ᠡᠷ᠎ᠡ ᠬᠥᠮᠦᠨ ᠦ᠌ ᠲᠠᠪᠢᠨ ᠨᠠᠰᠤ - ᠰᠣᠶᠣᠷᠬ᠎ᠠ ᠶ᠋ᠢᠨ ᠫᠦᠷᠪᠤᠰᠥ᠋ᠷᠦᠩ Эр хүний тавин нас - Соёрхын Пүрэвсүрэн
ᠡᠷ᠎ᠡ ᠬᠥᠮᠦᠨ ᠦ᠌ ᠲᠠᠪᠢᠨ ᠨᠠᠰᠤ
ᠦᠬᠦᠬᠦ ᠡᠴᠡ ᠪᠤᠰᠤᠳ ᠢ᠋ ᠦᠵᠡᠭᠰᠡᠨ ᠠᠵᠢᠷᠭᠠᠨ ᠴᠢᠨᠣ᠎ᠠ ᠶ᠋ᠢᠨ ᠤᠬᠠᠭᠠᠨ
ᠭᠠᠩ ᠲᠠᠢ ᠵᠢᠯ ᠦ᠋ᠨ ᠨᠠᠷᠠᠨ ᠳ᠋ᠤ᠌ ᠠᠩᠭᠠᠵᠤ ᠬᠠᠭᠳᠠᠷᠠᠭᠠ ᠦᠭᠡᠢ ᠬᠠᠷᠭᠠᠨ᠎ᠠ
ᠭᠠᠯᠪᠠ ᠶ᠋ᠢᠨ ᠭᠤᠷᠪᠠᠨ ᠭᠣᠪᠢ ᠳ᠋ᠤ᠌ ᠴᠠᠩᠭᠠᠵᠤ ᠤᠨᠠᠭ᠎ᠠ ᠦᠭᠡᠢ ᠬᠠᠢᠯᠠᠰᠤ
ᠤᠷᠲᠤ ᠬᠣᠯᠠ ᠶ᠋ᠢᠨ ᠵᠠᠮ ᠳ᠋ᠤ᠌ ᠵᠢᠩ ᠦ᠋ᠨ ᠳᠡᠭᠦᠵᠢᠭᠡᠨ ᠳ᠋ᠦ᠍ ᠬᠥᠲᠥᠯᠬᠦ
ᠤᠷᠭᠤᠭ᠎ᠠ ᠬᠠᠳᠠ ᠰᠢᠭ᠋ ᠬᠠᠨᠠᠭᠠᠷ ᠠᠴᠢᠶ᠎ᠠ ᠲᠠᠢ ᠠᠳᠠ ᠰᠢᠭ᠋ ᠨᠠᠰᠤ
ᠡᠷ᠎ᠡ ᠬᠥᠮᠦᠨ ᠦ᠌ ᠲᠠᠪᠢᠨ ᠨᠠᠰᠤ ᠢᠰᠬᠦᠯᠡᠩ ᠳᠡᠷᠡᠰᠦᠨ ᠦ᠌ ᠠᠮᠲᠠ
ᠡᠮᠨᠢᠭ ᠦ᠋ᠨ ᠪᠤᠯᠭᠢᠶᠠᠨ ᠳ᠋ᠤ᠌ ᠠᠵᠢᠶᠠᠷᠠᠬᠤ ᠦᠭᠡᠢ ᠡᠯᠳᠡᠭᠦᠷ ᠨᠢ ᠬᠠᠨᠤᠭᠰᠠᠨ ᠰᠤᠷ
ᠠᠭᠲᠠᠨ ᠳ᠋ᠤ᠌ ᠤᠶᠠᠭᠳᠠᠨ ᠬᠥᠲᠥᠯᠦᠭᠳᠡᠪᠡᠴᠦ ᠭᠦᠶᠦᠭᠡᠳ ᠢᠷᠡᠬᠦ ᠠᠵᠢᠨᠠᠢ
ᠠᠮᠠᠷᠠᠭ ᠤ᠋ᠨ ᠳᠠᠭᠤᠨ ᠳ᠋ᠤ᠌ ᠵᠠᠩᠭᠢᠷᠴᠦ ᠠᠨᠢᠰᠬ᠎ᠠ ᠴᠢᠭᠢᠭᠯᠡᠬᠦ ᠨᠢᠯᠪᠤᠰᠤ
ᠳᠥᠷᠦᠭᠡᠨ ᠴᠢᠮᠡᠭᠡ ᠲᠡᠢ ᠣᠷᠴᠢᠯᠠᠩ ᠤ᠋ᠨ ᠳᠦᠭᠦᠷᠡᠭ ᠴᠠᠭᠠᠨ ᠠᠶᠠᠯᠭᠤ
ᠳᠥᠮᠦᠭᠡᠨ ᠳᠠᠭᠤᠯᠠᠬᠤ ᠰᠢᠷᠤᠩᠬᠠᠢ ᠳᠦᠨᠵᠢᠨᠭᠠᠷᠪᠦ ᠶ᠋ᠢᠨ ᠰᠦᠨᠳᠡᠯ
ᠡᠷ᠎ᠡ ᠬᠥᠮᠦᠨ ᠦ᠌ ᠲᠠᠪᠢᠨ ᠨᠠᠰᠤ
ᠡᠷ᠎ᠡ ᠶ᠋ᠢᠨ ᠴᠡᠭᠡᠯ ᠳ᠋ᠦ᠍ ᠬᠦᠷᠦᠭᠰᠡᠨ
ᠲᠥᠷᠥ ᠶ᠋ᠢᠨ ᠨᠣᠶᠠᠨ ᠨᠢᠷᠤᠭᠤ ᠡᠷᠯᠢᠭ ᠲᠠᠭᠠᠷᠠᠭᠰᠠᠨ ᠴᠦ᠍
ᠰᠣᠴᠢᠬᠤ ᠪᠠᠷ ᠦᠭᠡᠢ ᠠᠶᠤᠳᠠᠰᠤ ᠬᠦᠷᠭᠡᠭᠰᠡᠨ ᠨᠠᠰᠤ
ᠲᠣᠭᠠᠯᠠᠳᠠᠭ᠂ ᠲᠣᠷᠮᠣᠢᠳᠠᠭ ᠬᠣᠶᠠᠷ ᠤ᠋ᠨ ᠠᠮᠲᠠ ᠦᠨᠦᠷ ᠢ᠋ ᠳᠠᠩᠰᠠᠯᠠᠵᠤ
ᠲᠣᠭᠣᠷᠢᠬᠤ᠂ ᠳᠠᠭᠠᠷᠢᠬᠤ ᠬᠣᠶᠠᠷ ᠢ᠋ᠶ᠋ᠠᠨ ᠤᠬᠠᠭᠠᠷᠠᠵᠤ ᠲᠠᠨᠢᠭᠰᠠᠨ ᠨᠠᠰᠤ
ᠲᠣᠷᠭ᠎ᠠ᠂ ᠳᠤᠷᠳᠤᠩ ᠬᠣᠶᠠᠷ ᠤ᠋ᠨ ᠥᠩᠭᠡ ᠴᠢᠨᠰᠠᠭ᠎ᠠ ᠶ᠋ᠢ ᠲᠡᠩᠰᠡᠵᠦ
ᠮᠠᠩᠨᠤᠭ᠂ ᠴᠢᠰᠴᠡᠦ ᠬᠣᠶᠠᠷ ᠢ᠋ᠶ᠋ᠠᠨ ᠢᠯᠭᠠᠵᠤ ᠮᠡᠳᠡᠳᠡᠭ ᠨᠠᠰᠤ ᠠ᠋
ᠢᠷ ᠨᠢ ᠡᠮᠲᠡᠷᠡᠭᠰᠡᠨ ᠴᠦ᠍ ᠵᠢᠪᠡᠷᠡᠭᠡ ᠦᠭᠡᠢ
ᠬᠥᠬᠡ ᠢᠯᠳᠦᠨ ᠦ᠌ ᠠᠭᠠᠭ
ᠢᠳᠡᠷ ᠦ᠋ᠨ ᠵᠣᠯᠪᠣᠭ᠎ᠠ ᠬᠠᠷᠢᠭ᠎ᠠ ᠦᠭᠡᠢ
ᠡᠪᠦᠭᠡᠨ ᠪᠦᠷᠭᠦᠳ ᠦ᠋ᠨ ᠵᠢᠭᠦᠷ ᠠ᠋
ᠡᠷ᠎ᠡ ᠬᠥᠮᠦᠨ ᠦ᠌ ᠲᠠᠪᠢᠨ ᠨᠠᠰᠤ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
