ᠨᠠᠮᠤᠷ ᠤ᠋ᠨ ᠰᠥᠨᠢ ᠶ᠋ᠢᠨ ᠪᠣᠷᠣᠭ᠎ᠠ - ᠸᠠᠴᠢᠷᠪᠠᠲᠤ ᠶ᠋ᠢᠨ ᠳᠠᠰᠢᠪᠠᠯᠪᠠᠷ Намрын шөнийн бороо - Очирбатын Дашбалбар
ᠨᠠᠮᠤᠷ ᠤ᠋ᠨ ᠰᠥᠨᠢ ᠶ᠋ᠢᠨ ᠪᠣᠷᠣᠭ᠎ᠠ
ᠨᠠᠮᠤᠷ ᠤ᠋ᠨ ᠪᠣᠷᠣᠭ᠎ᠠ ᠰᠥᠨᠢᠵᠢᠨ ᠱᠠᠭᠢᠨ᠎ᠠ
ᠴᠢᠭᠢᠭ ᠲᠡᠢ ᠰᠠᠯᠬᠢ ᠮᠥᠴᠢᠷ ᠲᠦ᠍ ᠭᠤᠯᠠᠰᠤᠨ
ᠴᠡᠴᠡᠷᠡᠵᠦ ᠪᠢ ᠳᠡᠭᠵᠢᠨ ᠵᠣᠭᠰᠣᠨ᠎ᠠ ᠁
ᠲᠦᠨᠡᠷ ᠬᠠᠷᠠᠩᠭᠤᠢ ᠳ᠋ᠤ᠌ ᠶᠢᠷᠲᠢᠨᠴᠦ ᠠᠭᠤᠰᠴᠤ
ᠲᠦᠮᠡᠨ ᠳᠤᠰᠤᠯ ᠨᠠᠮ᠎ᠠ ᠶ᠋ᠢ ᠵᠠᠯᠬᠠᠭᠠᠨ᠎ᠠ
ᠠᠶᠤᠮᠠᠬᠠᠢ ᠰᠢᠪᠠᠭᠤ ᠰᠢᠭ᠋ ᠨᠥᠮᠥᠷᠢ ᠳ᠋ᠦ᠍ ᠮᠢᠨᠢ ᠬᠣᠷᠭᠣᠳᠠᠳᠠᠭ
ᠠᠮᠠᠷᠠᠭ ᠴᠢ ᠮᠢᠨᠢ ᠬᠠᠮᠢᠭ᠎ᠠ ᠶᠠᠪᠤᠨ᠎ᠠ ᠳᠠ ?
ᠨᠢᠭᠡᠨ ᠴᠤᠪᠠᠨ ᠳ᠋ᠤ᠌ ᠪᠣᠷᠣᠭᠠᠨ ᠠ᠋ᠴᠠ ᠬᠣᠷᠭᠣᠳᠠᠵᠤ
ᠨᠠᠮᠤᠷ ᠤ᠋ᠨ ᠬᠦᠢᠲᠡᠨ ᠳ᠋ᠦ᠍ ᠳᠤᠯᠠᠭᠠᠴᠠᠵᠤ ᠪᠢᠯᠡ
ᠨᠣᠷᠤᠭᠰᠠᠨ ᠮᠥᠴᠢᠷ ᠡᠴᠡ ᠤᠰᠤ ᠭᠤᠯᠠᠰᠴᠤ
ᠨᠣᠢᠲᠠᠨ ᠣᠷᠭᠢᠭᠤᠯᠤᠨ ᠨᠢᠭᠤᠷ ᠤᠷᠤᠭᠤ ᠰᠢᠭᠦᠷᠰᠢᠨᠡ
ᠬᠦᠢᠲᠡᠨ ᠨᠠᠪᠴᠢᠰ ᠨᠢᠭᠤᠷ ᠲᠤ᠌ ᠨᠠᠭᠠᠯᠳᠤᠵᠤ
ᠬᠡᠦᠬᠡᠨ ᠴᠢ ᠮᠢᠨᠢ ᠢᠨᠵᠠᠭ᠎ᠠ ᠰᠢᠭ᠋ ᠴᠡᠴᠡᠷᠡᠨ᠎ᠡ
ᠬᠤᠳᠠᠯ ᠶᠠᠷᠢᠵᠤ ᠪᠡᠶᠡᠰ ᠢ᠋ᠶ᠋ᠡᠨ ᠵᠣᠪᠠᠭᠠᠯ ᠦᠭᠡᠢ
ᠬᠠᠭᠤᠴᠢᠨ ᠴᠤᠪᠠᠨ ᠳ᠋ᠤ᠌ ᠪᠠᠭᠲᠠᠨ ᠵᠣᠭᠰᠣᠬᠤᠢ
ᠵᠠᠯᠠᠭᠤ ᠬᠣᠣᠰ ᠤ᠋ᠨ ᠦᠷᠦᠪᠲᠦᠯᠲᠦ ᠪᠡᠶᠡᠰ ᠢ᠋
ᠵᠠᠮ ᠤ᠋ᠨ ᠬᠠᠵᠠᠭᠤ ᠶ᠋ᠢᠨ ᠤᠯᠢᠶᠠᠰᠤ ᠬᠠᠯᠬᠠᠯᠠᠵᠤ
ᠵᠢᠷᠦᠬᠡ ᠵᠢᠷᠦᠬᠡ ᠪᠡᠨ ᠳᠡᠯᠡᠰᠦᠨ ᠴᠣᠬᠢᠯᠠᠨ᠎ᠠ
ᠵᠡᠭᠦᠳᠦᠨ ᠦ᠌ ᠶᠢᠷᠲᠢᠨᠴᠦ ᠳ᠋ᠦ᠍ ᠪᠣᠷᠣᠭ᠎ᠠ ᠱᠠᠭᠢᠨ᠎ᠠ ᠃
