ᠪᠦᠲᠦᠨ ᠪᠣᠯᠬᠤ ᠶᠢᠨ ᠰᠢᠯᠦᠭ - ᠪᠠᠪᠤᠤ ᠶ᠋ᠢᠨ ᡀᠬᠠᠪᠠᠰᠥ᠋ᠷᠦᠩ Бүтэн болохын шүлэг — Бавуугийн Лхагвасүрэн
ᠪᠦᠲᠦᠨ ᠪᠣᠯᠬᠤ ᠶᠢᠨ ᠰᠢᠯᠦᠭ
ᠨᠠᠮᠤᠤ ᠬᠣᠶᠠᠷ ᠲᠤ ᠪᠠᠨ ᠵᠣᠷᠢᠭᠤᠯᠪᠠ᠁
ᠪᠠᠷᠴᠢᠨ ᠬᠠᠲᠠᠲᠠᠢ ᠲᠤᠯᠤᠭᠠᠳ ᠮᠢᠨᠢ
ᠪᠠᠬᠠᠷᠬᠠᠯ ᠢ᠋ ᠮᠢᠨᠢ ᠨᠡᠮᠡᠬᠦ ᠪᠡᠷ
ᠠᠭᠤᠯᠠ ᠪᠣᠯᠳᠠᠭ᠃
ᠰᠠᠭᠠᠬᠤ ᠨᠡᠢᠯᠡᠬᠦ ᠶ᠋ᠢᠨ ᠰᠢᠷ᠎ᠠ ᠬᠥᠨᠳᠡᠢ ᠮᠢᠨᠢ
ᠰᠠᠨᠠᠭᠰᠠᠨ ᠢ᠋ ᠮᠢᠨᠢ ᠨᠡᠮᠡᠬᠦ ᠪᠡᠷ
ᠲᠠᠯ᠎ᠠ ᠪᠣᠯᠳᠠᠭ᠃
ᠤᠲᠠᠰᠤ ᠰᠢᠭ᠋ ᠨᠠᠷᠢᠬᠠᠨ ᠪᠥᠵᠥᠩᠬᠡᠢ ᠶ᠋ᠢᠨ
ᠭᠣᠣᠯ ᠤᠬᠢᠯᠠᠭᠰᠠᠨ ᠢ᠋ ᠮᠢᠨᠢ ᠨᠡᠮᠡᠬᠦ ᠪᠡᠷ
ᠮᠥᠷᠡᠨ ᠪᠣᠯᠳᠠᠭ᠃
ᠭᠤᠷᠠᠩᠬᠠᠯᠠᠭᠰᠠᠨ ᠲᠤᠷᠠᠩᠬᠠᠢ ᠬᠣᠷᠢᠳ ᠤ᠋ᠨ
ᠬᠠᠪᠢᠷᠭᠠᠨ ᠰᠠᠷ᠎ᠠ ᠭᠤᠨᠢᠭ ᠢ᠋ ᠮᠢᠨᠢ ᠨᠡᠮᠡᠭᠡᠳ
ᠲᠡᠷᠭᠡᠯ ᠪᠣᠯᠳᠠᠭ᠃
ᠳᠡᠭᠡᠳᠦ ᠬᠥᠬᠡ ᠲᠩᠷᠢ ᠶ᠋ᠢᠨ ᠣᠳᠣᠳ ᠮᠢᠨᠢ
ᠰᠦ ᠡᠷᠭᠦᠬᠦ ᠪᠡᠷ
ᠣᠯᠠᠨ ᠪᠣᠯᠳᠠᠭ᠃
ᠳᠠᠭᠤᠨ ᠳ᠋ᠤ᠌ ᠨᠠᠮᠢᠷᠠᠬᠤ ᠡᠪᠡᠰᠦᠲᠦ ᠬᠥᠳᠡᠭᠡ ᠮᠢᠨᠢ
ᠥᠬᠢᠨ ᠲᠥᠷᠥᠬᠦ ᠪᠡᠷ
ᠴᠡᠴᠡᠭ ᠲᠡᠢ ᠪᠣᠯᠳᠠᠭ᠃
ᠢᠷᠠᠯᠵᠠᠨ ᠤᠷᠤᠰᠬᠤ ᠬᠤᠪᠢᠯᠭᠠᠨ ᠵᠡᠷᠭᠡᠯᠭᠡ ᠨᠢ
ᠵᠡᠭᠦᠳᠦ ᠶ᠋ᠢ ᠮᠢᠨᠢ ᠨᠡᠮᠡᠬᠦ ᠪᠡᠷ
ᠵᠢᠷᠤᠭ ᠪᠣᠯᠳᠠᠭ᠃
ᠶᠠᠭᠠᠬᠢᠵᠤ ᠶᠠᠪᠤᠭ᠎ᠠ ᠪᠣᠯ ᠳᠠ! ᠭᠡᠵᠦ
ᠰᠢᠨᠠᠯᠤᠭᠰᠠᠨ ᠨᠤᠲᠤᠭ ᠮᠢᠨᠢ
ᠶᠠᠰᠤ ᠶ᠋ᠢ ᠮᠢᠨᠢ ᠲᠡᠪᠡᠷᠢᠭᠡᠳ
ᠪᠦᠲᠦᠨ ᠪᠣᠯᠤᠨ᠎ᠠ᠃
2001 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
