1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠠᠴᠢᠨ ᠸᠠᠩ ᠭᠦᠩᠰᠠᠩᠨᠣᠷᠪᠤХарчин ван Гүнсэнноров

ᠬᠠᠷᠠᠴᠢᠨ ᠸᠠᠩ ᠭᠦᠩᠰᠠᠩᠨᠣᠷᠪᠤХарчин ван Гүнсэнноров

ᠠᠩᠭᠢᠯᠠᠯ:ᠴᠤᠤᠲᠤ ᠬᠥᠮᠥᠰ
2025-02-10

494

ᠬᠠᠷᠠᠴᠢᠨ ᠸᠠᠩ ᠭᠦᠩᠰᠠᠩᠨᠣᠷᠪᠤ

    ᠭᠦᠩᠰᠠᠩᠨᠣᠷᠪᠤ (1872 ᠣᠨ— 1931 ᠣᠨ)᠂ ᠪᠢᠴᠢᠭ ᠦ᠋ᠨ ᠨᠡᠷ᠎ᠡ ᠯᠧ ᠲᠢᠩ᠂ ᠡᠷᠭᠦᠭᠰᠡᠨ ᠨᠡᠷ᠎ᠡ ᠺᠦᠢ ᠠᠨ᠂ ᠴᠢᠩ ᠤᠯᠤᠰ ᠤ᠋ᠨ ᠦᠶ᠎ᠡ ᠶ᠋ᠢᠨ ᠮᠣᠩᠭᠣᠯ ᠤ᠋ᠨ ᠬᠠᠷᠠᠴᠢᠨ ᠵᠠᠰᠠᠭ ᠲᠥᠷᠥ ᠶ᠋ᠢᠨ ᠳᠦᠭᠦᠷᠡᠩ ᠵᠢᠶᠦ᠋ᠨ ᠸᠠᠩ ᠪᠥᠭᠡᠳ ᠵᠣᠰᠣᠲᠤ ᠶ᠋ᠢᠨ ᠴᠢᠭᠤᠯᠭᠠᠨ ᠤ᠋ ᠳᠠᠷᠤᠭ᠎ᠠ ᠸᠠᠩᠳᠤᠳᠨᠠᠮᠵᠢᠯ (ᠬᠥᠮᠦᠰ ᠸᠠᠩ ᠸᠠᠩ ᠭᠡᠳᠡᠭ) ᠦ᠋ᠨ ᠤᠤᠭᠠᠨ ᠬᠥᠪᠡᠭᠦᠨ ᠪᠣᠯᠤᠨ᠎ᠠ᠃ 
    ᠪᠠᠳᠠᠷᠠᠭᠤᠯᠲᠤ ᠲᠥᠷᠥ ᠶ᠋ᠢᠨ ᠬᠣᠷᠢᠨ ᠳᠥᠷᠪᠡᠳᠦᠭᠡᠷ ᠣᠨ (1898 ᠣᠨ) ᠤ᠋ 4 ᠳ᠋ᠦ᠍ᠭᠡᠷ ᠰᠠᠷ᠎ᠠ ᠳ᠋ᠤ᠌ ᠸᠠᠩ ᠸᠠᠩ ᠡᠪᠡᠳᠴᠢᠨ ᠢ᠋ᠶ᠋ᠡᠷ ᠨᠠᠰᠤ ᠪᠠᠷᠠᠪᠠ᠃ 
ᠪᠠᠳᠠᠷᠠᠭᠤᠯᠲᠤ ᠲᠥᠷᠥ ᠶ᠋ᠢᠨ ᠬᠣᠷᠢᠨ ᠲᠠᠪᠤᠳᠤᠭᠠᠷ ᠣᠨ (1899 ᠣᠨ) ᠤ᠋ ᠬᠠᠪᠤᠷ᠂ ᠭᠦᠩᠰᠠᠩᠨᠣᠷᠪᠤ ᠵᠣᠰᠣᠲᠤ ᠶ᠋ᠢᠨ ᠴᠢᠭᠤᠯᠭᠠᠨ ᠤ᠋ ᠬᠠᠷᠠᠴᠢᠨ ᠪᠠᠷᠠᠭᠤᠨ ᠬᠤᠰᠢᠭᠤᠨ ᠤ᠋ ᠵᠠᠰᠠᠭ ᠵᠢᠶᠦ᠋ᠨ ᠸᠠᠩ ᠤ᠋ᠨ ᠵᠡᠷᠭᠡ ᠬᠡᠷᠬᠡᠮ ᠢ᠋ ᠵᠢᠩᠬᠢᠨᠢ ᠪᠡᠷ ᠵᠠᠯᠭᠠᠮᠵᠢᠯᠠᠵᠤ᠂ ᠵᠣᠰᠣᠲᠤ ᠶ᠋ᠢᠨ ᠴᠢᠭᠤᠯᠭᠠᠨ ᠤ᠋ ᠳᠠᠷᠤᠭ᠎ᠠ ᠶ᠋ᠢᠨ ᠲᠤᠰᠢᠶᠠᠯ ᠢ᠋ ᠬᠠᠪᠰᠤᠷᠭᠠᠨ ᠬᠠᠷᠢᠭᠤᠴᠠᠪᠠ᠂ ᠲᠤᠬᠠᠢ ᠶ᠋ᠢᠨ ᠵᠢᠯ ᠳ᠋ᠦ᠍ ᠲᠡᠷᠡ ᠰᠠᠶᠢ 27 ᠨᠠᠰᠤᠲᠠᠢ ᠪᠠᠢᠭᠰᠠᠨ ᠲᠤᠯᠠ ᠬᠥᠮᠦᠰ ᠲᠡᠭᠦᠨ ᠢ᠋ ᠬᠦᠩ ᠸᠠᠩ ᠭᠡᠵᠦ ᠳᠠᠭᠤᠳᠠᠵᠠᠢ᠃ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠤ᠋ᠨ ᠳᠠᠷᠠᠭ᠎ᠠ᠂ ᠤᠮᠠᠷᠠᠲᠤ ᠶ᠋ᠢᠨ ᠴᠡᠷᠢᠭ ᠦ᠋ᠨ ᠡᠷᠬᠡᠲᠡᠨ ᠦ᠌ ᠵᠠᠰᠠᠭ ᠤ᠋ᠨ ᠭᠠᠵᠠᠷ ᠠ᠋ᠴᠠ ᠲᠡᠭᠦᠨ ᠢ᠋ ᠴᠢᠨ ᠸᠠᠩ ᠡᠷᠭᠦᠮᠵᠢᠯᠡᠪᠡ᠃ ᠬᠦᠩ ᠸᠠᠩ ᠬᠠᠷᠠᠬᠠᠨ ᠪᠠᠭ᠎ᠠ ᠠ᠋ᠴᠠ ᠪᠠᠨ ᠰᠢᠯᠢᠳᠡᠭ ᠰᠠᠢᠨ ᠰᠤᠷᠭᠠᠨ ᠬᠥᠮᠦᠵᠢᠯ ᠬᠦᠷᠲᠡᠵᠦ᠂ ᠬᠢᠲᠠᠳ ᠮᠠᠨᠵᠤ ᠮᠣᠩᠭᠣᠯ ᠲᠥᠪᠡᠳ ᠳᠥᠷᠪᠡᠨ ᠬᠡᠯᠡᠨ ᠳ᠋ᠦ᠍ ᠨᠡᠪᠲᠡᠷᠡᠭᠰᠡᠨ ᠪᠥᠭᠡᠳ ᠰᠢᠯᠦᠭ ᠵᠢᠷᠤᠭ ᠲᠤ᠌ ᠠᠪᠢᠶᠠᠰ ᠲᠠᠢ᠂ ᠪᠢᠴᠢᠭ ᠴᠡᠷᠢᠭ ᠦ᠋ᠨ ᠡᠷᠳᠡᠮ ᠬᠣᠣᠰᠯᠠᠭᠰᠠᠨ ᠴᠢᠳᠠᠪᠤᠷᠢᠲᠠᠨ ᠶᠤᠮ᠃ ᠵᠡᠷᠭᠡ ᠬᠡᠷᠬᠡᠮ ᠵᠠᠯᠭᠠᠮᠵᠢᠯᠠᠭᠰᠠᠨ ᠤ᠋ ᠳᠠᠷᠠᠭ᠎ᠠ᠂ ᠲᠡᠷᠡ ᠭᠡᠮᠲᠦ ᠵᠠᠰᠠᠭ ᠪᠣᠯᠤᠨ ᠬᠠᠭᠤᠴᠢᠨ ᠳᠦᠷᠢᠮ ᠢ᠋ ᠥᠭᠡᠷᠡᠴᠢᠯᠡᠨ ᠵᠠᠰᠠᠵᠤ᠂ ᠣᠷᠳᠣᠨ ᠤ᠋ ᠳᠣᠲᠣᠷᠠᠬᠢ ᠠᠯᠢᠮ᠎ᠠ ᠶ᠋ᠢᠨ ᠬᠦᠷᠢᠶᠡᠯᠡᠩ ᠦ᠋ᠨ ᠰᠢ ᠵᠦᠴᠦᠭᠡ ᠶ᠋ᠢᠨ ᠠᠩᠭᠢ ᠶ᠋ᠢ ᠲᠠᠷᠬᠠᠭᠠᠵᠤ᠂ ᠸᠠᠩ ᠤ᠋ᠨ ᠣᠷᠳᠣᠨ ᠤ᠋ ᠠᠯᠪᠠ ᠬᠠᠭᠠᠭᠴᠢᠳ ᠤ᠋ᠨ ᠬᠣᠭᠣᠯᠠ ᠤᠮᠳᠠ ᠶ᠋ᠢ ᠰᠠᠢᠵᠢᠷᠠᠭᠤᠯᠵᠤ᠂ ᠡᠷᠡᠴᠦᠳ ᠦ᠋ᠨ ᠰᠠᠬᠢᠯ ᠠᠪᠴᠤ ᠬᠤᠸᠠᠷᠠᠭ ᠪᠣᠯᠬᠤ ᠶ᠋ᠢ ᠬᠢᠵᠠᠭᠠᠷᠯᠠᠵᠤ᠂ ᠴᠢᠨᠠᠭᠰᠢᠯᠠᠪᠠᠯ ᠰᠥᠭᠥᠳᠴᠦ ᠮᠥᠷᠭᠥᠬᠦ ᠶᠣᠰᠣᠯᠠᠯ ᠢ᠋ ᠬᠦᠴᠦᠨ ᠦᠭᠡᠢ ᠪᠣᠯᠭᠠᠵᠤ᠂ ᠬᠤᠰᠢᠭᠤᠨ ᠤ᠋ ᠠᠷᠠᠳ ᠢ᠋ ᠡᠷᠬᠢᠮ ᠳᠣᠣᠷᠠᠲᠤ ᠵᠡᠷᠭᠡ ᠳᠡᠰ ᠬᠤᠪᠢᠶᠠᠬᠤ ᠦᠭᠡᠢ ᠪᠣᠯᠭᠠᠵᠠᠢ᠃ ᠬᠦᠩ ᠸᠠᠩ ᠤ᠋ᠨ ᠲᠠᠷᠢᠬᠢ ᠲᠣᠯᠣᠭᠠᠢ ᠨᠢ ᠬᠤᠷᠴᠠ ᠰᠡᠷᠭᠡᠭ᠂ ᠦᠵᠡᠯ ᠰᠠᠨᠠᠭ᠎ᠠ ᠨᠢ ᠴᠢᠯᠥᠭᠡᠲᠡᠢ ᠪᠠᠢᠵᠤ᠂ ᠬᠤᠰᠢᠭᠤᠨ ᠳᠣᠲᠣᠷ᠎ᠠ ᠪᠠᠨ ᠴᠡᠷᠢᠭ ᠪᠣᠯᠪᠠᠰᠤᠷᠠᠭᠤᠯᠤᠨ ᠵᠠᠮ ᠵᠠᠰᠠᠵᠤ᠂ ᠰᠢᠤᠳᠠᠨ ᠨᠡᠪᠲᠡᠷᠡᠭᠦᠯᠵᠦ ᠰᠣᠨᠢᠨ ᠡᠷᠬᠢᠯᠡᠵᠦ᠂ ᠲᠠᠷᠢᠶᠠᠯᠠᠩ ᠮᠠᠯ ᠠᠵᠤ ᠠᠬᠤᠢ ᠶ᠋ᠢ ᠰᠠᠢᠵᠢᠷᠠᠭᠤᠯᠵᠤ᠂ ᠵᠠᠩ ᠳᠠᠳᠬᠠᠯ ᠢ᠋ ᠥᠭᠡᠷᠡᠴᠢᠯᠡᠵᠦ᠂ ᠦᠢᠯᠡᠳᠪᠦᠷᠢ ᠬᠤᠳᠠᠯᠳᠤᠭ᠎ᠠ ᠶ᠋ᠢ ᠬᠥᠭᠵᠢᠭᠦᠯᠵᠡᠢ᠃ ᠵᠦᠢᠯ ᠵᠦᠢᠯ ᠦ᠋ᠨ ᠰᠢᠨ᠎ᠡ ᠲᠥᠷᠥ ᠶ᠋ᠢᠨ ᠪᠣᠳᠣᠯᠭ᠎ᠠ ᠶ᠋ᠢ ᠬᠡᠷᠡᠭᠵᠢᠭᠦᠯᠦᠭᠰᠡᠨ ᠡᠴᠡ ᠨᠡᠢᠭᠡᠮ ᠦ᠋ᠨ ᠳᠦᠷᠰᠦ ᠪᠠᠢᠳᠠᠯ ᠴᠤ᠌ ᠴᠣ ᠰᠢᠨ᠎ᠡ ᠪᠣᠯᠤᠭᠰᠠᠨ ᠪᠠᠢᠨ᠎ᠠ᠃ ᠰᠤᠷᠭᠠᠨ ᠬᠥᠮᠦᠵᠢᠯ ᠢ᠋ ᠡᠭᠦᠰᠬᠡᠨ ᠪᠠᠢᠭᠤᠯᠵᠤ᠂ ᠠᠷᠠᠳ ᠤ᠋ᠨ ᠣᠶᠤᠨ ᠤᠬᠠᠭᠠᠨ ᠢ᠋ ᠰᠡᠩᠬᠡᠷᠡᠭᠦᠯᠪᠡ᠃
    ᠬᠦᠩ ᠸᠠᠩ ᠤ᠋ᠨ ᠬᠣᠢᠴᠢ ᠦᠶ᠎ᠡ ᠳ᠋ᠦ᠍ ᠪᠡᠨ ᠬᠠᠮᠤᠭ ᠤ᠋ᠨ ᠶᠡᠬᠡ ᠨᠥᠯᠥᠭᠡ ᠦᠵᠡᠭᠦᠯᠦᠭᠰᠡᠨ ᠠᠷᠭ᠎ᠠ ᠬᠡᠮᠵᠢᠶ᠎ᠡ ᠶ᠋ᠢ ᠬᠡᠯᠡᠪᠡᠯ᠂ ᠣᠷᠴᠢᠨ ᠦᠶ᠎ᠡ ᠶ᠋ᠢᠨ ᠥᠪᠥᠷ ᠮᠣᠩᠭᠣᠯ ᠣᠷᠣᠨ ᠤ᠋ ᠠᠩᠬᠠᠳᠠᠭᠴᠢ ᠠᠯᠪᠠᠨ ᠠ᠋ᠴᠠ ᠡᠷᠬᠢᠯᠡᠭᠰᠡᠨ ᠰᠢᠨ᠎ᠡ ᠮᠠᠶᠢᠭ ᠤ᠋ᠨ ᠰᠤᠷᠭᠠᠭᠤᠯᠢ ᠶ᠋ᠢᠨ ᠲᠠᠩᠬᠢᠮ ᠢ᠋ ᠡᠭᠦᠰᠬᠡᠨ ᠪᠠᠢᠭᠤᠯᠤᠭᠰᠠᠨ ᠶᠠᠪᠤᠳᠠᠯ ᠪᠣᠯᠤᠨ᠎ᠠ᠃ ᠴᠢᠩ ᠤᠯᠤᠰ ᠤ᠋ᠨ ᠳᠤᠮᠳᠠᠴᠢ ᠦᠶ᠎ᠡ ᠡᠴᠡ ᠡᠬᠢᠯᠡᠨ ᠪᠣᠭᠣᠮᠲᠠ ᠳᠣᠲᠣᠷ᠎ᠠ ᠠ᠋ᠴᠠ ᠶᠡᠬᠡ ᠬᠡᠮᠵᠢᠶᠡᠨ ᠦ᠌ ᠬᠥᠮᠦᠨ ᠥᠪᠥᠷ ᠮᠣᠩᠭᠣᠯ ᠳ᠋ᠤ᠌ ᠨᠡᠭᠦᠳᠡᠯᠯᠡᠨ ᠢᠷᠡᠵᠦ ᠠᠵᠤ ᠲᠥᠷᠥᠬᠦ ᠪᠣᠯᠵᠠᠢ᠂ ᠬᠠᠷᠠᠴᠢᠨ ᠬᠣᠰᠢᠭᠤ ᠡᠮᠦᠨ᠎ᠡ ᠲᠠᠯ᠎ᠠ ᠪᠠᠷ ᠢ᠋ᠶ᠋ᠠᠨ ᡁᠢ ᠯᠢ (ᠣᠳᠣ ᠶ᠋ᠢᠨ ᠾᠧᠪᠧᠢ) ᠲᠡᠢ ᠬᠥᠷᠰᠢᠯᠡᠵᠦ ᠪᠣᠢ ᠲᠤᠯᠠ᠂ ᠶᠡᠬᠡ ᠬᠡᠮᠵᠢᠶᠡᠨ ᠦ᠌ ᠬᠢᠲᠠᠳ ᠲᠠᠷᠢᠶᠠᠴᠢᠨ ᠪᠠ ᠬᠤᠳᠠᠯᠳᠤᠭᠠᠴᠢᠨ ᠣᠷᠣᠵᠤ ᠢᠷᠡᠭᠰᠡᠨ ᠪᠠᠢᠨ᠎ᠠ᠃ 
ᠪᠠᠳᠠᠷᠠᠭᠤᠯᠲᠤ ᠲᠥᠷᠥ ᠶ᠋ᠢᠨ ᠬᠣᠷᠢᠨ ᠨᠠᠢ᠍ᠮᠠᠳᠤᠭᠠᠷ ᠣᠨ (1902 ᠣᠨ) ᠤ᠋ ᠰᠡᠭᠦᠯᠴᠢ ᠪᠡᠷ ᠬᠦᠩ ᠸᠠᠩ ᠳᠠᠷᠤᠯᠲᠠ ᠶ᠋ᠢ ᠲᠤᠯᠵᠤ᠂ ᠸᠠᠩ ᠤ᠋ᠨ ᠣᠷᠳᠣᠨ ᠤ᠋ ᠪᠠᠷᠠᠭᠤᠨ ᠬᠦᠷᠢᠶᠡᠨ ᠳ᠋ᠦ᠍ ᠲᠥᠪ ᠢ᠋ ᠡᠷᠬᠢᠮᠯᠡᠬᠦ ᠲᠠᠩᠬᠢᠮ ᠢ᠋ ᠡᠭᠦᠰᠬᠡᠨ ᠪᠠᠢᠭᠤᠯᠵᠤ᠂ ᠥᠪᠡᠷ ᠦ᠋ᠨ ᠪᠡᠶ᠎ᠡ ᠪᠡᠷ ᠢ᠋ᠶ᠋ᠡᠨ ᠰᠤᠷᠭᠠᠭᠤᠯᠢ ᠶ᠋ᠢᠨ ᠵᠠᠬᠢᠷᠤᠯ ᠤ᠋ᠨ ᠲᠤᠰᠢᠶᠠᠯ ᠢ᠋ ᠬᠠᠷᠢᠭᠤᠴᠠᠵᠠᠢ᠃ ᠡᠨᠡ ᠪᠣᠯ ᠬᠦᠩ ᠸᠠᠩ ᠤ᠋ᠨ ᠲᠥᠪ ᠢ᠋ ᠡᠷᠬᠢᠮᠯᠡᠬᠦ ᠲᠠᠩᠬᠢᠮ ᠢ᠋ ᠡᠷᠬᠢᠯᠡᠬᠦ ᠶ᠋ᠢᠨ ᠲᠥᠯᠥᠭᠡ ᠵᠣᠬᠢᠶᠠᠨ ᠪᠦᠲᠦᠭᠡᠭᠰᠡᠨ ᠳᠣᠯᠣᠭᠠᠨ ᠥᠰᠥᠭᠲᠦ ᠰᠢᠯᠦᠭ ᠪᠣᠯᠤᠨ᠎ᠠ᠂ ᠡᠭᠦᠨ ᠳ᠋ᠦ᠍ ᠡᠯ᠎ᠡ ᠦᠨᠳᠦᠰᠦᠲᠡᠨ ᠦ᠌ ᠰᠤᠷᠤᠭᠴᠢᠳ ᠲᠤ᠌ ᠲᠠᠯᠪᠢᠭᠰᠠᠨ ᠴᠢᠩ ᠰᠡᠳᠬᠢᠯ ᠦ᠋ᠨ ᠬᠦᠰᠡᠯ ᠡᠷᠡᠮᠡᠯᠵᠡᠯ ᠪᠣᠢ᠃
ᠲᠥᠷᠥ ᠭᠦᠷᠦᠨ ᠰᠢᠨᠡᠴᠢᠯᠡᠬᠦ ᠶ᠋ᠢ ᠵᠣᠷᠢᠨ ᠵᠠᠭᠤᠨ ᠵᠦᠢᠯ ᠢ᠋ᠶ᠋ᠡᠷ ᠴᠢᠷᠮᠠᠢᠬᠤᠶ᠎ᠠ᠂  
ᠬᠢᠵᠠᠭᠠᠷ ᠬᠣᠰᠢᠭᠤ ᠡᠭᠡᠨᠡᠭᠲᠡ ᠮᠥᠨ ᠤᠬᠠᠭᠠᠨ ᠭᠡᠭᠡᠷᠡᠬᠦᠢ ᠶ᠋ᠢ ᠵᠣᠷᠢᠨᠠᠮ᠃  
ᠲᠥᠪ ᠢ᠋ ᠡᠷᠬᠢᠮᠯᠡᠬᠦ ᠢᠨᠦ ᠤᠷᠢᠳᠠᠬᠢᠨ ᠲᠠᠨ ᠤ᠋ ᠣᠯᠠᠨ ᠠ᠋ᠴᠠ ᠡᠬᠢᠯᠡᠬᠦᠶ᠎ᠡ᠂   
ᠡᠷᠳᠡᠮ ᠴᠢᠳᠠᠯ ᠢ᠋ᠶ᠋ᠠᠨ ᠡᠭᠦᠰᠬᠡᠨ ᠬᠥᠭᠵᠢᠭᠦᠯᠵᠦ ᠪᠢᠴᠢᠭᠲᠡᠨ ᠢ᠋ ᠡᠰᠡ ᠭᠣᠮᠣᠳᠠᠭᠠᠮᠤᠢ᠃  
ᠣᠳᠣ ᠴᠠᠭ ᠤ᠋ᠨ ᠡᠷᠡᠮᠡᠬᠡᠢ ᠵᠣᠷᠢᠭᠲᠠᠨ ᠢ᠋ ᠰᠡᠳᠬᠢᠯ ᠪᠠᠬᠠᠳᠤᠨ ᠬᠠᠷᠠᠬᠤᠶ᠎ᠠ᠂  
ᠢᠷᠡᠬᠦ ᠣᠨ ᠳ᠋ᠤ᠌ ᠲᠦᠰᠢᠭ ᠪᠣᠯᠬᠤ ᠶ᠋ᠢ ᠮᠢᠨᠦ ᠪᠡᠶ᠎ᠡ ᠬᠦᠰᠡᠮᠵᠢᠯᠡᠨᠡᠮ᠃  
ᠬᠢᠵᠠᠭᠠᠯᠠᠰᠢ ᠦᠭᠡᠢ ᠡᠷᠡᠯᠬᠡᠭ ᠰᠠᠨᠠᠭᠠᠨ ᠳ᠋ᠤᠷ ᠰᠦᠯᠳᠡ ᠬᠦᠴᠦ ᠬᠥᠪᠴᠢᠯᠡᠷᠦᠨ᠂  
ᠬᠡᠮᠵᠢᠶᠡᠯᠡᠰᠢ ᠦᠭᠡᠢ ᠵᠣᠷᠢᠭ ᠰᠦᠰᠦᠭᠲᠡᠨ ᠭᠥᠷᠥᠰᠢ ᠭᠦᠷᠦᠨ ᠳ᠋ᠦ᠍ᠷ ᠮᠦᠴᠡᠷᠬᠡᠮᠦᠢ᠃  
    ᠰᠤᠷᠭᠠᠨ ᠬᠥᠮᠦᠵᠢᠯ ᠢ᠋ ᠬᠥᠭᠵᠢᠭᠦᠯᠬᠦ ᠪᠡᠷ ᠠᠷᠠᠳ ᠤ᠋ᠨ ᠣᠶᠤᠨ ᠤᠬᠠᠭᠠᠨ ᠢ᠋ ᠰᠡᠩᠬᠡᠷᠡᠭᠦᠯᠬᠦ ᠪᠣᠯ ᠬᠦᠩ ᠸᠠᠩ ᠤ᠋ᠨ ᠬᠠᠮᠤᠭ ᠤ᠋ᠨ ᠶᠡᠬᠡ ᠬᠦᠰᠡᠯ ᠡᠷᠡᠮᠡᠯᠵᠡᠯ ᠮᠥᠨ᠃ ᠰᠤᠷᠭᠠᠭᠤᠯᠢ ᠨᠢ ᠶᠠᠮᠠᠷ ᠴᠤ᠌ ᠰᠦᠢᠳᠬᠡᠯ ᠬᠤᠷᠢᠶᠠᠬᠤ ᠦᠭᠡᠢ᠂ ᠡᠷᠡᠭᠲᠡᠢ ᠡᠮᠡᠭᠲᠡᠢ ᠭᠡᠵᠦ ᠢᠯᠭᠠᠯ ᠦᠭᠡᠢ ᠡᠯᠰᠡᠵᠦ᠂ ᠡᠯ᠎ᠡ ᠦᠨᠳᠦᠰᠦᠲᠡᠨ ᠦ᠌ ᠰᠤᠷᠤᠭᠴᠢᠳ ᠬᠣᠯᠢᠯᠳᠤᠨ ᠰᠤᠷᠤᠯᠴᠠᠵᠤ᠂ ᠢᠵᠠᠭᠤᠷᠲᠠᠨ ᠪᠠ ᠡᠭᠡᠯ ᠠᠷᠠᠳ ᠪᠦᠷ ᠡᠷᠬᠡ ᠲᠡᠭᠰᠢ ᠪᠠᠢᠪᠠ᠃ ᠰᠤᠷᠤᠭᠴᠢ ᠡᠯᠰᠡᠬᠦ ᠶ᠋ᠢ ᠥᠷᠭᠡᠳᠬᠡᠬᠦ ᠶ᠋ᠢᠨ ᠲᠥᠯᠥᠭᠡ᠂ ᠴᠢᠨᠠᠭᠰᠢᠯᠠᠪᠠᠯ ᠬᠡᠦᠬᠡᠳ ᠢ᠋ᠶ᠋ᠡᠨ ᠰᠤᠷᠭᠠᠭᠤᠯᠢ ᠳ᠋ᠤ᠌ ᠣᠷᠣᠭᠤᠯᠤᠭᠰᠠᠨ ᠭᠡᠷ ᠪᠦᠯᠢ ᠶ᠋ᠢᠨ ᠭᠠᠢᠯᠢ ᠲᠠᠲᠠᠪᠤᠷᠢ ᠶ᠋ᠢ ᠬᠥᠩᠭᠡᠯᠡᠵᠦ ᠭᠡᠯᠳᠦᠷᠢᠭᠦᠯᠪᠡ᠃ ᠪᠠᠭᠰᠢ ᠶ᠋ᠢᠨ ᠡᠩᠨᠡᠭᠡᠨ ᠦ᠌ ᠪᠠᠢᠭᠤᠯᠤᠯᠲᠠ ᠶ᠋ᠢᠨ ᠲᠠᠯ᠎ᠠ ᠪᠠᠷ ᠬᠦᠩ ᠸᠠᠩ ᠮᠥᠩᠭᠥ ᠵᠣᠭᠣᠰ ᠬᠠᠢᠷᠠᠯᠠᠯ ᠦᠭᠡᠢ ᠪᠡᠷ ᠡᠷᠳᠡᠮᠲᠡᠨ ᠮᠡᠷᠭᠡᠳ ᠢ᠋ ᠡᠯᠰᠡᠵᠦ᠂ ᠴᠢᠳᠠᠪᠤᠷᠢᠲᠠᠨ ᠢ᠋ ᠥᠷᠭᠡᠨ ᠢ᠋ᠶ᠋ᠡᠷ ᠤᠷᠢᠵᠤ ᠪᠠᠭᠰᠢᠯᠠᠭᠤᠯᠪᠠ᠃ ᠬᠢᠴᠢᠶᠡᠯ ᠦ᠋ᠨ ᠲᠣᠬᠢᠷᠠᠭᠤᠯᠤᠯᠲᠠ ᠶ᠋ᠢᠨ ᠲᠠᠯ᠎ᠠ ᠪᠠᠷ ᠮᠣᠩᠭᠣᠯ ᠬᠢᠲᠠᠳ ᠬᠡᠯᠡᠨ ᠦ᠌ 《ᠭᠤᠷᠪᠠᠨ ᠥᠰᠥᠭᠲᠦ ᠨᠣᠮ》᠂ 《ᠮᠢᠩᠭᠠᠨ ᠥᠰᠥᠭᠲᠦ ᠨᠣᠮ》᠂ 《ᠳᠥᠷᠪᠡᠨ ᠪᠢᠴᠢᠭ》᠂ 《ᠲᠠᠪᠤᠨ ᠨᠣᠮ》 ᠠ᠋ᠴᠠ ᠭᠠᠳᠠᠨ᠎ᠠ ᠪᠠᠰᠠ ᠲᠣᠭ᠎ᠠ ᠪᠣᠳᠣᠯᠭ᠎ᠠ᠂ ᠰᠢᠨᠵᠢᠯᠡᠬᠦ ᠤᠬᠠᠭᠠᠨ᠂ ᠤᠷᠠᠨ ᠪᠢᠴᠢᠯᠭᠡ᠂ ᠤᠷᠠᠨ ᠵᠢᠷᠤᠭ᠂ ᠳᠠᠭᠤᠤ ᠬᠥᠭᠵᠢᠮ᠂ ᠪᠡᠶ᠎ᠡ ᠲᠠᠮᠢᠷ ᠵᠡᠷᠭᠡ ᠬᠢᠴᠢᠶᠡᠯ ᠢ᠋ ᠲᠣᠬᠢᠷᠠᠭᠤᠯᠵᠠᠢ᠃ ᠲᠥᠪ ᠢ᠋ ᠡᠷᠬᠢᠮᠯᠡᠬᠦ ᠲᠠᠩᠬᠢᠮ ᠨᠢ ᠥᠪᠥᠷ ᠮᠣᠩᠭᠣᠯ ᠣᠷᠣᠨ ᠳ᠋ᠤ᠌ ᠣᠷᠴᠢᠨ ᠦᠶ᠎ᠡ ᠶ᠋ᠢᠨ ᠰᠤᠷᠭᠠᠨ ᠬᠥᠮᠦᠵᠢᠯ ᠦ᠋ᠨ ᠠᠩᠬᠠᠨ ᠤ᠋ ᠬᠥᠰᠢᠭᠡ ᠶ᠋ᠢ ᠰᠡᠬᠦᠵᠦ᠂ ᠬᠢᠯᠢ ᠬᠢᠵᠠᠭᠠᠷ ᠤ᠋ᠨ ᠦᠨᠳᠦᠰᠦᠲᠡᠨ ᠦ᠌ ᠣᠷᠣᠨ ᠤ᠋ ᠰᠣᠶᠣᠯ ᠰᠤᠷᠭᠠᠨ ᠬᠥᠮᠦᠵᠢᠯ ᠦ᠋ᠨ ᠦᠢᠯᠡᠰ ᠦ᠋ᠨ ᠬᠥᠭᠵᠢᠯᠲᠡ ᠳ᠋ᠦ᠍ ᠮᠠᠰᠢ ᠰᠠᠢᠨ ᠵᠢᠱ᠌ᠢᠶ᠎ᠡ ᠦᠵᠡᠭᠦᠯᠪᠡ᠃ ᠰᠤᠷᠭᠠᠭᠤᠯᠢ ᠨᠢ ᠣᠷᠴᠢᠨ ᠦᠶ᠎ᠡ ᠶ᠋ᠢᠨ ᠥᠪᠥᠷ ᠮᠣᠩᠭᠣᠯ ᠤ᠋ᠨ ᠤᠯᠤᠰ ᠲᠥᠷᠥ᠂ ᠰᠣᠶᠣᠯ᠂ ᠡᠮ ᠡᠮᠨᠡᠯᠭᠡ᠂ ᠴᠡᠷᠢᠭ ᠦ᠋ᠨ ᠶᠠᠪᠤᠳᠠᠯ ᠵᠡᠷᠭᠡ ᠴᠠᠷᠠᠭ᠎ᠠ ᠬᠦᠷᠢᠶᠡᠨ ᠳ᠋ᠦ᠍ ᠶᠡᠬᠡ ᠬᠡᠮᠵᠢᠶᠡᠨ ᠦ᠌ ᠴᠢᠳᠠᠪᠤᠷᠢᠲᠠᠨ ᠢ᠋ ᠬᠥᠮᠦᠵᠢᠭᠦᠯᠦᠭᠰᠡᠨ ᠢ᠋ᠶ᠋ᠡᠷ ᠪᠠᠷᠠᠬᠤ ᠦᠭᠡᠢ ᠪᠠᠰᠠ ᠳᠣᠲᠣᠷ᠎ᠠ ᠭᠠᠵᠠᠷ ᠲᠤ᠌ ᠶᠡᠬᠡ ᠬᠡᠮᠵᠢᠶᠡᠨ ᠦ᠌ ᠰᠢᠯᠢᠳᠡᠭ ᠲᠡᠭᠦᠰᠦᠭᠰᠡᠨ ᠰᠤᠷᠤᠭᠴᠢᠳ ᠢ᠋ ᠬᠦᠷᠭᠡᠭᠰᠡᠨ ᠪᠠᠢᠨ᠎ᠠ᠃ ᠳᠣᠲᠣᠭᠠᠳᠤ ᠶ᠋ᠢᠨ ᠵᠣᠪᠠᠯᠠᠩ ᠭᠠᠳᠠᠭᠠᠳᠤ ᠶ᠋ᠢᠨ ᠠᠶᠤᠯ ᠳ᠋ᠤ᠌ ᠲᠤᠯᠭᠠᠷᠠᠭᠰᠠᠨ ᠪᠠᠳᠠᠷᠠᠭᠤᠯᠲᠤ ᠲᠥᠷᠥ ᠬᠠᠭᠠᠨ ᠡᠨᠡ ᠬᠦ ᠡᠷᠡᠰ ᠵᠣᠷᠢᠭ ᠲᠠᠢ ᠬᠤᠪᠢᠰᠤᠯᠲᠠ  ᠶ᠋ᠢ ᠶᠡᠬᠡ ᠪᠡᠷ ᠮᠠᠭᠲᠠᠨ ᠰᠠᠢᠰᠢᠶᠠᠵᠤ᠂ ᠪᠠᠳᠠᠷᠠᠭᠤᠯᠲᠤ ᠲᠥᠷᠥ ᠶ᠋ᠢᠨ ᠭᠤᠴᠢᠨ ᠬᠣᠶᠠᠳᠤᠭᠠᠷ ᠣᠨ (1906 ᠣᠨ) ᠳ᠋ᠤ᠌ ᠬᠦᠩ ᠸᠠᠩ ᠤ᠋ᠨ ᠠᠷᠠᠳ ᠤ᠋ᠨ ᠤᠬᠠᠭᠠᠨ ᠢ᠋ ᠭᠡᠭᠡᠷᠡᠭᠦᠯᠦᠭᠰᠡᠨ ᠭᠠᠪᠢᠶ᠎ᠠ ᠶ᠋ᠢ ᠬᠥᠬᠢᠭᠦᠯᠦᠨ ᠰᠠᠢᠰᠢᠶᠠᠬᠤ ᠶ᠋ᠢᠨ ᠲᠥᠯᠥᠭᠡ 《ᠮᠣᠩᠭᠣᠯ ᠬᠢᠵᠠᠭᠠᠷ ᠢ᠋ ᠬᠡᠬᠡᠷᠡᠭᠦᠯᠦᠭᠰᠡᠨ》 ᠭᠡᠰᠡᠨ ᠢᠯᠡᠷᠬᠡᠢᠯᠡᠯ ᠢ᠋ ᠱᠠᠩᠨᠠᠵᠠᠢ᠃ ᠪᠢᠴᠢᠭ ᠴᠡᠷᠢᠭ ᠦ᠋ᠨ ᠡᠷᠳᠡᠮ ᠢ᠋ ᠬᠣᠣᠰᠯᠠᠭᠤᠯᠵᠤ ᠡᠷᠡᠭᠲᠡᠢ ᠡᠮᠡᠭᠲᠡᠢ ᠡᠷᠬᠡ ᠲᠡᠭᠰᠢ ᠪᠠᠢᠬᠤ ᠶ᠋ᠢ ᠡᠷᠬᠢᠮᠯᠡᠪᠡ᠃  
ᠲᠥᠪ ᠶᠣᠰᠣ ᠴᠢᠭᠴᠢ ᠰᠤᠷᠲᠠᠯ ᠢ᠋ ᠪᠡᠶ᠎ᠡ ᠴᠡᠭᠡᠵᠢᠨ ᠳ᠋ᠦ᠍ ᠪᠡᠨ ᠠᠬᠤᠭᠤᠯᠵᠤ᠂ 
ᠡᠷᠬᠢᠮ ᠪᠣᠳᠣᠯ ᠡᠷᠡᠯᠬᠡᠭ ᠵᠣᠷᠢᠭ ᠢ᠋ᠶ᠋ᠠᠷ ᠡᠩ ᠶᠢᠷᠲᠢᠨᠴᠦ ᠶ᠋ᠢ ᠦᠭᠡᠷᠡᠴᠢᠯᠡᠰᠦᠬᠦᠢ᠃   
ᠡᠨᠡ ᠪᠣᠯ ᠬᠦᠩ ᠸᠠᠩ ᠤ᠋ᠨ ᠲᠥᠪ ᠢ᠋ ᠡᠷᠬᠢᠮᠯᠡᠬᠦ ᠲᠠᠩᠬᠢᠮ ᠤ᠋ᠨ ᠬᠢᠴᠢᠶᠡᠯ ᠡᠬᠢᠯᠡᠬᠦ ᠶᠣᠰᠣᠯᠠᠯ ᠳᠡᠭᠡᠷ᠎ᠡ ᠪᠢᠴᠢᠭᠰᠡᠨ ᠬᠣᠣᠰ ᠤᠶᠠᠩᠭ᠎ᠠ ᠪᠣᠯᠤᠨ᠎ᠠ᠃ ᠰᠤᠷᠤᠭᠴᠢᠳ ᠵᠢᠴᠢ ᠰᠤᠷᠭᠠᠨ ᠬᠥᠮᠦᠵᠢᠯ ᠦ᠋ᠨ ᠦᠢᠯᠡᠰ ᠲᠦ᠍ ᠲᠠᠯᠪᠢᠭᠰᠠᠨ ᠲᠡᠭᠦᠨ ᠦ᠌ ᠬᠢᠵᠠᠭᠠᠯᠠᠰᠢ ᠦᠭᠡᠢ ᠬᠦᠰᠡᠯ ᠡᠷᠡᠮᠡᠯᠵᠡᠯ ᠨᠢ ᠥᠭᠡᠷᠡᠴᠢᠯᠡᠯᠲᠡ ᠬᠢᠵᠦ ᠰᠤᠷᠭᠠᠭᠤᠯᠢ ᠡᠷᠬᠢᠯᠡᠬᠦ ᠶᠠᠪᠤᠴᠠ ᠳ᠋ᠤ᠌ ᠭᠦᠢᠴᠡᠳ ᠪᠠᠶᠠᠯᠠᠯᠲᠠ ᠪᠠᠨ ᠣᠯᠤᠭᠰᠠᠨ ᠪᠠᠢᠨ᠎ᠠ᠃ ᠳᠤᠮᠳᠠᠳᠤ ᠶ᠋ᠢᠨ ᠦᠨᠳᠦᠰᠦᠲᠡᠨ ᠵᠡᠪᠰᠡᠭ ᠦ᠋ᠨ ᠡᠷᠳᠡᠮ ᠢ᠋ ᠡᠷᠬᠢᠮᠯᠡᠬᠦ ᠤᠳᠤᠮᠰᠢᠯ ᠲᠠᠢ᠂ ᠨᠡᠭᠦᠳᠡᠯᠴᠢᠨ ᠦᠨᠳᠦᠰᠦᠲᠡᠨ ᠦ᠌ ᠭᠠᠷᠤᠯ ᠲᠠᠢ ᠬᠦᠩ ᠸᠠᠩ ᠴᠡᠷᠢᠭ ᠦ᠋ᠨ ᠪᠡᠯᠡᠳᠬᠡᠯ ᠢ᠋ ᠨᠡᠩ ᠴᠢᠬᠤᠯᠠᠴᠢᠯᠠᠳᠠᠭ᠃ ᠨᠠᠢ᠍ᠮᠠᠨ ᠤᠯᠤᠰ ᠤ᠋ᠨ ᠬᠣᠯᠪᠣᠭᠠᠲᠤ ᠴᠡᠷᠢᠭ ᠳᠤᠮᠳᠠᠳᠤ ᠤᠯᠤᠰ ᠢ᠋ ᠲᠦᠷᠢᠮᠡᠬᠡᠢᠯᠡᠭᠰᠡᠨ ᠦ᠌ ᠳᠠᠷᠠᠭ᠎ᠠ᠂ ᠬᠦᠩ ᠸᠠᠩ ᠢᠳᠡᠪᠬᠢᠲᠡᠢ ᠪᠡᠷ ᠤᠷᠢᠶᠠᠯᠠᠭ᠎ᠠ ᠶ᠋ᠢ ᠴᠤᠤᠷᠢᠶᠠᠲᠤᠨ ᠳᠠᠭᠠᠵᠤ᠂ ᠵᠠᠯᠠᠭᠤ ᠢᠳᠡᠷᠴᠦᠳ ᠢ᠋ ᠰᠣᠩᠭᠣᠨ ᠸᠠᠩ ᠤ᠋ᠨ ᠣᠷᠳᠣᠨ ᠤ᠋ ᠰᠡᠷᠭᠡᠢᠯᠡᠨ ᠬᠠᠮᠠᠭᠠᠯᠠᠬᠤ ᠠᠩᠭᠢ ᠲᠠᠢ ᠬᠠᠮᠲᠤ ᠰᠢᠨ᠎ᠡ ᠮᠠᠶᠢᠭ ᠤ᠋ᠨ ᠴᠡᠷᠢᠭ ᠠᠩᠭᠢ ᠪᠣᠯᠭᠠᠨ ᠴᠡᠭᠴᠡᠯᠡᠨ ᠪᠠᠢᠭᠤᠯᠵᠤ᠂ ᠪᠦᠦ ᠳ᠋ᠢᠩ ᠦ᠋ᠨ ᠴᠡᠷᠢᠭ ᠦ᠋ᠨ ᠪᠡᠯᠡᠳᠬᠡᠯ ᠦ᠋ᠨ ᠰᠤᠷᠭᠠᠭᠤᠯᠢ ᠠ᠋ᠴᠠ ᠲᠡᠭᠦᠰᠦᠭᠰᠡᠨ ᠵᠧᠦ ᠴᠦᠨ ᠹᠠᠩ ᠢ᠋ ᠪᠠᠭᠰᠢ ᠪᠠᠷ ᠤᠷᠢᠵᠤ᠂ ᠤᠮᠠᠷᠠᠲᠤ ᠶ᠋ᠢᠨ ᠰᠢᠨ᠎ᠡ ᠴᠡᠷᠢᠭ ᠦ᠋ᠨ ᠪᠠᠷᠢᠮᠵᠢᠶ᠎ᠠ ᠪᠠᠷ ᠪᠣᠯᠪᠠᠰᠤᠷᠠᠯ ᠬᠢᠯᠭᠡᠵᠡᠢ᠃ ᠲᠥᠪ ᠢ᠋ ᠡᠷᠬᠢᠮᠯᠡᠬᠦ ᠲᠠᠩᠬᠢᠮ ᠪᠠᠢᠭᠤᠯᠤᠭᠳᠠᠭᠰᠠᠨ ᠤ᠋ ᠳᠠᠷᠠᠭ᠎ᠠ᠂ ᠬᠦᠩ ᠸᠠᠩ ᠬᠤᠪᠢ ᠬᠥᠮᠦᠨ ᠦ᠌ ᠨᠡᠷ᠎ᠡ ᠪᠡᠷ ᠶᠠᠫᠣᠨ ᠳ᠋ᠤ᠌ ᠬᠦᠷᠴᠦ ᠮᠸᠢᠢᠵᠢ ᠶ᠋ᠢᠨ ᠰᠢᠨᠡᠴᠢᠯᠡᠯᠲᠡ ᠶ᠋ᠢᠨ ᠦᠷ᠎ᠡ ᠪᠦᠲᠦᠭᠡᠯ ᠢ᠋ ᠪᠠᠢᠴᠠᠭᠠᠪᠠ᠃ ᠤᠯᠤᠰ ᠲᠤ᠌ ᠪᠠᠨ ᠪᠤᠴᠠᠭᠰᠠᠨ ᠤ᠋ ᠳᠠᠷᠠᠭ᠎ᠠ ᠬᠦᠩ ᠸᠠᠩ ᠳᠠᠷᠤᠢ ᠲᠥᠪ ᠢ᠋ ᠰᠠᠬᠢᠬᠤ ᠲᠠᠩᠬᠢᠮ ᠢ᠋ ᠡᠭᠦᠰᠬᠡᠨ ᠪᠠᠢᠭᠤᠯᠵᠤ᠂ 30 ᠬᠥᠮᠦᠨ ᠢ᠋ ᠰᠣᠩᠭᠣᠨ ᠰᠤᠷᠤᠯᠴᠠᠭᠤᠯᠵᠠᠢ᠃ ᠰᠤᠷᠭᠠᠭᠤᠯᠢ ᠡᠷᠬᠢᠯᠡᠭᠰᠡᠨ ᠦᠷ᠎ᠡ ᠪᠦᠲᠦᠭᠡᠯ ᠢ᠋ᠶ᠋ᠡᠨ ᠤᠯᠠᠮ ᠨᠢᠭᠡ ᠠᠯᠬᠤᠮ ᠳᠡᠭᠡᠭᠰᠢᠯᠡᠭᠦᠯᠬᠦ ᠶ᠋ᠢᠨ ᠲᠥᠯᠥᠭᠡ᠂ ᠬᠦᠩ ᠸᠠᠩ ᠤᠷᠢᠳ ᠬᠣᠵᠢᠳ ᠣᠯᠠᠨ ᠰᠢᠯᠢᠳᠡᠭ ᠲᠡᠭᠦᠰᠦᠭᠰᠡᠨ ᠰᠤᠷᠤᠭᠴᠢ ᠶ᠋ᠢ ᠪᠡᠭᠡᠵᠢᠩ᠂ ᠪᠤᠤ ᠳ᠋ᠢᠩ ᠵᠢᠴᠢ ᠶᠠᠫᠣᠨ ᠳ᠋ᠤ᠌ ᠲᠣᠮᠢᠯᠠᠨ ᠰᠤᠷᠤᠯᠴᠠᠭᠤᠯᠪᠠ᠃ ᠡᠷᠲᠡᠨ ᠦ᠌ ᠬᠥᠮᠦᠰ 《ᠡᠮᠡᠭᠲᠡᠢ ᠬᠥᠮᠦᠨ ᠠᠪᠢᠶᠠᠰ ᠴᠢᠳᠠᠪᠤᠷᠢ ᠦᠭᠡᠢ ᠶ᠋ᠢᠨ ᠲᠤᠯᠠᠳᠠ ᠶᠣᠰᠣᠷᠬᠠᠭ》 ᠭᠡᠮᠡᠨ ᠦᠵᠡᠵᠦ᠂ ᠡᠮᠡᠭᠲᠡᠢᠴᠦᠳ ᠦ᠋ᠨ ᠰᠤᠷᠭᠠᠨ ᠬᠥᠮᠦᠵᠢᠯ ᠢ᠋ ᠬᠦᠨᠳᠦᠳᠬᠡᠳᠡᠭ ᠦᠭᠡᠢ ᠪᠠᠢᠯ᠎ᠠ᠃ ᠬᠦᠩ ᠸᠠᠩ ᠡᠮᠡᠭᠲᠡᠢᠴᠦᠳ ᠦ᠋ᠨ ᠪᠠᠢᠷᠢ ᠰᠠᠭᠤᠷᠢ ᠶ᠋ᠢ ᠳᠡᠭᠡᠭᠰᠢᠯᠡᠭᠦᠯᠬᠦ ᠪᠣᠯ ᠦᠨᠳᠦᠰᠦᠲᠡᠨ ᠢ᠋ᠶ᠋ᠡᠨ ᠬᠥᠭᠵᠢᠭᠦᠯᠦᠨ ᠮᠠᠨᠳᠤᠭᠤᠯᠬᠤ ᠶ᠋ᠢᠨ ᠵᠠᠩᠭᠢᠯᠠᠭ᠎ᠠ ᠶ᠋ᠢᠨ ᠨᠢᠭᠡ ᠪᠣᠯᠤᠨ᠎ᠠ ᠭᠡᠳᠡᠭ ᠢ᠋ ᠭᠦᠨᠵᠡᠭᠡᠢ ᠲᠠᠨᠢᠵᠤ᠂ ᠬᠡᠷᠡᠭᠵᠢᠭᠦᠯᠦᠭᠰᠡᠨ ᠰᠢᠨ᠎ᠡ ᠲᠥᠷᠥ ᠶ᠋ᠢᠨ ᠪᠣᠳᠣᠯᠭ᠎ᠠ ᠳ᠋ᠤ᠌ ᠬᠥᠯ ᠣᠷᠢᠶᠠᠬᠤ ᠶ᠋ᠢ ᠴᠠᠭᠠᠵᠠᠯᠠᠬᠤ᠂ ᠡᠮᠡᠭᠲᠡᠢ ᠴᠢᠳᠠᠪᠤᠷᠢᠲᠠᠨ ᠢ᠋ ᠬᠦᠨᠳᠦ ᠪᠡᠷ ᠬᠡᠷᠡᠭᠯᠡᠬᠦ ᠵᠡᠷᠭᠡ ᠠᠷᠭ᠎ᠠ ᠬᠡᠮᠵᠢᠶ᠎ᠡ ᠶ᠋ᠢ ᠪᠠᠭᠲᠠᠭᠠᠵᠤ᠂ ᠪᠠᠰᠠ ᠨᠢᠯᠬ᠎ᠠ ᠬᠡᠦᠬᠡᠳ ᠪᠣᠢᠵᠢᠭᠤᠯᠬᠤ ᠲᠠᠩᠬᠢᠮ ᠪᠠᠢᠭᠤᠯᠵᠤ ᠭᠣᠯᠣᠭᠳᠠᠭᠰᠠᠨ ᠨᠢᠯᠬ᠎ᠠ ᠬᠡᠦᠬᠡᠳ ᠢ᠋ ᠡᠷᠭᠦᠨ ᠲᠡᠵᠢᠭᠡᠵᠦ᠂ ᠪᠥᠰ ᠨᠡᠬᠡᠬᠦ ᠦᠢᠯᠡᠳᠪᠦᠷᠢ ᠪᠠᠢᠭᠤᠯᠵᠤ ᠡᠮᠡᠭᠲᠡᠢᠴᠦᠳ ᠲᠦ᠍ ᠠᠵᠢᠯ ᠤ᠋ᠨ ᠪᠠᠢᠷᠢ ᠬᠠᠩᠭᠠᠭᠰᠠᠨ ᠪᠠᠢᠨ᠎ᠠ᠃ ᠡᠮᠡᠭᠲᠡᠢᠴᠦᠳ ᠢ᠋ ᠡᠢᠮᠦᠷᠬᠦᠦ ᠦᠵᠡᠯ ᠰᠠᠨᠠᠭ᠎ᠠ ᠪᠠᠷ ᠬᠦᠯᠢᠶᠡᠰᠦᠯᠡᠭᠰᠡᠨ ᠪᠡᠬᠢᠯᠡᠯᠲᠡ ᠶ᠋ᠢ ᠤᠯᠠᠮ ᠨᠢᠭᠡ ᠠᠯᠬᠤᠮ ᠡᠪᠳᠡᠬᠦ ᠶ᠋ᠢᠨ ᠲᠥᠯᠥᠭᠡ᠂ ᠪᠠᠳᠠᠷᠠᠭᠤᠯᠲᠤ ᠲᠥᠷᠥ ᠶ᠋ᠢᠨ ᠬᠣᠷᠢ ᠶᠢᠰᠦᠳᠦᠭᠡᠷ ᠣᠨ (1903 ᠣᠨ) ᠤ᠋ ᠠᠷᠪᠠᠨ ᠬᠣᠶᠠᠳᠤᠭᠠᠷ ᠰᠠᠷ᠎ᠠ ᠳ᠋ᠤ᠌ ᠬᠦᠩ ᠸᠠᠩ ᠸᠠᠩ ᠤ᠋ᠨ ᠣᠷᠳᠣᠨ ᠤ᠋ ᠤᠤᠯ ᠤ᠋ᠨ ᠰᠢ ᠲᠣᠭᠯᠠᠭᠴᠢᠳ ᠤ᠋ᠨ ᠰᠠᠭᠤᠳᠠᠭ ᠪᠠᠭ᠎ᠠ ᠬᠦᠷᠢᠶᠡᠨ ᠳ᠋ᠦ᠍ ᠲᠥᠪ ᠢ᠋ ᠬᠥᠮᠦᠵᠢᠭᠦᠯᠬᠦ ᠥᠬᠢᠳ ᠦ᠋ᠨ ᠪᠢᠴᠢᠭ ᠦ᠋ᠨ ᠲᠠᠩᠬᠢᠮ ᠢ᠋ ᠪᠠᠢᠭᠤᠯᠵᠤ᠂ ᠲᠡᠭᠦᠨ ᠦ᠌ ᠹᠦᠵᠢᠨ ᠬᠠᠲᠤᠨ ᠱᠠᠨ ᠺᠦᠨ ᠥᠪᠡᠷ ᠦ᠋ᠨ ᠪᠡᠶ᠎ᠡ ᠪᠡᠷ ᠢ᠋ᠶ᠋ᠡᠨ ᠰᠤᠷᠭᠠᠭᠤᠯᠢ ᠶ᠋ᠢᠨ ᠶᠠᠪᠤᠳᠠᠯ ᠢ᠋ ᠡᠷᠬᠢᠯᠡᠪᠡ᠃ ᠡᠨᠡ ᠪᠣᠯ ᠥᠪᠥᠷ ᠮᠣᠩᠭᠣᠯ ᠣᠷᠣᠨ ᠤ᠋ ᠠᠩᠬᠠᠳᠠᠭᠴᠢ ᠰᠢᠨ᠎ᠡ ᠮᠠᠶᠢᠭ ᠤ᠋ᠨ ᠥᠬᠢᠳ ᠦ᠋ᠨ ᠰᠤᠷᠭᠠᠭᠤᠯᠢ ᠪᠣᠯᠬᠤ ᠪᠥᠭᠡᠳ ᠥᠬᠢᠳ ᠦ᠋ᠨ ᠰᠤᠷᠭᠠᠨ ᠬᠥᠮᠦᠵᠢᠯ ᠦ᠋ᠨ ᠠᠩᠬᠠᠨ ᠤ᠋ ᠬᠥᠰᠢᠭᠡ ᠶ᠋ᠢ ᠰᠡᠬᠦᠭᠰᠡᠨ ᠶᠠᠪᠤᠳᠠᠯ ᠪᠣᠯᠤᠨ᠎ᠠ᠃ ᠱᠠᠨ ᠺᠦᠨ ᠰᠤᠷᠭᠠᠭᠤᠯᠢ ᠡᠬᠢᠯᠡᠬᠦ ᠶᠣᠰᠣᠯᠠᠯ ᠳᠡᠭᠡᠷ᠎ᠡ ᠡᠷᠡᠭᠲᠡᠢ ᠡᠮᠡᠭᠲᠡᠢ ᠶᠡᠷᠦ ᠡᠴᠡ ᠪᠡᠨ ᠡᠷᠬᠡ ᠲᠡᠭᠰᠢ᠂ ᠲᠤᠰ ᠲᠤᠰ ᠤ᠋ᠨ ᠬᠢᠪᠡᠰᠦ ᠵᠣᠬᠢᠬᠤ ᠠᠵᠢᠯ ᠦᠢᠯᠡᠰ ᠲᠡᠢ ᠪᠠᠢᠵᠤ᠂ ᠡᠮᠡᠭᠲᠡᠢ ᠬᠥᠮᠦᠨ ᠰᠤᠷᠭᠠᠨ ᠬᠥᠮᠦᠵᠢᠯ ᠠᠳᠠᠯᠢᠬᠠᠨ ᠬᠦᠷᠲᠡᠬᠦ ᠡᠷᠬᠡ ᠲᠡᠢ ᠭᠡᠵᠦ ᠢᠯᠡᠳᠬᠡᠭᠰᠡᠨ ᠪᠠᠢᠨ᠎ᠠ᠃ ᠪᠠᠢᠩᠭᠤ ᠶ᠋ᠢᠨ ᠬᠢᠴᠢᠶᠡᠯ ᠡᠴᠡ ᠭᠠᠳᠠᠨ᠎ᠠ᠂ ᠲᠥᠪ ᠢ᠋ ᠬᠥᠮᠦᠵᠢᠭᠦᠯᠬᠦ ᠥᠬᠢᠳ ᠦ᠋ᠨ ᠪᠢᠴᠢᠭ ᠦ᠋ᠨ ᠲᠠᠩᠬᠢᠮ ᠳ᠋ᠤ᠌ ᠪᠠᠰᠠ ᠡᠷᠡᠭᠦᠯ ᠬᠠᠮᠠᠭᠠᠯᠠᠯ᠂ ᠹᠢᠽᠢᠣᠯᠣᠭᠢ᠂ ᠬᠤᠪᠴᠠᠰᠤ ᠬᠤᠨᠠᠷ᠂ ᠬᠣᠭᠣᠯᠠ ᠵᠠᠭᠤᠰᠢ᠂ ᠬᠡᠦᠬᠡᠳ ᠪᠣᠢᠵᠢᠭᠤᠯᠬᠤ᠂ ᠣᠶᠣᠳᠠᠯ ᠡᠰᠬᠡᠬᠦ ᠵᠡᠷᠭᠡ ᠡᠮᠡᠭᠲᠡᠢᠴᠦᠳ ᠲᠦ᠍ ᠴᠢᠭᠤᠯᠭᠠᠨ ᠲᠣᠬᠢᠷᠠᠬᠤ ᠥᠪᠡᠷᠮᠢᠴᠡ ᠣᠨᠴᠠᠯᠢᠭ ᠲᠠᠢ ᠬᠢᠴᠢᠶᠡᠯ ᠲᠣᠬᠢᠷᠠᠭᠤᠯᠤᠭᠰᠠᠨ ᠪᠠᠢᠳᠠᠭ᠃ ᠬᠦᠩ ᠸᠠᠩ ᠥᠪᠡᠷ ᠦ᠋ᠨ ᠭᠡᠷ ᠦ᠋ᠨ ᠬᠥᠮᠦᠰ ᠢ᠋ᠶ᠋ᠡᠷ ᠢ᠋ᠶ᠋ᠡᠨ ᠦᠯᠢᠭᠡᠷ ᠵᠢᠱ᠌ᠢᠶ᠎ᠡ ᠪᠣᠯᠭᠠᠵᠤ᠂ ᠥᠬᠢᠨ ᠳᠡᠭᠦᠦ ᠯᠠᠨ ᠵᠧᠨ ᠢ᠋ᠶ᠋ᠡᠨ ᠲᠠᠩᠬᠢᠮ ᠳ᠋ᠤ᠌ ᠬᠦᠷᠭᠡᠨ ᠰᠤᠷᠤᠯᠴᠠᠭᠤᠯᠵᠤ᠂ ᠡᠭᠡᠯ ᠠᠷᠠᠳ ᠤ᠋ᠨ ᠬᠡᠦᠬᠡᠳ ᠲᠡᠢ ᠬᠠᠮᠲᠤ ᠢᠳᠡᠵᠦ ᠬᠠᠮᠲᠤ ᠬᠣᠨᠣᠵᠤ᠂ ᠪᠠᠰᠠ ᠨᠠᠰᠤ ᠠᠬᠠᠰᠢᠷᠠᠭᠰᠠᠨ ᠬᠥᠭᠰᠢᠨ ᠡᠵᠢ ᠪᠡᠨ ᠵᠠᠯᠠᠵᠤ᠂ ᠦᠰᠦᠭ ᠲᠠᠨᠢᠭᠤᠯᠵᠤ ᠰᠣᠶᠣᠯ ᠤ᠋ᠨ ᠪᠠᠯᠠᠢ ᠶ᠋ᠢ ᠠᠷᠢᠯᠭᠠᠬᠤ ᠬᠥᠳᠡᠯᠭᠡᠭᠡᠨ ᠢ᠋ ᠲᠦᠷᠦᠭᠦᠯᠡᠨ ᠥᠷᠨᠢᠭᠦᠯᠪᠡ᠃ ᠲᠥᠪ ᠢ᠋ ᠬᠥᠮᠦᠵᠢᠭᠦᠯᠬᠦ ᠥᠬᠢᠳ ᠦ᠋ᠨ ᠪᠢᠴᠢᠭ ᠦ᠋ᠨ ᠲᠠᠩᠬᠢᠮ ᠪᠠᠰᠠ ᠤᠷᠢᠳ ᠬᠣᠵᠢᠳ ᠰᠤᠷᠤᠭᠴᠢᠳ ᠢ᠋ ᠲᠣᠮᠢᠯᠠᠨ ᠱᠠᠩᠬᠠᠢ᠂ ᠶᠠᠫᠣᠨ ᠵᠡᠷᠭᠡ ᠭᠠᠵᠠᠷ ᠢ᠋ᠶ᠋ᠠᠷ ᠰᠤᠷᠤᠯᠴᠠᠭᠤᠯᠵᠠᠢ᠃ ᠡᠮᠡᠭᠲᠡᠢᠴᠦᠳ ᠦ᠋ᠨ ᠬᠥᠮᠦᠵᠢᠯ ᠳ᠋ᠦ᠍ ᠬᠦᠩ ᠸᠠᠩ ᠤ᠋ᠨ ᠦᠵᠡᠭᠦᠯᠦᠭᠰᠡᠨ ᠠᠤᠭ᠎ᠠ ᠶᠡᠬᠡ ᠭᠠᠪᠢᠶ᠎ᠠ ᠵᠢᠳᠬᠦᠯ ᠢ᠋ ᠬᠥᠬᠢᠭᠦᠯᠦᠨ ᠰᠠᠢᠰᠢᠶᠠᠬᠤ ᠶ᠋ᠢᠨ ᠲᠥᠯᠥᠭᠡ᠂ ᠪᠠᠳᠠᠷᠠᠭᠤᠯᠲᠤ ᠲᠥᠷᠥ ᠬᠠᠭᠠᠨ ᠪᠠᠰᠠ 《ᠰᠤᠷᠭᠠᠯ ᠰᠠᠢᠨ ᠵᠠᠮ ᠳᠠᠷᠳᠠᠩ》 ᠭᠡᠰᠡᠨ ᠪᠢᠴᠢᠭᠡᠰᠦ ᠲᠡᠢ ᠢᠯᠡᠷᠬᠡᠢᠯᠡᠯ ᠢ᠋ ᠱᠠᠩᠨᠠᠵᠠᠢ᠃