪ ᠭᠡᠵᠦ ᠱᠣᠭᠲᠠᠢᠬᠠᠨ ᠶᠠᠷᠢᠭᠠᠳ ᠡᠮᠦᠨ᠎ᠡ ᠨᠢ ᠰᠢᠭᠤᠳ ᠶᠠᠪᠤᠯ᠎ᠠ᠃ ᠪᠢᠳᠡᠨᠦᠰ ᠴᠦ᠍ ᠬᠣᠶᠠᠷ ᠨᠥᠬᠥᠷ ᠦ᠋ᠨ ᠰᠦ ᠰᠢᠭ ᠴᠠᠭᠠᠨ ᠰᠠᠨᠠᠭ᠎ᠠ ᠶ᠋ᠢ ᠣᠢᠯᠠᠭᠠᠵᠤ ᠮᠥᠷ ᠮᠥᠷ ᠳᠡᠭᠡᠷ᠎ᠡ ᠪᠡᠨ ᠭᠢᠰᠬᠢᠵᠦ ᠠᠷᠤ ᠠᠷᠤ ᠠ᠋ᠴᠠ ᠪᠠᠨ ᠠᠭᠤᠯᠠᠨ ᠬᠢᠷ᠎ᠠ ᠪᠠᠷ ᠲᠠᠭᠠᠯᠴᠠᠨ ᠶᠠᠪᠤᠬᠤ ᠳ᠋ᠤ᠌ ᠨᠥᠭᠦᠭᠡ ᠬᠥᠯ ᠬᠤᠷᠳᠤᠨ ᠪᠤ ᠠᠪᠤᠭᠠᠢ ᠠᠯᠢ ᠬᠡᠵᠢᠶᠡᠨ ᠦ᠌ ᠡᠮᠦᠨ᠎ᠡ ᠨᠢ ᠶᠠᠪᠤᠭᠠᠳ ᠪᠤᠯᠤᠡᠭᠭᠤᠢᠷᠠᠭᠰᠠᠨ ᠬᠥᠨᠳᠡᠢ ᠶ᠋ᠢᠨ ᠴᠠᠭᠠᠳᠤ ᠲᠠᠯ᠎ᠠ ᠶ᠋ᠢᠨ ᠬᠥᠭᠰᠢᠨ ᠬᠠᠢᠯᠠᠰᠤᠨ ᠮᠣᠳᠣᠨ ᠰᠡᠭᠦᠳᠡᠷ ᠲᠦ᠍ ᠬᠦᠷᠦᠭᠡᠳ ᠲᠠᠮᠠᠬᠢᠯᠠᠵᠤ ᠬᠦᠯᠢᠶᠡᠵᠦ ᠰᠠᠭᠤᠨ᠎ᠠ᠃ ᠪᠢᠳᠡᠨᠦᠰ ᠠᠷᠠᠢ ᠭᠡᠵᠦ ᠬᠣᠢᠨ᠎ᠠ ᠠ᠋ᠴᠠ ᠪᠠᠨ ᠢᠷᠡᠭᠡᠳ ᠰᠡᠭᠦᠳᠡᠷ ᠬᠤᠪᠢᠶᠠᠯᠴᠠᠨ ᠦᠭᠡ ᠠᠮᠠ ᠨᠡᠢᠯᠡᠬᠦ ᠪᠡᠷ ᠪᠣᠯᠬᠤ ᠳ᠋ᠤ᠌ ᠵᠠ ᠪᠢ ᠲᠠᠨᠤᠰ ᠲᠤ᠌ ᠡᠨᠡ ᠬᠥᠨᠳᠡᠢ ᠳ᠋ᠦ᠍ ᠪᠣᠯᠤᠭᠰᠠᠨ ᠨᠢᠭᠡ ᠰᠠᠢᠬᠠᠨ ᠦᠯᠢᠭᠡᠷ ᠶᠠᠷᠢᠵᠤ ᠥᠭᠭᠦᠶ᠎ᠡ ᠭᠡᠳ ᠲᠠᠮᠠᠬᠢ ᠪᠠᠨ ᠭᠠᠵᠠᠷ ᠨᠢᠰᠤᠯᠤᠭᠠᠳ᠂ ᠣᠵᠣᠭᠣᠷ ᠲᠤ᠌ ᠡᠨᠡ ᠬᠥᠨᠳᠡᠢ ᠳ᠋ᠦ᠍ ᠵᠥᠪᠬᠡᠨ ᠨᠢᠭᠡ ᠠᠵᠢᠷᠭ᠎ᠠ ᠨᠢᠭᠡ ᠭᠡᠭᠦᠦ ᠬᠣᠶᠠᠷᠬᠠᠨ ᠮᠣᠷᠢ ᠪᠡᠯᠴᠢᠭᠡᠷᠯᠡᠵᠦ ᠪᠠᠢᠭᠰᠠᠨ ᠭᠡᠨ᠎ᠡ᠃ ᠵᠤᠨ ᠤ᠋ ᠨᠢᠭᠡᠨ ᠬᠠᠯᠠᠭᠤᠨ ᠡᠳᠦᠷ ᠢᠮᠠᠭ᠎ᠠ ᠠᠳᠤᠭᠤᠯᠠᠭᠰᠠᠨ ᠡᠪᠦᠭᠡᠨ ᠡᠮᠡᠭᠡᠨ ᠬᠣᠶᠠᠭᠤᠯᠠ ᠭᠣᠣᠯ ᠳ᠋ᠤ᠌ ᠢᠮᠠᠭ᠎ᠠ ᠪᠠᠨ ᠤᠰᠤᠯᠠᠵᠤ ᠡᠪᠡᠰᠦᠯᠡᠭᠦᠯᠦᠭᠡᠳ ᠬᠠᠢᠯᠠᠰᠤᠨ ᠮᠣᠳᠣᠨ  ᠰᠡᠭᠦᠳᠡᠷ ᠲᠦ᠍ ᠠᠮᠠᠷᠠᠵᠠᠢ᠃  ᠭᠣᠣᠯ ᠤ᠋ᠨ ᠡᠰᠡᠷᠭᠦ ᠲᠠᠯ᠎ᠠ ᠶ᠋ᠢᠨ ᠵᠦᠯᠭᠡᠨ ᠳᠡᠭᠡᠷ᠎ᠡ ᠢᠳᠡᠰᠢᠯᠡᠵᠦ ᠪᠠᠢᠭᠰᠠᠨ ᠬᠡᠭᠡᠷ ᠠᠵᠢᠷᠭ᠎ᠠ ᠭᠡᠭᠦᠦ ᠮᠣᠷᠢᠨ ᠤ᠋ ᠰᠢᠭᠡᠰᠦ ᠶ᠋ᠢ ᠦᠨᠦᠷᠯᠡᠵᠦ ᠠᠪᠤᠭᠠᠳ ᠤᠷᠤᠭᠤᠯ ᠢ᠋ᠶ᠋ᠠᠨ ᠲᠡᠭᠷᠢ ᠥᠭᠡᠳᠡ ᠴᠣᠷᠪᠣᠢᠵᠤ ᠰᠢᠨᠤᠯᠲᠠᠢ ᠨᠢᠳᠦ ᠪᠡᠷ ᠭᠡᠭᠦᠦ ᠶ᠋ᠢ ᠬᠠᠷᠠᠵᠤ᠂ ᠬᠣᠣ ᠬᠣᠣ ᠭᠡᠵᠦ ᠬᠠᠮᠠᠷ ᠢ᠋ᠶ᠋ᠠᠷ ᠢ᠋ᠶ᠋ᠠᠨ ᠪᠦᠳᠦᠭᠦᠨ ᠳᠤᠤᠭᠠᠷᠴᠤ ᠬᠠᠪᠢᠡᠭᠳᠠᠬᠤ ᠪᠠᠷ᠂ ᠭᠡᠭᠦᠦ ᠮᠣᠷᠢ ᠴᠦ᠍ ᠰᠡᠭᠦᠯ ᠢ᠋ᠶ᠋ᠡᠨ ᠰᠢᠷᠪᠠᠵᠤ ᠬᠢ ᠬᠢ ᠭᠡᠵᠦ ᠠᠵᠢᠷᠭ᠎ᠠ ᠪᠠᠨ ᠠᠨᠢᠷᠲᠤᠵᠤ ᠭᠡᠨ᠎ᠡ᠃ ᠡᠨᠡ ᠦᠶ᠎ᠡ ᠳ᠋ᠦ᠍ ᠲᠠᠮᠠᠬᠢᠯᠠᠵᠤ ᠪᠠᠢᠭᠰᠠᠨ ᠡᠪᠦᠭᠡᠨ ᠶᠠᠮᠠᠷ ᠨᠢᠭᠡᠨ ᠰᠣᠨᠢᠨ ᠭᠠᠢᠬᠠᠯᠲᠠᠢ ᠶᠠᠭᠤᠮ᠎ᠠ ᠦᠵᠡᠭᠰᠡᠨ ᠰᠢᠭ ᠨᠢᠳᠦ ᠨᠢ ᠲᠣᠭᠲᠠᠵᠤ ᠲᠠᠮᠠᠬᠢ ᠪᠠᠨ ᠰᠣᠷᠣᠬᠤ ᠪᠠᠨ ᠮᠠᠷᠲᠠᠭᠠᠳ ᠵᠠ ᠪᠠᠢᠵᠠ ᠣᠳᠣ ᠴᠦ᠍ ᠨᠢᠭᠡ ᠠᠶ᠎ᠠ ᠪᠠᠢᠨ᠎ᠠ᠂ ᠤᠤᠬᠠᠢ ᠭᠡᠵᠦ ᠬᠠᠷᠠᠭ᠎ᠠ ᠮᠠᠭᠤᠲᠠᠢ ᠣᠨᠢᠭᠠᠷ ᠨᠢᠳᠦ ᠪᠡᠷ ᠠᠵᠢᠷᠭ᠎ᠠ ᠶ᠋ᠢ ᠲᠣᠰᠴᠤ ᠬᠠᠷᠠᠯ᠎ᠠ᠃  ᠬᠠᠵᠠᠭᠤ ᠳ᠋ᠤ᠌ ᠨᠢ ᠭᠠᠷ ᠢ᠋ᠶ᠋ᠠᠨ ᠳᠡᠷᠡᠯᠡᠭᠡᠳ ᠲᠠᠢᠪᠤᠭᠤ ᠬᠠᠵᠠᠭᠤᠯᠠᠵᠤ ᠪᠠᠢᠭᠰᠠᠨ ᠡᠮᠡᠭᠡᠨ᠂ ᠡᠪᠦᠭᠡᠨ ᠦ᠌ ᠪᠡᠨ ᠭᠣᠷᠢᠯᠠᠵᠤ ᠰᠢᠨᠤᠭᠰᠠᠨ ᠳᠦᠷᠢ ᠶ᠋ᠢ ᠬᠠᠷᠠᠵᠤ ᠬᠠᠷᠠᠭᠠᠳ ᠦᠬᠦᠯ ᠲᠣᠯᠣᠭᠠᠢᠯᠠᠭᠰᠠᠨ ᠰᠢᠨᠵᠢ ᠪᠡᠨ ᠦᠵᠡ᠂ ᠪᠣᠯᠪᠠᠯ  ᠴᠢ ᠴᠦ᠍ ᠭᠦᠶᠦᠭᠡᠳ ᠬᠦᠷᠬᠦᠢ ᠳᠡ᠂ ᠴᠢ ᠭᠡᠵᠦ ᠳᠡ᠂ ᠡᠪᠴᠢᠭᠦᠦ ᠪᠡᠷ ᠳᠦᠭᠦᠷᠡᠩ ᠬᠣᠭᠣᠰᠣᠨ ᠰᠠᠨᠠᠭ᠎ᠠ ᠦᠬᠦᠭᠰᠡᠨ ᠬᠤᠯᠤᠭᠠᠨ᠎ᠠ ᠳᠡᠭᠦᠵᠢᠯᠡᠭᠰᠡᠨ ᠢ᠋ᠶ᠋ᠡᠨ ᠮᠡᠳᠡᠬᠦ ᠦᠭᠡᠢ ᠲᠡᠭᠦᠨ ᠢ᠋ ᠬᠣᠩᠬᠢᠭᠠᠳ ᠱᠠᠭᠠᠢᠬᠤ ᠶ᠋ᠢᠨ ᠣᠷᠣᠨ ᠳ᠋ᠤ᠌ ᠢᠮᠠᠭ᠎ᠠ ᠪᠠᠨ ᠦᠵᠡᠬᠦᠢ᠃ ᠵᠦᠯᠭᠡᠨ ᠳᠡᠭᠡᠷ᠎ᠡ ᠬᠠᠷᠠᠭᠳᠠᠬᠤ ᠦᠭᠡᠢ ᠪᠠᠢᠨ᠎ᠠ ᠭᠡᠵᠦ ᠵᠢᠪᠡ ᠳᠠᠭᠠᠭᠠᠭᠰᠠᠨ ᠬᠥᠬᠡ ᠨᠢᠳᠦ ᠪᠡᠷ ᠰᠢᠷᠪᠢᠵᠦ᠂ ᠨᠠᠰᠤ ᠪᠠᠷ ᠥᠯᠥᠨ ᠪᠥᠭᠡᠰᠦᠨ ᠳ᠋ᠦ᠍ ᠨᠢ ᠪᠣᠯᠵᠤ ᠡᠪᠦᠷ ᠳᠦᠭᠦᠷᠡᠩ ᠪᠠᠢᠯᠭᠠᠳᠠᠭ ᠡᠪᠦᠭᠡᠨ ᠢ᠋ᠶ᠋ᠡᠨ ᠬᠠᠷᠠᠮᠨᠠᠬᠤ ᠪᠠᠢᠳᠠᠯ ᠭᠠᠷᠭᠠᠨ᠎ᠠ᠃ ᠴᠢᠨᠦ ᠲᠡᠷᠡ ᠢᠯᠡᠭᠦᠦ ᠠᠮᠠ ᠳᠤᠤᠭᠠᠷᠬᠤ ᠦᠭᠡᠢ ᠪᠠᠢᠵᠤ ᠪᠣᠯᠬᠤ ᠦᠭᠡᠢ ᠤ᠋ᠤ ᠭᠡᠵᠦ ᠡᠪᠦᠭᠡᠨ ᠤᠴᠠᠭᠠᠷᠯᠠᠨ᠎ᠠ᠃ ᠲᠡᠭᠡᠪᠡᠯ ᠴᠢᠨᠦ ᠲᠡᠷᠡ ᠣᠨᠢᠭᠠᠷ ᠨᠢᠳᠦ ᠪᠡᠷ ᠦᠵᠡᠬᠦ ᠦᠭᠡᠢ ᠪᠠᠢᠵᠤ  ᠪᠣᠯᠬᠤ ᠦᠭᠡᠢ ᠤ᠋ᠤ ᠭᠡᠵᠦ ᠡᠮᠡᠭᠡᠨ ᠬᠠᠷᠢᠯ ᠬᠠᠨᠳᠤᠯ ᠦᠭᠡᠢ ᠬᠠᠮᠠᠷ ᠢ᠋ ᠨᠢ ᠠᠪᠤᠭᠠᠳ ᠠᠮᠠ ᠶ᠋ᠢ ᠨᠢ ᠲᠠᠭᠯᠠᠵᠤ ᠬᠡᠯᠡ ᠠᠮᠠ ᠪᠣᠯᠬᠤ ᠵᠠᠭᠤᠷ᠎ᠠ ᠠᠵᠢᠷᠭ᠎ᠠ ᠭᠡᠭᠦᠦ ᠬᠡᠵᠢᠶᠡᠨ ᠦ᠌ ᠲᠠᠩᠰᠤᠭ ᠵᠢᠷᠭᠠᠵᠤ ᠭᠡᠨ᠎ᠡ᠃ ᠣᠷᠣᠢ ᠪᠣᠯᠵᠤ ᠡᠪᠦᠭᠡᠨ ᠡᠮᠡᠭᠡᠨ ᠬᠣᠶᠠᠭᠤᠯᠠ ᠢᠮᠠᠭ᠎ᠠ ᠪᠠᠨ ᠬᠣᠲᠠᠯᠠᠭᠠᠳ ᠦᠳᠡᠰᠢ ᠶ᠋ᠢᠨ ᠬᠣᠭᠣᠯᠠ ᠪᠠᠨ ᠢᠳᠡᠵᠦ ᠠᠪᠤᠭᠠᠳ  ᠬᠠᠨᠵᠤᠨ ᠰᠢᠷᠡᠭᠡᠨ ᠦ᠌ ᠪᠡᠨ ᠬᠣᠶᠠᠷ ᠲᠠᠯ᠎ᠠ ᠪᠠᠷ ᠣᠷᠣᠨ ᠳ᠋ᠤ᠌ ᠪᠠᠨ ᠣᠷᠣᠵᠤ ᠬᠡᠪᠲᠡᠭᠰᠡᠨ ᠪᠣᠯᠪᠠᠴᠤ ᠥᠨᠥᠳᠥᠷ ᠦ᠋ᠨ ᠭᠣᠣᠯ ᠤ᠋ᠨ ᠬᠥᠪᠡᠭᠡᠨ ᠳ᠋ᠦ᠍ ᠪᠣᠯᠤᠭᠰᠠᠨ ᠤᠴᠢᠷ ᠡᠪᠦᠭᠡᠨ ᠦ᠌ ᠪᠣᠳᠣᠯ ᠠ᠋ᠴᠠ ᠶᠡᠷᠦ ᠭᠠᠷᠬᠤ ᠦᠭᠡᠢ ᠪᠠᠢᠵᠤ ᠨᠣᠢᠷ ᠨᠢ ᠬᠤᠯᠵᠢᠭᠠᠳ ᠪᠠᠢᠬᠤᠯᠠᠷ ᠭᠡᠨᠡᠳᠲᠡ ᠶᠠᠭᠤ ᠨᠢᠭᠡ ᠶ᠋ᠢ ᠰᠠᠨᠠᠵᠤ ᠡᠮᠡᠭᠡᠨ ᠳ᠋ᠦ᠍ ᠪᠡᠨ ᠳᠣᠬᠢᠶ᠎ᠠ ᠥᠭᠪᠡᠯ᠂ ᠠ ᠬᠠ ᠬᠠᠢ ᠭᠡᠵᠦ ᠠᠮᠠ ᠪᠠᠨ ᠵᠠᠭᠠᠲᠠᠯ᠎ᠠ ᠡᠪᠰᠢᠶᠡᠯᠭᠡᠵᠦ ᠪᠠᠢᠭᠰᠠᠨ ᠡᠮᠡᠭᠡᠨ ᠰᠠᠪᠡᠬ᠎ᠠ ᠪᠠᠨ ᠪᠠᠷᠠᠭᠰᠠᠨ ᠡᠨᠡ ᠮᠠᠭᠤ ᠬᠥᠭᠰᠢᠨ ᠵᠥᠨᠥᠭ ᠲᠡᠩᠬᠡᠭᠡ ᠪᠡᠨ ᠮᠡᠳᠡᠬᠦ ᠦᠭᠡᠢ ᠰᠢᠩᠰᠢᠯᠡᠬᠦ ᠪᠡᠨ ᠪᠠᠢᠬᠤ ᠦᠭᠡᠢ ᠭᠡᠵᠦ ᠪᠣᠳᠣᠭᠠᠳ ᠬᠠᠷᠢᠭᠤ ᠳ᠋ᠤ᠌ ᠨᠢ ᠱᠣᠭ ᠭᠠᠷᠭᠠᠵᠤ᠂ ᠬᠢ ᠬᠢ ᠭᠡᠪᠡᠯ ᠡᠪᠦᠭᠡᠨ ᠦ᠌ ᠳᠣᠲᠣᠷ᠎ᠠ ᠣᠩᠭᠣᠢᠵᠤ ᠳᠤᠷ᠎ᠠ ᠰᠢᠷ᠎ᠠ ᠨᠢ ᠬᠥᠳᠡᠯᠵᠦ᠂ ᠣᠷᠣᠨ ᠠ᠋ᠴᠠ ᠪᠠᠨ ᠪᠣᠰᠤᠭᠠᠳ ᠳᠠᠪ ᠭᠡᠰᠡᠨ ᠴᠢᠨᠢ ᠪᠠᠢᠵᠤ ᠤ᠋ᠤ ᠳᠠ᠂ ᠬᠣᠪᠳᠣᠭ ᠨᠢ ᠭᠡᠳᠤᠷᠡᠪᠡᠯ ᠬᠣᠭᠣᠰᠣᠨ ᠰᠠᠭᠤᠨ᠎ᠠ ᠭᠡᠳᠡᠭᠴᠢᠯᠡᠨ ᠳᠤᠮᠳᠠ ᠪᠠᠨ ᠲᠠᠯᠪᠢᠭᠰᠠᠨ ᠬᠠᠨᠵᠤᠨ ᠤ᠋ ᠰᠢᠷᠡᠭᠡ ᠪᠡᠨ ᠲᠠᠭ ᠮᠠᠷᠲᠠᠭᠠᠳ ᠲᠡᠮᠲᠡᠴᠢᠵᠦ ᠬᠠᠨᠵᠤᠨ ᠠ᠋ᠴᠠ ᠪᠠᠨ ᠤᠨᠠᠭᠠᠳ ᠬᠥᠭᠰᠢᠷᠡᠵᠦ ᠥᠭᠢᠷᠡᠭᠰᠡᠨ ᠪᠠᠷᠠᠭᠤᠨ ᠬᠥᠯ ᠦ᠋ᠨ ᠱᠠᠭ᠎ᠠ ᠪᠠᠨ ᠪᠤᠯᠵᠠᠵᠤ ᠭᠡᠨ᠎ᠡ᠃ ᠦᠯᠢᠭᠡᠷ ᠦᠷᠭᠦᠯᠵᠢᠯᠡᠭᠰᠡᠭᠡᠷ᠂᠂᠂᠂ ᠪᠢᠳᠡ  ᠵᠠᠯᠭᠠᠭᠠᠳ ᠴᠢᠨᠠᠭᠰᠢᠳᠠ ᠵᠠᠮ ᠢ᠋ᠶ᠋ᠠᠨ ᠬᠥᠭᠡᠭᠡᠯ᠎ᠡ᠃ ᠥᠨᠳᠥᠷ ᠥᠨᠳᠥᠷ ᠠᠭᠤᠯᠠᠨ ᠤ᠋ ᠣᠷᠭᠢᠯ ᠨᠠᠷᠠ ᠶ᠋ᠢ ᠬᠠᠯᠬᠠᠯᠠᠨ ᠰᠡᠨᠡᠭ ᠰᠡᠨᠡᠭ ᠠᠭᠤᠯᠠᠨ ᠬᠣᠩᠭᠢᠯ ᠤ᠋ᠨ ᠬᠤᠯᠠᠭᠠᠢᠴᠢ ᠰᠠᠯᠬᠢ ᠡᠩᠭᠡᠷ ᠡᠯᠢᠭᠡ ᠪᠡᠷ ᠰᠡᠩᠭᠢᠨᠡᠨ᠎ᠡ᠃  ᠦᠯᠢᠭᠡᠷ ᠲᠦ᠍ ᠪᠡᠨ ᠠᠭᠤᠰᠤᠭᠰᠠᠨ ᠪᠢᠳᠡᠨᠦᠰ ᠬᠥᠭ ᠨᠡᠢᠯᠡᠵᠦ ᠬᠥᠭᠡᠷᠦᠯᠳᠦᠨ ᠨᠠᠷᠭᠢᠯᠳᠤᠵᠤ ᠶᠠᠪᠤᠵᠤ ᠪᠠᠢᠲᠠᠯ᠎ᠠ ᠪᠤ ᠠᠪᠤᠭᠠᠢ ᠭᠡᠨᠡᠳᠲᠡ ᠶᠠᠮᠠᠷ ᠨᠢᠭᠡᠨ ᠶᠠᠭᠤᠮ᠎ᠠ ᠠ᠋ᠴᠠ ᠠᠶᠤᠵᠤ ᠰᠣᠴᠢᠭᠰᠠᠨ ᠮᠡᠲᠦ ᠡᠰᠡᠷᠭᠦ ᠲᠠᠯ᠎ᠠ ᠶ᠋ᠢᠨ ᠠᠭᠤᠯᠠ ᠶ᠋ᠢᠨ ᠲᠣᠯᠣᠭᠠᠢ ᠥᠭᠡᠳᠡ ᠨᠢᠳᠦ ᠣᠷᠬᠢᠵᠤ᠂ ᠬᠥᠶᠢ ᠲᠠᠨᠤᠰ ᠳᠤᠭᠤᠢ ᠪᠠᠢ᠂ ᠦᠯᠢᠭᠡᠷ ᠦᠯᠢᠭᠡᠷ ᠭᠡᠳ ᠨᠢᠭᠡᠮᠦᠰᠦᠨ ᠠᠷᠢᠬᠢᠨ ᠳ᠋ᠤ᠌ ᠰᠣᠭᠲᠣᠭᠤᠷᠠᠭᠰᠠᠨ ᠰᠢᠭ᠋ ᠶᠡᠬᠡ ᠪᠠᠭ᠎ᠠ ᠳᠠᠭᠤ ᠪᠠᠷ ᠠᠷᠭᠢᠳᠠᠭᠠᠳ ᠭᠡᠵᠦ ᠵᠠᠩᠳᠤᠷᠴᠤ ᠠᠪᠤᠭᠠᠳ ᠬᠠᠰᠢᠷ ᠬᠠᠭᠤᠴᠢᠨ ᠠᠪᠠᠴᠢᠨ ᠤ᠋ ᠰᠢᠨᠵᠢ ᠲᠥᠯᠥᠪ ᠲᠡᠢ ᠬᠥᠩᠭᠡᠨ ᠬᠥᠩᠭᠡᠨ ᠠᠯᠬᠤᠵᠤ ᠨᠠᠮᠨᠠᠰ ᠨᠠᠮᠨᠠᠰ ᠭᠡᠳ ᠦᠬᠡᠷ ᠴᠢᠯᠠᠭᠤ ᠶ᠋ᠢᠨ ᠠᠷᠤ ᠪᠠᠷ ᠨᠠᠯᠠᠨ ᠣᠷᠣᠵᠤ ᠲᠣᠯᠣᠭᠠᠢ ᠪᠠᠨ ᠬᠠᠭᠠᠰ ᠪᠠᠯᠲᠠᠢᠯᠭᠠᠵᠤ᠂ ᠰᠡᠮᠡᠬᠡᠷ ᠬᠠᠷᠠᠵᠤ ᠦᠵᠡᠭᠰᠡᠨ ᠢ᠋ᠶ᠋ᠡᠨ ᠭᠠᠷ ᠢ᠋ᠶ᠋ᠠᠷ ᠢ᠋ᠶ᠋ᠠᠨ ᠪᠢᠳᠡᠨᠦᠰ ᠢ᠋ ᠢᠷ᠎ᠡ ᠭᠡᠵᠦ ᠳᠣᠬᠢᠪᠠ᠃  ᠪᠢᠳᠡ ᠬᠡᠳᠦᠭᠦᠯᠡ ᠴᠦ᠍ ᠬᠤᠯᠠᠭᠠᠢᠴᠢ ᠶ᠋ᠢᠨ ᠰᠢᠨᠵᠢ᠂ ᠬᠠᠭᠤᠷᠮᠠᠭ ᠳᠦᠷᠢ ᠲᠡᠢ ᠪᠡᠶ᠎ᠡ ᠪᠡᠨ ᠳᠠᠯᠳᠠᠯᠠᠵᠤ᠂ ᠶᠠᠮᠠᠷ ᠴᠦ᠍ ᠴᠢᠮᠡᠭᠡ ᠠᠨᠢᠷ ᠭᠠᠷᠭᠠᠬᠤ ᠦᠭᠡᠢ ᠪᠡᠷ ᠬᠠᠵᠠᠭᠤ ᠳ᠋ᠤ᠌ ᠨᠢ ᠬᠦᠷᠪᠡᠯ᠂ ᠬᠠᠷᠠᠭᠠᠨ ᠤ᠋ ᠡᠮᠦᠨᠡᠬᠢ ᠬᠠᠮᠤᠭ ᠥᠨᠳᠥᠷ ᠣᠷᠭᠢᠯ ᠢ᠋ ᠵᠢᠭᠠᠵᠤ᠂ ᠵᠠ ᠲᠠᠨᠤᠰ ᠤ᠋ᠨ ᠨᠢᠳᠦᠨ ᠬᠠᠷᠠᠭ᠎ᠠ ᠶ᠋ᠢ ᠰᠢᠯᠭᠠᠶ᠎ᠠ᠂ ᠲᠡᠷᠡ ᠰᠡᠵᠢᠭᠦᠷ ᠲᠦ᠍ ᠬᠠᠷᠠᠭᠳᠠᠳᠠᠭ ᠨᠦᠬᠡᠨ ᠦ᠌ ᠠᠮᠠᠨ ᠳᠡᠷᠭᠡᠳᠡ ᠶᠠᠩᠭᠢᠷ ᠤ᠋ᠤ᠂ ᠶᠣᠯᠣ ᠤ᠋ᠤ᠂ ᠡᠯᠢᠶ᠎ᠡ ᠤ᠋ᠤ᠂ ᠬᠥᠬᠡ ᠳᠡᠭᠡᠯᠢ ᠤ᠋ᠤ᠂ ᠬᠡᠨ ᠤᠷᠢᠳ ᠢ᠋ᠶ᠋ᠠᠷ ᠢᠯᠭᠠᠨ ᠲᠠᠨᠢᠬᠤ ᠳ᠋ᠤ᠌ ᠬᠦᠷᠪᠡᠯ ᠭᠦᠨ ᠵᠢᠷᠣᠭ᠎ᠠ ᠮᠣᠷᠢ ᠲᠠᠢ ᠭᠦᠩᠵᠦ ᠲᠣᠷᠭᠠᠨ ᠳᠡᠪᠡᠯ ᠢ᠋ᠶ᠋ᠡᠷ ᠱᠠᠡᠭᠨᠠᠵᠤ᠂ ᠡᠰᠡ ᠢᠯᠭᠠᠵᠤ ᠲᠠᠨᠢᠪᠠᠰᠤ ᠡᠭᠡᠯ ᠵᠣᠭᠰᠣᠭ᠎ᠠ ᠮᠣᠷᠢ᠂ ᠡᠯᠵᠢᠭᠡᠨ ᠪᠠᠭᠠᠰᠤᠨ ᠵᠢᠩᠰᠡ ᠪᠡᠷ ᠱᠠᠡᠭᠨᠠᠨ᠎ᠠ ᠭᠡᠪᠡ᠃ ᠸᠠᠢ᠂ ᠨᠢᠭᠡ ᠶᠡᠬᠡ ᠮᠠᠶᠢᠭ ᠭᠠᠷᠭᠠᠵᠤ ᠭᠠᠷᠭᠠᠵᠤ ᠡᠢᠮᠦ ᠯᠡ ᠶᠠᠭᠤᠮ᠎ᠠ ᠬᠡᠯᠡᠬᠦ ᠭᠡᠰᠡᠨ ᠤ᠋ᠤ ᠭᠡᠵᠦ ᠠ ᠪᠠᠭᠰᠢ ᠲᠣᠭᠣᠮᠰᠠᠷ ᠦᠭᠡᠢ ᠶᠠᠷᠢᠬᠤ ᠳ᠋ᠤ᠌ ᠬᠠᠪᠢᠷᠭ᠎ᠠ ᠠ᠋ᠴᠠ ᠨᠢ ᠬᠡᠯᠡ ᠠᠮᠠ ᠲᠦᠷᠭᠡᠨ ᠡᠮᠡᠭᠡᠨ ᠨᠢ ᠲᠣᠰᠴᠤ ᠠᠪᠤᠭᠠᠳ ᠲᠠᠨ ᠤ᠋ ᠬᠣᠶᠠᠷ ᠮᠠᠨᠤᠰ ᠢ᠋ ᠨᠢᠭᠡ ᠵᠠᠮ ᠬᠥᠯ ᠲᠠᠯᠪᠢᠬᠤ ᠭᠠᠵᠠᠷ ᠦᠭᠡᠢ ᠬᠠᠳᠠ ᠴᠢᠯᠠᠭᠤᠨ ᠳᠤᠮᠳᠠᠭᠤᠷ ᠳᠠᠭᠠᠭᠤᠯᠵᠤ ᠬᠣᠶᠠᠷ ᠨᠢᠳᠦ ᠶ᠋ᠢ ᠨᠢ ᠴᠦ᠍ ᠲᠡᠭᠰᠢ ᠪᠠᠢᠯᠭᠠᠬᠤ ᠦᠭᠡᠢ ᠳᠡᠭᠡᠷ᠎ᠡ ᠳᠣᠣᠷ᠎ᠠ ᠬᠠᠷᠠᠭ᠎ᠠ ᠲᠠᠢ ᠪᠣᠯᠭᠠᠵᠤ ᠲᠠᠯᠪᠢᠭᠠᠳ  ᠪᠠᠰᠠ ᠶᠠᠮᠠᠷ ᠨᠢᠳᠦᠨ ᠬᠠᠷᠠᠭ᠎ᠠ ᠮᠠᠷᠠᠭ᠎ᠠ ᠰᠢᠯᠭᠠᠵᠤ ᠱᠠᠩ ᠮᠡᠩ ᠥᠭᠭᠦᠨ᠎ᠡ ᠭᠡᠨ᠎ᠡ᠃  ᠲᠡᠷᠡ ᠨᠦᠬᠡᠨ ᠠᠮᠠᠨ ᠳ᠋ᠤ᠌ ᠴᠢᠨᠦ ᠰᠠᠨᠠᠭ᠎ᠠ ᠪᠠᠢᠬᠤ ᠠ᠋ᠴᠠ ᠥᠭᠡᠷ᠎ᠡ ᠶᠠᠭᠤ ᠯᠠ ᠪᠠᠢᠬᠤ  ᠪᠣᠢ᠂ ᠡᠯᠵᠢᠭᠡᠨ ᠪᠠᠭᠠᠰᠤᠨ ᠱᠠᠩ ᠢ᠋ᠶ᠋ᠠᠨ ᠥᠪᠡᠷ ᠢ᠋ᠶ᠋ᠡᠨ ᠠᠪᠴᠤ ᠡᠬᠡᠨᠡᠷ ᠲᠦ᠍ ᠪᠡᠨ ᠥᠭ ᠭᠡᠵᠦ ᠬᠠᠷᠢᠭᠤ ᠳ᠋ᠤᠨᠢ ᠢᠯᠡᠭᠦᠦ ᠳ᠋ᠦ᠍ ᠪᠡᠨ ᠠᠭᠠᠰᠢᠯᠠᠪᠠ᠃  ᠮᠠᠨᠤᠰ ᠦᠨᠡᠮᠰᠢᠵᠦ ᠲᠡᠷᠡ ᠵᠦᠭ ᠲᠦ᠍ ᠰᠠᠢᠨ ᠠᠵᠢᠭᠯᠠᠪᠠᠯ᠂ ᠨᠠᠷᠠᠨ ᠰᠦᠷᠦᠭ ᠲᠦ᠍ ᠬᠠᠳᠠᠨ ᠤ᠋ ᠡᠩᠭᠡᠷ ᠪᠦᠷ ᠯᠡ ᠪᠣᠷᠣ ᠰᠠᠷᠪᠠᠭᠠᠨ ᠬᠠᠷᠠᠭᠳᠠᠵᠤ᠂ ᠠᠯᠢ ᠨᠢ ᠬᠠᠳᠠ ᠠᠯᠢ ᠨᠢ ᠠᠮᠢᠲᠠᠨ ᠪᠣᠯᠬᠤ ᠨᠢ ᠢᠯᠭᠠᠭᠳᠠᠬᠤ ᠦᠭᠡᠢ ᠪᠠᠢᠪᠠ᠃ ᠲᠡᠭᠡᠲᠡᠯ᠎ᠡ ᠪᠤ ᠠᠪᠤᠭᠠᠢ ᠲᠡᠷᠡ ᠲᠡᠷᠡ ᠰᠣᠨᠣᠷ ᠬᠤᠷᠴᠠ ᠶᠠᠩᠭᠢᠷ ᠴᠢ ᠮᠠᠨᠤᠰ ᠢ᠋ ᠠᠨᠢᠷᠲᠤᠭᠠᠳ ᠡᠬᠡ ᠢᠰᠢᠭᠡ ᠬᠣᠶᠠᠭᠤᠯᠠ ᠨᠦᠬᠡᠨ ᠳᠡᠷᠭᠡᠳᠡ ᠡᠴᠡ ᠴᠠᠭᠠᠰᠢ ᠳᠡᠭᠲᠡᠷ ᠳᠠᠭᠠᠵᠤ᠂ ᠠᠭᠤᠯᠠ ᠶ᠋ᠢᠨ ᠪᠠᠯ ᠤᠷᠤᠭᠤ ᠣᠷᠣᠯ᠎ᠠ ᠭᠡᠪᠡ᠃ ᠮᠡᠳᠡᠬᠦ ᠦᠭᠡᠢ ᠮᠡᠳᠡᠬᠦ ᠦᠭᠡᠢ ᠬᠥᠭᠰᠢᠨ ᠪᠢᠳᠡᠨᠦᠰ ᠦ᠋ᠨ ᠨᠢᠳᠦ ᠶ᠋ᠢ ᠡᠷᠢᠶᠡᠯᠵᠡᠭᠦᠯᠦᠨ ᠬᠠᠭᠤᠷᠤᠭᠠᠳ ᠢᠮᠠᠭ᠎ᠠ ᠪᠠᠢᠲᠤᠭᠠᠢ ᠲᠡᠮᠡᠭᠡ ᠴᠦ᠍ ᠣᠯᠵᠤ ᠬᠠᠷᠠᠭᠳᠠᠭᠰᠠᠨ ᠦᠭᠡᠢ ᠭᠡᠵᠦ ᠢᠳᠡᠭᠡ ᠠᠯᠳᠠᠭᠰᠠᠨ ᠪᠠᠢᠳᠠᠯ ᠲᠠᠢ ᠪᠠᠷ ᠴᠢᠨᠦ ᠲᠡᠷᠡ ᠨᠢᠳᠦ ᠭᠡᠭᠴᠢ ᠳᠤᠷᠠᠨ ᠰᠢᠭ᠋ ᠪᠠᠢᠨ᠎ᠠ᠃  ᠵᠠ ᠵᠠ ᠪᠣᠯᠵᠠᠢ᠂ ᠡᠨᠡ ᠭᠠᠨᠵᠢᠨ ᠡᠷ᠎ᠡ ᠶ᠋ᠢᠨ ᠬᠤᠳᠠᠯ ᠦᠨᠡᠨ ᠦᠭᠡᠨ ᠳ᠋ᠦ᠍ ᠬᠠᠭᠤᠷᠲᠠᠭᠳᠠᠵᠤ ᠵᠠᠮ ᠢ᠋ᠶ᠋ᠠᠨ ᠬᠣᠷᠣᠭᠠᠭᠰᠠᠨ ᠴᠦ᠍ ᠦᠭᠡᠢ ᠴᠠᠭ ᠢ᠋ᠶ᠋ᠠᠨ ᠴᠦ᠍ ᠪᠠᠷᠠᠵᠤ᠂ ᠴᠠᠩᠭᠠᠵᠤ ᠳᠡᠭᠳᠡᠭᠡᠳ ᠦᠬᠦᠬᠦ ᠶᠦᠮ ᠪᠠᠢᠨ᠎ᠠ᠂ ᠬᠤᠷᠳᠤᠨ ᠶᠠᠪᠤᠵᠤ ᠬᠦᠷᠬᠦ ᠭᠠᠵᠠᠷ ᠲᠤ᠌ ᠪᠠᠨ ᠬᠦᠷᠴᠦ ᠬᠥᠯ ᠢ᠋ᠶ᠋ᠡᠨ ᠠᠮᠠᠷᠠᠭᠠᠶ᠎ᠠ ᠭᠡᠵᠦ ᠠ ᠪᠠᠭᠰᠢ ᠬᠡᠯᠡᠭᠡᠳ ᠲᠥᠷᠥᠭᠦᠯᠪᠡ᠃  ᠬᠠᠪᠢᠷᠭᠠᠳᠠᠵᠤ ᠪᠠᠢᠭᠰᠠᠨ ᠵ ᠠᠪᠤᠭᠠᠢ ᠲᠡᠷᠡ ᠳᠣᠣᠷ᠎ᠠ ᠪᠠᠨ ᠪᠤ ᠠᠪᠤᠭᠠᠢ ᠶ᠋ᠢᠨ ᠦᠭᠡ ᠶ᠋ᠢ ᠲᠣᠰᠴᠤ ᠲᠡᠢᠮᠦ ᠰᠢᠦ ᠡᠨᠡ ᠠᠭᠤᠯᠠᠨ ᠳ᠋ᠤ᠌ ᠬᠡᠵᠢᠶᠡᠳᠡ ᠪᠡᠨ ᠶᠠᠩᠭᠢᠷ ᠪᠠᠢᠳᠠᠭ ᠶᠤᠮ᠃ ᠲᠦᠷᠦᠭᠦᠦ ᠪᠡᠷ ᠫᠤᠤ ᠰᠤᠮᠤ ᠬᠣᠷᠢᠭ᠎ᠠ ᠦᠭᠡᠢ ᠪᠠᠢᠬᠤ ᠳ᠋ᠤ᠌ ᠮᠠᠨᠤᠰ ᠦᠷᠭᠦᠯᠵᠢ ᠡᠨᠡ ᠬᠠᠪᠢ ᠪᠠᠷ ᠢᠷᠡᠵᠦ ᠡᠡᠡᠭ ᠠᠪᠠ ᠬᠢᠳᠡᠭ ᠪᠠᠢᠭᠰᠠᠨ ᠶᠤᠮ᠃  ᠨᠢᠭᠡ ᠤᠳᠠᠭ᠎ᠠ ᠪᠢ ᠬᠠᠳᠠᠨ ᠡᠡᠡᠭ ᠲᠦ᠍ ᠦᠨᠡᠭᠡ ᠬᠡᠪᠲᠡᠵᠦ ᠪᠠᠢᠨ᠎ᠠ ᠭᠡᠵᠦ ᠫᠤᠤᠳᠠᠭᠠᠳ ᠭᠡᠰᠡᠨ ᠴᠢᠨᠢ ᠪᠠᠢᠨ᠎ᠠ ᠤ᠋ᠤ ᠳᠠ᠂ ᠨᠢᠳᠦ ᠠᠯᠳᠠᠵᠤ ᠶᠠᠩᠭᠢᠷ ᠫᠤᠤᠳᠠᠭᠠᠳ ᠬᠥᠯ ᠢ᠋ ᠨᠢ ᠰᠢᠷᠬᠠᠲᠤᠭᠤᠯᠤᠭᠰᠠᠨ ᠤᠴᠢᠷ ᠪᠣᠢ ᠭᠡᠵᠦ ᠦᠨᠡᠮᠰᠢᠭᠦᠯᠪᠡ᠃