ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠤ᠋ 1 ᠰᠠᠷ᠎ᠠ Итгэлт Хамба бламын сургааль ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠤ᠋ 1 ᠰᠠᠷ᠎ᠠ Итгэлт Хамба бламын сургааль

ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠤ᠋ 1 ᠰᠠᠷ᠎ᠠ Итгэлт Хамба бламын сургааль

2025-02-09

444

ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠤ᠋ 1 ᠰᠠᠷ᠎ᠠ 

ᠬᠠᠮᠪᠤ ᠪᠯᠠᠮ᠎ᠠ ᠳ᠋ᠠᠮᠪᠠ ᠠᠶᠤᠰᠢᠶᠸᠪ 
ᠢᠲᠡᠭᠡᠯᠲᠦ ᠬᠠᠮᠪᠤ ᠪᠯᠠᠮ᠎ᠠ ᠶ᠋ᠢᠨ ᠵᠠᠯᠪᠠᠷᠢᠯ 
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ᠂ ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ᠂ ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ᠂ ᠢᠲᠡᠭᠡᠯᠲᠦ ᠬᠠᠮᠪᠤ ᠪᠯᠠᠮ᠎ᠠ ᠶ᠋ᠢᠨ ᠥᠯᠮᠡᠢ ᠳ᠋ᠦ᠍ ᠵᠠᠯᠪᠠᠷᠢᠨᠠᠮ᠃ 
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ᠂ ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ᠂ ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ᠃
2025.01.01
ᠯᠤᠤ ᠵᠢᠯ᠂ ᠦᠬᠡᠷ ᠰᠠᠷ᠎ᠠ ᠶ᠋ᠢᠨ2᠎ᠤᠨ ᠴᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠦᠨᠳᠦᠰᠦᠨ ᠪᠠᠭᠰᠢ ᠰᠤᠳᠤᠷ ᠲᠠᠷᠨᠢ ᠶ᠋ᠢ ᠠᠢᠯᠠᠳᠴᠤ ᠪᠠᠢᠨ᠎ᠠ᠃ ᠢᠲᠡᠭᠡᠯᠲᠦ ᠪᠠᠭᠰᠢ᠄《ᠪᠠᠭᠰᠢ ᠶ᠋ᠢᠨ ᠵᠠᠷᠯᠢᠭ ᠪᠣᠯ ᠯᠠᠭᠱᠠᠨ ᠲᠠᠭᠠᠯᠠᠯ ᠬᠣᠶᠠᠷ ᠢ᠋ ᠳᠣᠷᠭᠢᠶᠠᠲᠠᠢ ᠴᠤᠤᠷᠢᠶᠠᠯᠭᠠᠨ᠎ᠠ》 ᠭᠡᠮᠡᠨ ᠠᠢᠯᠠᠳᠤᠯ᠎ᠠ᠃
2025.01.02
ᠯᠤᠤ ᠵᠢᠯ᠂ ᠦᠬᠡᠷ ᠰᠠᠷ᠎ᠠ ᠶ᠋ᠢᠨ3 ᠤ᠋ ᠴᠠᠭᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠤᠬᠠᠭᠠᠨ ᠲᠠᠢ ᠵᠤᠨ ᠮᠤᠩᠬᠠᠭ ᠤ᠋ᠨ ᠬᠠᠷᠠᠩᠭᠤᠢ ᠶ᠋ᠢ ᠠᠷᠢᠯᠭᠠᠭ᠎ᠠ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ᠄《ᠶᠡᠬᠡ ᠠᠮᠤᠭᠤᠯᠠᠩ ᠤ᠋ᠨ ᠣᠷᠣᠨ ᠳ᠋ᠤ᠌ ᠵᠠᠯᠠᠷᠠᠬᠤ》 ᠭᠡᠮᠡᠨ ᠠᠢᠯᠠᠳᠤᠯ᠎ᠠ᠃
2025.01.03
ᠯᠤᠤ ᠵᠢᠯ᠂ ᠦᠬᠡᠷ ᠰᠠᠷ᠎ᠠ ᠶ᠋ᠢᠨ4 ᠦ᠌ ᠬᠠᠷ᠎ᠠ ᠪᠡᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠪᠠᠭᠰᠢ ᠳ᠋ᠤ᠌ ᠪᠠᠨ ᠮᠥᠷᠭᠥᠵᠦ ᠪᠠᠢᠨ᠎ᠠ᠃ ᠢᠲᠡᠭᠡᠯᠲᠦ ᠪᠠᠭᠰᠢ᠄《ᠪᠠᠭᠰᠢ ᠶ᠋ᠢᠨ ᠥᠯᠮᠡᠢ ᠪᠠᠲᠤ ᠪᠣᠯᠤᠭᠠᠳ100 ᠵᠢᠯ ᠦ᠋ᠨ ᠬᠤᠭᠤᠴᠠᠭ᠎ᠠ ᠪᠠᠷ ᠵᠠᠯᠠᠷᠠᠬᠤ》 ᠭᠡᠮᠡᠨ ᠠᠢᠯᠠᠳᠤᠯ᠎ᠠ᠃
2025.01.04
ᠯᠤᠤ ᠵᠢᠯ᠂ ᠦᠬᠡᠷ ᠰᠠᠷ᠎ᠠ ᠶ᠋ᠢᠨ5 ᠤ᠋ ᠬᠠᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠥᠨᠳᠥᠷ ᠰᠢᠷᠡᠭᠡ ᠭᠠᠭᠴᠠ ᠪᠤᠷᠬᠠᠨ ᠪᠠᠭᠰᠢ ᠶ᠋ᠢᠨ ᠨᠣᠮ ᠬᠦᠨᠳᠦᠯᠡᠵᠦ ᠠᠢᠯᠠᠳᠬᠤ ᠶ᠋ᠢᠨ ᠲᠥᠯᠥᠭᠡ》 ᠭᠡᠨ᠎ᠡ᠃ ᠢᠲᠡᠭᠡᠯᠲᠦ ᠪᠠᠭᠰᠢ᠄《ᠳᠡᠭᠡᠳᠦ ᠪᠤᠷᠬᠠᠳ ᠰᠠᠬᠢᠭᠤᠰᠤᠳ ᠯᠠᠭᠱᠠᠨ ᠵᠠᠷᠯᠢᠭ ᠪᠣᠯᠤᠨ ᠲᠠᠭᠠᠯᠠᠯ ᠤ᠋ᠨ ᠰᠢᠳᠢ ᠪᠦᠲᠦᠭᠡᠯ ᠬᠠᠢᠷᠠᠯᠠᠬᠤ》 ᠭᠡᠮᠡᠨ ᠠᠢᠯᠠᠳᠤᠯ᠎ᠠ᠃
2015.01.05
ᠯᠤᠤ ᠵᠢᠯ᠂ ᠦᠬᠡᠷ ᠰᠠᠷ᠎ᠠ ᠶ᠋ᠢᠨ6 ᠤ᠋ ᠬᠥᠬᠡ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠮᠥᠷᠭᠥᠯᠴᠢᠳ ᠪᠤᠷᠰᠠᠩ ᠬᠤᠸᠠᠷᠠᠭ ᠪᠠ ᠪᠣᠳᠢᠰᠠᠳ᠋ᠸ᠎ᠠ ᠨᠠᠷ ᠢ᠋ᠶ᠋ᠠᠷ ᠲᠠᠬᠢᠵᠤ ᠮᠥᠷᠭᠥᠨ᠎ᠡ᠃ ᠢᠲᠡᠭᠡᠯᠲᠦ ᠪᠠᠭᠰᠢ᠄《ᠪᠢᠯᠢᠭ ᠦ᠋ᠨ ᠴᠢᠨᠠᠳᠤ ᠶ᠋ᠢᠨ ᠣᠶᠤᠨ ᠪᠢᠯᠢᠭ》 ᠭᠡᠮᠡᠨ ᠠᠢᠯᠠᠳᠤᠯ᠎ᠠ᠃
2025.01.06
ᠯᠤᠤ ᠵᠢᠯ᠂ ᠦᠬᠡᠷ ᠰᠠᠷ᠎ᠠ ᠶ᠋ᠢᠨ7 ᠤ᠋ ᠬᠥᠬᠡᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠯᠠᠮᠠ ᠪᠤᠷᠰᠠᠩ ᠬᠤᠸᠠᠷᠠᠭ ᠠ᠋ᠴᠠ ᠯᠦᠩ ᠠᠪᠬᠤ ᠭᠡᠳ ᠶᠠᠭᠤᠮ᠎ᠠ ᠠᠰᠠᠭᠤᠵᠤ ᠪᠠᠢᠨ᠎ᠠ᠃ ᠢᠲᠡᠭᠡᠯᠲᠦ ᠪᠠᠭᠰᠢ᠄《ᠴᠠᠭᠠᠨ ᠵᠢᠷᠦᠬᠡᠨ ᠦ᠌ ᠬᠥᠬᠡ ᠤᠳᠪᠠᠯᠠ ᠲᠤᠬᠠᠢ ᠠᠰᠠᠭᠤ》 ᠭᠡᠮᠡᠨ ᠠᠢᠯᠠᠳᠤᠯ᠎ᠠ᠃
2025.01.07
ᠯᠤᠤ ᠵᠢᠯ᠂ ᠦᠬᠡᠷ ᠰᠠᠷ᠎ᠠ ᠶ᠋ᠢᠨ8 ᠤ᠋ ᠤᠯᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠡᠬᠡ ᠨᠤᠲᠤᠭ ᠲᠤ᠌ ᠬᠠᠮᠤᠭ ᠶᠠᠭᠤᠮᠠᠨ ᠪᠦᠲᠦᠭᠡ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ᠄《ᠰᠦᠮᠪᠦᠷ ᠠᠭᠤᠯᠠ4 ᠲᠢᠪ ᠨᠠᠷᠠ ᠰᠠᠷᠠ ᠪᠠᠷ ᠴᠢᠮᠡᠭᠯᠡᠭᠳᠡᠭᠰᠡᠨ ᠡᠭᠦᠨ ᠢ᠋ ᠠᠮᠢᠲᠠᠨ ᠪᠦᠭᠦᠳᠡ ᠡᠳ᠋ᠯᠡᠬᠦ ᠨᠢ ᠪᠣᠯᠲᠤᠭᠠᠢ》 ᠭᠡᠮᠡᠨ ᠠᠢᠯᠠᠳᠤᠯ᠎ᠠ᠃
2025.01.08
ᠯᠤᠤ ᠵᠢᠯ᠂ ᠦᠬᠡᠷ ᠰᠠᠷ᠎ᠠ ᠶ᠋ᠢᠨ9 ᠦ᠌ ᠤᠯᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠪᠣᠳᠢᠰᠠᠳ᠋ᠸ᠎ᠠ ᠠᠷᠢᠶᠠᠪᠠᠯᠤ ᠳ᠋ᠤᠷ ᠮᠥᠷᠭᠥᠮᠦ᠃ ᠢᠲᠡᠭᠡᠯᠲᠦ ᠪᠠᠭᠰᠢ᠄《ᠠᠭᠤᠤ ᠶᠡᠬᠡ ᠠᠭᠤᠵᠢᠮ ᠰᠡᠳᠬᠢᠯ》 ᠭᠡᠮᠡᠨ ᠠᠢᠯᠠᠳᠤᠯ᠎ᠠ᠃
2025.01.09
ᠯᠤᠤ ᠵᠢᠯ᠂ ᠦᠬᠡᠷ ᠰᠠᠷ᠎ᠠ ᠶ᠋ᠢᠨ10 ᠤ᠋ ᠰᠢᠷ᠎ᠠ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠲᠠᠷᠨᠢ ᠲᠣᠭᠠᠯᠠᠵᠤ ᠪᠠᠢᠨ᠎ᠠ᠃ ᠢᠲᠡᠭᠡᠯᠲᠦ ᠪᠠᠭᠰᠢ᠄《ᠠᠶᠤᠮᠠᠬᠠᠢ ᠬᠥᠮᠦᠨ ᠳ᠋ᠦ᠍ ᠠᠶᠤᠯ ᠤ᠋ᠨ ᠠᠢᠳᠠᠰ ᠪᠠᠢᠬᠤ ᠪᠣᠯ ᠰᠡᠳᠬᠢᠯ ᠨᠢ ᠵᠣᠪᠠᠬᠤ ᠮᠥᠨ》 ᠭᠡᠮᠡᠨ ᠠᠢᠯᠠᠳᠤᠯ᠎ᠠ᠃
2025.01.10
ᠯᠤᠤ ᠵᠢᠯ ᠦᠬᠡᠷ ᠰᠠᠷ᠎ᠠ ᠶ᠋ᠢᠨ11 ᠦ᠌ ᠰᠢᠷᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠣᠯᠠᠨ ᠢᠷᠮᠡᠭ ᠲᠡᠢ ᠲᠣᠯᠢ ᠳᠣᠲᠣᠷ᠎ᠠ ᠶᠧᠯᠸᠢ ᠶ᠋ᠢᠨ ᠣᠷᠣᠨ ᠦᠵᠡᠭᠳᠡᠨ᠎ᠡ᠃ ᠢᠲᠡᠭᠡᠯᠲᠦ ᠪᠠᠭᠰᠢ᠄《ᠠᠷᠢᠭᠤᠨ ᠰᠠᠢᠬᠠᠨ ᠰᠡᠳᠬᠢᠯ ᠳ᠋ᠦ᠍ ᠨᠢᠰᠸᠠᠨᠢᠰ ᠰᠢᠳᠡᠨ᠎ᠡ》 ᠭᠡᠮᠡᠨ ᠠᠢᠯᠠᠳᠤᠯ᠎ᠠ᠃
2025.01.11
ᠯᠤᠤ ᠵᠢᠯ᠂ ᠦᠬᠡᠷ ᠰᠠᠷ᠎ᠠ ᠶ᠋ᠢᠨ13 ᠤ᠋ ᠴᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠪᠯᠠᠮ᠎ᠠ ᠳᠠᠢᠰᠤᠨ ᠲᠩᠷᠢ ᠶ᠋ᠢᠨ ᠬᠦᠰᠡᠯ ᠦ᠋ᠨ5 ᠡᠷᠳᠡᠮ ᠳ᠋ᠦ᠍ ᠠᠯᠲᠠᠨ ᠤᠮᠳᠠᠭ᠎ᠠ ᠰᠠᠴᠤᠯ᠎ᠠ᠃ ᠢᠲᠡᠭᠡᠯᠲᠦ ᠪᠠᠭᠰᠢ᠄《ᠡᠷᠳᠡᠨᠢ ᠶ᠋ᠢᠨ ᠤᠮᠳᠠᠭ᠎ᠠ ᠪᠠᠷ ᠬᠠᠩᠭᠠᠭᠳᠠᠨ ᠡᠨᠡ ᠰᠢᠮ᠎ᠡ10 ᠵᠦᠭ ᠲᠦ᠍ ᠳᠡᠯᠭᠡᠷᠡᠬᠦ》 ᠭᠡᠮᠡᠨ ᠠᠢᠯᠠᠳᠤᠯ᠎ᠠ᠃
2025.01.12
ᠯᠤᠤ ᠵᠢᠯ᠂ ᠦᠬᠡᠷ ᠰᠠᠷ᠎ᠠ ᠶ᠋ᠢᠨ14 ᠦ᠌ ᠴᠠᠭᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠰᠠᠢᠨ ᠣᠶᠤᠨ ᠢ᠋ᠶ᠋ᠠᠷ ᠠᠯᠳᠠᠷᠰᠢᠭᠰᠠᠨ ᠤ᠋ ᠥᠯᠮᠡᠢ ᠳ᠋ᠦ᠍ᠷ ᠰᠥᠭᠥᠳᠦᠮᠦ᠃ ᠢᠲᠡᠭᠡᠯᠲᠦ ᠪᠠᠭᠰᠢ᠄《ᠬᠣᠶᠠᠷ ᠣᠷᠣᠨ ᠳ᠋ᠤ᠌ ᠦᠢᠯᠡ ᠵᠣᠬᠢᠶᠠᠨ ᠪᠦᠲᠦᠭᠡᠭᠴᠢ ᠳᠡᠭᠡᠳᠦ ᠰᠠᠨᠠᠭ᠎ᠠ ᠲᠠᠢ》 ᠭᠡᠮᠡᠨ ᠠᠢᠯᠠᠳᠤᠯ᠎ᠠ᠃
2025.01.13
ᠯᠤᠤ ᠵᠢᠯ᠂ ᠦᠬᠡᠷ ᠰᠠᠷ᠎ᠠ ᠶ᠋ᠢᠨ15 ᠤ᠋ ᠬᠠᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠪᠤᠮᠪᠠ ᠪᠠᠷᠢᠭᠠᠳ ᠪᠠᠢᠨ᠎ᠠ᠃ ᠢᠲᠡᠭᠡᠯᠲᠦ ᠪᠠᠭᠰᠢ᠄《ᠴᠢᠯᠥᠭᠡ ᠤᠴᠠᠷᠠᠯ ᠪᠠᠶᠠᠰᠬᠤᠯᠠᠩ ᠲᠠᠢ ᠳᠡᠯᠭᠡᠷᠡᠬᠦ》 ᠭᠡᠮᠡᠨ ᠠᠢᠯᠠᠳᠤᠯ᠎ᠠ᠃
2025.01.14
ᠯᠤᠤ ᠵᠢᠯ᠂ ᠦᠬᠡᠷ ᠰᠠᠷ᠎ᠠ ᠶ᠋ᠢᠨ16 ᠤ᠋ ᠬᠠᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠲᠣᠭᠠᠯᠠᠵᠤ ᠲᠠᠯᠪᠢᠭᠳᠠᠭᠰᠠᠨ ᠨᠠᠰᠤ ᠪᠣᠯᠤᠨ ᠲᠣᠭᠠᠯᠠᠵᠤ ᠥᠭᠭᠦᠭᠳᠡᠭᠰᠡᠨ ᠪᠡᠶ᠎ᠡ》 ᠭᠡᠨ᠎ᠡ᠃ ᠢᠲᠡᠭᠡᠯᠲᠦ ᠪᠠᠭᠰᠢ᠄《ᠰᠦᠨᠡᠰᠦ ᠥᠪᠡᠷ ᠦ᠋ᠨ ᠬᠤᠪᠢ ᠵᠠᠶᠠᠭ᠎ᠠ ᠪᠠᠷ ᠨᠢᠰᠸᠠᠨᠢᠰ ᠤ᠋ᠨ ᠡᠷᠬᠡ ᠪᠡᠷ ᠪᠡᠶ᠎ᠡ ᠳᠡᠮᠵᠢᠬᠦ ᠶ᠋ᠢ ᠪᠣᠳᠣᠳᠠᠭ》 ᠭᠡᠮᠡᠨ ᠠᠢᠯᠠᠳᠤᠯ᠎ᠠ᠃
2025.01.15
ᠯᠤᠤ ᠵᠢᠯ᠂ ᠦᠬᠡᠷ ᠰᠠᠷ᠎ᠠ ᠶ᠋ᠢᠨ17 ᠤ᠋ ᠬᠥᠬᠡ ᠪᠡᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠴᠠᠭᠠᠨ ᠴᠢᠷᠠᠢ ᠲᠠᠢ ᠬᠥᠮᠦᠨ ᠳ᠋ᠦ᠍ ᠢᠲᠡᠭᠡᠯᠲᠦ ᠪᠠᠭᠰᠢ᠄《ᠰᠦᠷ ᠰᠦᠯᠳᠡ ᠶᠡᠬᠡ ᠲᠡᠢ ᠳᠡᠭᠡᠳᠦ ᠰᠡᠳᠬᠢᠯ ᠦ᠋ᠨ ᠬᠡᠢ ᠮᠣᠷᠢ ᠳᠡᠭᠳᠡᠭᠦᠯ》 ᠭᠡᠮᠡᠨ ᠠᠢᠯᠠᠳᠤᠯ᠎ᠠ᠃
2025.01.16
ᠯᠤᠤ ᠵᠢᠯ᠂ ᠦᠬᠡᠷ ᠰᠠᠷ᠎ᠠ ᠶ᠋ᠢᠨ18 ᠤ᠋ ᠬᠥᠬᠡᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠣᠯᠠᠨ ᠶᠠᠭᠤᠮ᠎ᠠ ᠪᠣᠳᠣᠬᠤ ᠨᠢ ᠬᠡᠷᠡᠭ ᠦᠭᠡᠢ》 ᠭᠡᠨ᠎ᠡ᠃ ᠢᠲᠡᠭᠡᠯᠲᠦ ᠪᠠᠭᠰᠢ᠄《ᠮᠠᠨᠢ ᠲᠠᠲᠠᠬᠤ ᠪᠣᠯ ᠪᠣᠯᠵᠤ ᠪᠠᠢᠨ᠎ᠠ》 ᠭᠡᠮᠡᠨ ᠠᠢᠯᠠᠳᠤᠯ᠎ᠠ᠃
2025.01.17
ᠯᠤᠤ ᠵᠢᠯ᠂ ᠦᠬᠡᠷ ᠰᠠᠷ᠎ᠠ ᠶ᠋ᠢᠨ19 ᠦ᠌ ᠤᠯᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠭᠣᠣᠯ ᠰᠡᠳᠬᠢᠯ ᠢ᠋ᠶ᠋ᠡᠷ ᠵᠠᠩᠰᠢᠯ ᠲᠣᠭᠲᠠᠭᠠᠬᠤ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ᠄《ᠪᠡᠶ᠎ᠡ ᠶ᠋ᠢᠨ5 ᠲᠩᠷᠢ ᠡᠴᠡ ᠬᠤᠪᠢ ᠵᠠᠶᠠᠭ᠎ᠠ ᠠᠯᠳᠠᠭᠳᠠᠬᠤ ᠦᠭᠡᠢ ᠦᠨᠡᠨ ᠰᠢᠳᠤᠷᠭᠤ》 ᠭᠡᠮᠡᠨ ᠠᠢᠯᠠᠳᠤᠯ᠎ᠠ᠃
2025.01.18
ᠯᠤᠤ ᠵᠢᠯ᠂ ᠦᠬᠡᠷ ᠰᠠᠷ᠎ᠠ ᠶ᠋ᠢᠨ20 ᠤ᠋ ᠤᠯᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠨᠢᠭᠤᠴᠠ ᠭᠡᠳᠡᠭ ᠨᠢ ᠬᠠᠮᠢᠭ᠎ᠠ ᠪᠠᠢᠳᠠᠭ ᠶᠤᠮ ᠪᠣᠢ》 ᠭᠡᠵᠦ ᠠᠰᠠᠭᠤᠨ᠎ᠠ᠃ ᠢᠲᠡᠭᠡᠯᠲᠦ ᠪᠠᠭᠰᠢ᠄《ᠶᠢᠷᠲᠢᠨᠴᠦ ᠳ᠋ᠦ᠍ ᠳᠠᠭᠠᠬᠤ[тааха] ᠨᠢᠭᠤᠴᠠ ᠦᠭᠡᠢ᠃ ᠲᠤᠩᠭᠠᠯᠠᠭ ᠳᠠᠯᠠᠢ ᠶ᠋ᠢᠨ ᠢᠷᠣᠭᠠᠷ᠎ᠲᠤ ᠪᠡᠳᠡᠷᠢ》 ᠭᠡᠮᠡᠨ ᠠᠢᠯᠠᠳᠤᠯ᠎ᠠ᠃
2025.01.19
ᠯᠤᠤ ᠵᠢᠯ᠂ ᠦᠬᠡᠷ ᠰᠠᠷ᠎ᠠ ᠶ᠋ᠢᠨ21 ᠦ᠌ ᠰᠢᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠭᠤᠷᠪᠠᠨ ᠣᠷᠣᠨ ᠤ᠋ ᠶᠡᠬᠡ ᠭᠠᠯ ᠲᠩᠷᠢ ᠶ᠋ᠢᠨ ᠡᠵᠡᠨ ᠵᠠᠯᠠᠷᠠᠭ᠎ᠠ᠃ ᠢᠲᠡᠭᠡᠯᠲᠦ ᠪᠠᠭᠰᠢ᠄《ᠵᠢᠷᠦᠬᠡᠨ ᠦ᠌ ᠦᠵᠦᠭ ᠡᠴᠡ ᠭᠡᠷᠡᠯ ᠰᠠᠴᠤᠷᠠᠭᠠᠳ ᠰᠢᠳᠢ ᠪᠦᠲᠦᠭᠡᠯ ᠬᠠᠢᠷᠠᠯᠠᠭᠳᠠᠭ᠎ᠠ》 ᠭᠡᠮᠡᠨ ᠠᠢᠯᠠᠳᠤᠯ᠎ᠠ᠃
2025.01.20
ᠯᠤᠤ ᠵᠢᠯ᠂ ᠦᠬᠡᠷ ᠰᠠᠷ᠎ᠠ ᠶ᠋ᠢᠨ21 ᠦ᠌ ᠰᠢᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠮᠠᠢᠳᠠᠷᠢ ᠪᠠᠭᠰᠢ ᠶ᠋ᠢᠨ ᠰᠡᠳᠬᠢᠯ ᠡᠴᠡ ᠨᠣᠮ ᠤ᠋ᠨ ᠬᠠᠭᠠᠨ ᠬᠣᠶᠠᠷ ᠱᠠᠪᠢ ᠲᠠᠢ ᠵᠠᠯᠠᠷᠠᠪᠠ᠃ ᠢᠲᠡᠭᠡᠯᠲᠦ ᠪᠠᠭᠰᠢ᠄《ᠬᠠᠮᠤᠭ ᠠᠮᠢᠲᠠᠨ ᠳ᠋ᠤ᠌ ᠥᠯᠵᠡᠢ ᠬᠤᠲᠤᠭ ᠤ᠋ᠨ ᠰᠠᠢᠨ ᠠᠮᠤᠭᠤᠯᠠᠩ》 ᠭᠡᠮᠡᠨ ᠠᠢᠯᠠᠳᠤᠯ᠎ᠠ᠃
2025.01.21
ᠯᠤᠤ ᠵᠢᠯ᠂ ᠦᠬᠡᠷ ᠰᠠᠷ᠎ᠠ ᠶ᠋ᠢᠨ22 ᠎ᠤᠨ ᠴᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
4 ᠦᠢᠯᠡ ᠪᠦᠲᠦᠭᠡᠭᠴᠢ ᠯᠠᠮᠠ ᠳ᠋ᠤ᠌ ᠢᠲᠡᠭᠡᠯᠲᠦ ᠪᠠᠭᠰᠢ᠄《ᠬᠠᠲᠠᠭᠤ ᠦᠢᠯᠡ ᠶ᠋ᠢᠨ ᠥᠭᠯᠢᠭᠡ ᠰᠢᠲᠠᠭ᠎ᠠ》 ᠭᠡᠮᠡᠨ ᠠᠢᠯᠠᠳᠤᠯ᠎ᠠ᠃
2025.01.22
ᠯᠤᠤ ᠵᠢᠯ᠂ ᠦᠬᠡᠷ ᠰᠠᠷ᠎ᠠ ᠶ᠋ᠢᠨ23 ᠤ᠋ ᠴᠠᠭᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠤᠬᠠᠭᠠᠨ ᠰᠠᠴᠤᠷᠠᠭᠰᠠᠨ ᠤ᠋ ᠲᠡᠮᠳᠡᠭ ᠦᠵᠡᠭᠦᠯᠦᠭᠰᠡᠨ᠃ ᠢᠲᠡᠭᠡᠯᠲᠦ ᠪᠠᠭᠰᠢ᠄《ᠰᠡᠳᠬᠢᠯ ᠢ᠋ᠶ᠋ᠡᠷ ᠳᠦᠭᠦᠷᠡᠩ ᠠᠮᠤᠭᠤᠯᠠᠩ》 ᠭᠡᠮᠡᠨ ᠠᠢᠯᠠᠳᠤᠯ᠎ᠠ᠃
2025.01.23
ᠯᠤᠤ ᠵᠢᠯ᠂ ᠦᠬᠡᠷ ᠰᠠᠷ᠎ᠠ ᠶ᠋ᠢᠨ24 ᠦ᠌ ᠬᠠᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠡᠷᠡᠭᠦᠯ ᠮᠡᠨᠳᠦ ᠬᠥᠮᠦᠨ ᠳ᠋ᠦ᠍ ᠢᠲᠡᠭᠡᠯᠲᠦ ᠪᠠᠭᠰᠢ᠄《ᠢᠵᠠᠭᠤᠷ ᠤ᠋ᠨ ᠭᠤᠷᠪᠠᠨ ᠪᠤᠷᠬᠠᠳ ᠢ᠋ ᠭᠦᠢᠴᠡᠳ ᠬᠤᠪᠢᠯᠤᠭᠤᠯ》 ᠭᠡᠮᠡᠨ ᠠᠢᠯᠠᠳᠤᠯ᠎ᠠ᠃
2025.01.24
ᠯᠤᠤ ᠵᠢᠯ᠂ ᠦᠬᠡᠷ ᠰᠠᠷ᠎ᠠ ᠶ᠋ᠢᠨ25 ᠤ᠋ ᠬᠠᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠦ᠌ ᠨᠢᠰᠸᠠᠨᠢᠰ᠎ᠲᠤ ᠣᠷᠣᠬᠤ ᠨᠢ ᠨᠠᠮᠳᠠᠭᠠᠳ ᠪᠠᠢᠨ᠎ᠠ᠃ ᠢᠲᠡᠭᠡᠯᠲᠦ ᠬᠠᠮᠪᠤ ᠪᠯᠠᠮ᠎ᠠ᠄《ᠳᠡᠭᠡᠳᠦ ᠪᠠᠭᠰᠢ ᠶ᠋ᠢᠨ ᠰᠢᠳᠢ ᠲᠡᠢ ᠠᠳᠢᠰ》 ᠭᠡᠮᠡᠨ ᠠᠢᠯᠠᠳᠤᠯ᠎ᠠ᠃
2025.01.25
ᠯᠤᠤ ᠵᠢᠯ᠂ ᠦᠬᠡᠷ ᠰᠠᠷ᠎ᠠ ᠶ᠋ᠢᠨ26 ᠤ᠋ ᠬᠥᠬᠡ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠣᠮ ᠪᠤᠷᠤᠭᠤ ᠣᠢᠯᠠᠭᠠᠳᠠᠭ ᠬᠥᠮᠦᠨ ᠳ᠋ᠦ᠍ ᠢᠲᠡᠭᠡᠯᠲᠦ ᠪᠠᠭᠰᠢ᠄《ᠮᠥᠷᠭᠥᠯ ᠰᠠᠢᠨ ᠢ᠋ᠶ᠋ᠠᠷ ᠦᠢᠯᠡᠳ》 ᠭᠡᠮᠡᠨ ᠠᠢᠯᠠᠳᠤᠯ᠎ᠠ᠃
2025.01.26
ᠯᠤᠤ ᠵᠢᠯ᠂ ᠦᠬᠡᠷ ᠰᠠᠷ᠎ᠠ ᠶ᠋ᠢᠨ27 ᠤ᠋ ᠬᠥᠬᠡᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠪᠢᠰᠢᠯᠭᠠᠯ ᠤ᠋ᠨ ᠭᠠᠵᠠᠷ᠎ᠲᠤ ᠬᠥᠮᠦᠰ ᠴᠤᠭᠯᠠᠷᠠᠵᠤ ᠪᠠᠢᠨ᠎ᠠ᠃ ᠢᠲᠡᠭᠡᠯᠲᠦ ᠪᠠᠭᠰᠢ᠄《ᠪᠢᠰᠢᠯᠭᠠᠬᠤ ᠶ᠋ᠢᠨ ᠡᠮᠦᠨ᠎ᠡ ᠬᠡᠳᠦᠨ ᠵᠢᠯ ᠦ᠋ᠨ ᠪᠦᠲᠦᠭᠡᠯ ᠬᠡᠷᠡᠭᠲᠡᠢ》 ᠭᠡᠮᠡᠨ ᠠᠢᠯᠠᠳᠤᠯ᠎ᠠ᠃
2025.01.27
ᠯᠤᠤ ᠵᠢᠯ᠂ ᠦᠬᠡᠷ ᠰᠠᠷ᠎ᠠ ᠶ᠋ᠢᠨ28 ᠤ᠋ ᠤᠯᠠᠭᠠᠨ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠣᠷᠣᠰ ᠭᠦᠷᠦᠨ ᠦ᠌ ᠰᠦᠯᠳᠡ ᠳᠠᠭᠤᠯᠠᠵᠤ ᠪᠠᠢᠨ᠎ᠠ᠃ ᠢᠲᠡᠭᠡᠯᠲᠦ ᠪᠠᠭᠰᠢ᠄《ᠣᠷᠴᠢᠯᠠᠩ ᠤ᠋ᠨ84000 ᠭᠡᠮ ᠨᠠᠮᠳᠠᠪᠠ》 ᠭᠡᠮᠡᠨ ᠠᠢᠯᠠᠳᠤᠯ᠎ᠠ᠃
2025.01.28
ᠯᠤᠤ ᠵᠢᠯ᠂ ᠦᠬᠡᠷ ᠰᠠᠷ᠎ᠠ ᠶ᠋ᠢᠨ29 ᠦ᠌ ᠤᠯᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠦ᠌ ᠤᠬᠠᠭᠠᠨ ᠮᠡᠳᠡᠯᠭᠡ ᠬᠣᠭᠣᠰᠣᠷᠠᠳᠠᠭ ᠪᠠᠢᠨ᠎ᠠ᠃ ᠢᠲᠡᠭᠡᠯᠲᠦ ᠪᠠᠭᠰᠢ᠄《ᠳᠡᠭᠡᠳᠦ ᠨᠣᠮ ᠤ᠋ᠨ ᠲᠠᠷᠨᠢ ᠪᠦᠲᠦᠭᠡ》 ᠭᠡᠮᠡᠨ ᠠᠢᠯᠠᠳᠤᠯ᠎ᠠ᠃
2025.01.29
ᠯᠤᠤ ᠵᠢᠯ᠂ ᠦᠬᠡᠷ ᠰᠠᠷ᠎ᠠ ᠶ᠋ᠢᠨ30 ᠤ᠋ ᠰᠢᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠭᠠᠨᠵᠤᠤᠷ ᠤ᠋ᠨ ᠡᠰᠢ ᠪᠠᠷᠢᠭᠰᠠᠨ ᠬᠥᠮᠦᠨ ᠳ᠋ᠦ᠍ ᠢᠲᠡᠭᠡᠯᠲᠦ ᠪᠠᠭᠰᠢ᠄《ᠡᠰᠢ ᠣᠨᠣᠯ ᠤ᠋ᠨ ᠴᠢᠮᠡᠭ》 ᠭᠡᠮᠡᠨ ᠠᠢᠯᠠᠳᠤᠯ᠎ᠠ᠃
2025.01.30
ᠯᠤᠤ ᠵᠢᠯ᠂ ᠢᠯᠡᠭᠦᠦ ᠠᠳᠠᠭ ᠰᠠᠷ᠎ᠠ ᠶ᠋ᠢᠨ1 ᠦ᠌ ᠰᠢᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠪᠯᠠᠮ᠎ᠠ5 ᠴᠣᠭᠴᠠᠰ ᠰᠤᠳᠤᠯᠵᠤ ᠪᠠᠢᠨ᠎ᠠ᠃ ᠢᠲᠡᠭᠡᠯᠲᠦ ᠪᠠᠭᠰᠢ᠄《ᠬᠠᠮᠤᠭ ᠤ᠋ᠨ ᠳᠡᠭᠡᠳᠦ ᠶᠡᠬᠡ ᠠ ᠦᠵᠦᠭ ᠡᠴᠡ ᠭᠠᠷᠤᠭᠰᠠᠨ ᠲᠤᠭᠤᠯᠤᠭᠰᠠᠨ ᠪᠤᠷᠬᠠᠨ》 ᠭᠡᠮᠡᠨ ᠠᠢᠯᠠᠳᠤᠯ᠎ᠠ᠃
2025.01.31
ᠯᠤᠤ ᠵᠢᠯ᠂ ᠢᠯᠡᠭᠦᠦ ᠠᠳᠠᠭ ᠰᠠᠷ᠎ᠠ ᠶ᠋ᠢᠨ2 ᠎ᠤᠨ ᠴᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠪᠢᠯᠢᠭ ᠦ᠋ᠨ ᠴᠢᠨᠠᠳᠤ ᠬᠣᠭᠣᠰᠣᠨ ᠴᠢᠨᠠᠷ》 ᠭᠡᠨ᠎ᠡ᠃ ᠢᠲᠡᠭᠡᠯᠲᠦ ᠪᠠᠭᠰᠢ᠄《ᠲᠠᠷᠨᠢ ᠶ᠋ᠢᠨ ᠶᠣᠰᠣᠭᠠᠷ ᠣᠳᠣ ᠡᠨᠳᠡ ᠣᠷᠣᠰᠢᠬᠤ》 ᠭᠡᠮᠡᠨ ᠠᠢᠯᠠᠳᠤᠯ᠎ᠠ᠃

    ᠦᠰᠦᠭ ᠠᠮᠢᠯᠠᠭᠤᠯᠤᠭᠴᠢ᠄ ᠠᠯᠲᠠᠨᠨᠠᠪᠴᠢ
    ᠬᠢᠨᠠᠭᠴᠢ᠄ ᠣᠳᠬᠠᠨᠰᠣ᠎ᠠ