ᠴᠢᠮ᠎ᠠ ᠳ᠋ᠤ᠌ ᠬᠠᠷᠠᠳᠠᠭᠤᠯᠬᠤ ᠰᠠᠢᠬᠠᠨ - ᠷ· ᠴᠣᠢᠨᠤᠮ Чамд хардуулах сайхан – Р·Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠳ᠋ᠤ᠌ ᠬᠠᠷᠠᠳᠠᠭᠤᠯᠬᠤ ᠰᠠᠢᠬᠠᠨ - ᠷ· ᠴᠣᠢᠨᠤᠮ Чамд хардуулах сайхан – Р·Чойном

ᠴᠢᠮ᠎ᠠ ᠳ᠋ᠤ᠌ ᠬᠠᠷᠠᠳᠠᠭᠤᠯᠬᠤ ᠰᠠᠢᠬᠠᠨ - ᠷ· ᠴᠣᠢᠨᠤᠮ Чамд хардуулах сайхан – Р·Чойном

2025-02-08

1259

ᠴᠢᠮ᠎ᠠ ᠳ᠋ᠤ᠌ ᠬᠠᠷᠠᠳᠠᠭᠤᠯᠬᠤ ᠰᠠᠢᠬᠠᠨ


 ᠣᠮᠣᠭᠰᠢᠨ ᠠᠰᠠᠬᠤ ᠭᠠᠯ ᠬᠠᠢᠷ᠎ᠠ ᠳ᠋ᠤ᠌ ᠴᠢᠨᠢ 
 ᠣᠨᠢᠰᠣᠭ᠎ᠠ ᠰᠢᠭ᠋ ᠨᠢᠭᠡᠨ ᠬᠠᠷ᠎ᠠ ᠤᠨᠠᠭᠠᠵᠤ 
 ᠣᠭᠲᠣ ᠭᠡᠮ ᠦᠭᠡᠢ ᠮᠥᠷᠳᠡᠯ᠎ᠡ ᠪᠡᠨ ᠴᠢᠮ᠎ᠠ ᠳ᠋ᠠᠭᠠᠨ ᠬᠠᠷᠠᠳᠠᠭᠤᠯᠵᠤ 
 ᠣᠯᠠᠨ ᠬᠣᠨᠣᠭ ᠥᠪᠡᠷ ᠢ᠋ ᠪᠡᠨ ᠴᠠᠭᠠᠳᠬᠠᠵᠤ ᠶᠠᠪᠤᠬᠤ ᠰᠠᠢᠬᠠᠨ  

 ᠬᠠᠯᠳᠠᠭᠠᠬᠤ ᠦᠭᠡᠢ ᠨᠢᠳᠦ ᠶ᠋ᠢ ᠮᠢᠨᠢ ᠬᠣᠷᠭᠤᠭᠠᠵᠦ 
 ᠬᠠᠷᠢᠶᠠᠴᠠᠢ ᠰᠢᠭ᠋ ᠬᠠᠷᠠᠴᠠ ᠪᠠᠷ ᠢ᠋ᠶ᠋ᠠᠨ ᠨᠠᠮᠠᠶ᠋ᠢ ᠪᠠᠨ ᠡᠭᠡᠷᠡᠵᠦ 
 ᠠᠭᠤᠷᠯᠠᠵᠤ ᠴᠦ᠍ ᠴᠢᠳᠠᠬᠤ ᠦᠭᠡᠢ᠂ ᠢᠨᠢᠶᠡᠵᠦ ᠴᠦ᠍ ᠴᠢᠳᠠᠬᠤ ᠦᠭᠡᠢ 
 ᠤᠷᠲᠤ ᠤᠷᠲᠤ ᠰᠠᠨᠠᠭ᠎ᠠ ᠠᠯᠲᠠᠨ ᠳᠡᠩᠰᠡᠯᠬᠦ ᠴᠢᠨᠢ ᠰᠠᠢᠬᠠᠨ  

 ᠨᠢᠳᠦ ᠴᠢᠨᠢ ᠭᠤᠷᠪᠠᠯᠵᠢᠯᠠᠨ ᠨᠢᠭᠦᠯ ᠬᠡᠷᠴᠢᠬᠦ ᠬᠢᠲᠤᠭ᠎ᠠ ᠰᠢᠭ᠋ 
 ᠭᠢᠯᠠᠯᠵᠠᠨ ᠢᠷᠡᠵᠦ ᠶᠠᠪᠤᠭ᠎ᠠ ᠨᠢᠯᠪᠤᠰᠤ ᠳᠠᠭᠤᠨ ᠳ᠋ᠤ᠌ ᠨᠢ ᠰᠢᠭᠦᠳᠡᠷᠢᠯᠡᠭᠡᠳ 
 ᠢᠩᠭᠢᠨ᠎ᠡ ᠭᠡᠵᠦ ᠰᠠᠨᠠᠭ᠎ᠠ ᠦᠭᠡᠢ ᠠ᠋ ᠭᠡᠵᠦ 
 ᠪᠣᠳᠣᠯ ᠢ᠋ᠶ᠋ᠠᠨ ᠲᠠᠰᠤᠯᠬᠦ ᠴᠢᠨᠢ ᠰᠠᠢᠬᠠᠨ  

 ᠤᠴᠢᠷ ᠪᠦᠬᠦᠨ ᠢ᠋ ᠲᠠᠢᠯᠤᠭᠰᠠᠨ ᠬᠣᠢᠨ᠎ᠠ 
 ᠤᠳᠠᠭᠠᠨ ᠶᠠᠭᠤᠨ ᠳ᠋ᠤ᠌ ᠨᠠᠮᠠᠶ᠋ᠢ ᠵᠣᠪᠠᠭᠠᠪᠠ ᠳᠠ ᠭᠡᠵᠦ 
 ᠬᠠᠯᠠᠭᠤ ᠲᠥᠭᠡᠨᠡᠭᠦᠯᠦᠨ ᠡᠩᠭᠡᠷ ᠨᠠᠯᠠᠵᠤ 
 ᠬᠠᠴᠠᠷ ᠳᠡᠭᠡᠭᠦᠷ ᠢ᠋ᠶ᠋ᠡᠨ ᠨᠢᠯᠪᠤᠰᠤ ᠪᠠᠨ ᠳᠡᠭᠳᠡᠭᠦᠯᠦᠨ 
 ᠲᠠᠢᠳᠬᠤᠷᠠᠬᠤ ᠴᠢᠨᠢ ᠪᠦᠷ ᠰᠠᠢᠬᠠᠨ  

 ᠬᠠᠷᠠᠳᠠᠬᠤ ᠲᠣᠭᠠᠯᠠᠨ ᠳ᠋ᠤ᠌ ᠴᠢᠨᠢ ᠪᠢ 
 ᠴᠢᠨᠦᠬᠢ ᠭᠡᠳᠡᠭ ᠢ᠋ᠶ᠋ᠡᠨ ᠮᠡᠳᠡᠷᠡᠳᠡᠭ ᠶᠦᠮ 
 ᠬᠡᠴᠢᠨᠡᠭᠡᠨ ᠶᠡᠬᠡ ᠬᠠᠢᠷ᠎ᠠ ᠪᠠᠷ᠂ 
 ᠬᠡᠨ ᠳ᠋ᠦ᠍ ᠴᠦ᠍ ᠥᠭᠬᠦ ᠦᠭᠡᠢ ᠭᠡᠳᠡᠭ ᠢ᠋ ᠴᠢᠨᠢ ᠤᠬᠠᠭᠠᠷᠠᠳᠠᠭ ᠶᠤᠮ 

 ᠦᠭᠡ ᠤᠨᠤᠭᠰᠠᠨ ᠬᠤᠳᠠᠯ ᠳ᠋ᠤ᠌ ᠪᠢᠲᠡᠭᠡᠢ ᠬᠡᠯᠡ 
 ᠦᠬᠦᠯ ᠡᠴᠡ ᠪᠤᠰᠤᠳ ᠲᠤ ᠨᠠᠮᠠᠶ᠋ᠢ ᠪᠠᠨ ᠥᠭᠬᠦ ᠦᠭᠡᠢ ᠬᠠᠨᠢ ᠳ᠋ᠠᠭᠠᠨ  
 ᠦᠶ᠎ᠡ ᠦᠶᠡᠬᠡᠨ ᠬᠠᠶᠠ ᠬᠠᠶᠠᠬᠠᠨ 
 ᠬᠠᠷᠠᠳᠠᠭᠤᠯᠬᠤ ᠰᠠᠢᠬᠠᠨ᠃  

      ᠦᠰᠦᠭ ᠠᠮᠢᠯᠠᠭᠤᠯᠤᠭᠴᠢ ᠡᠩᠬᠡᠪᠠᠲᠤ  
         ᠦᠰᠦᠭ ᠬᠢᠨᠠᠭᠴᠢ᠄᠄ ᠪᠠᠶᠠᠷᠴᠡᠴᠡᠭ