ᠶᠡᠷᠦᠩᠬᠡᠢᠯᠡᠭᠴᠢ ᠤ᠊ ᠬᠦᠷᠡᠯᠰᠦ᠋ᠬᠡ᠂ ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠨᠲ᠋ᠣᠨᠢᠣ᠋ ᠭᠤᠲ᠋ᠧᠷᠷᠧᠱ ᠨᠠᠷ ᠮᠣᠳᠣ ᠲᠠᠷᠢᠯ᠎ᠠ
ᠮᠣᠩᠭᠣᠯ ᠤᠯᠤᠰ ᠤᠨ ᠶᠡᠷᠦᠩᠬᠡᠢᠯᠡᠭᠴᠢ
ᠤᠬᠤᠨᠠᠭ᠎ᠠ ᠶᠢᠨ ᠬᠦᠷᠦᠯᠰᠦ᠋ᠬᠡ᠂ ᠮᠣᠩᠭᠣᠯ ᠤᠯᠤᠰ ᠲᠤ ᠠᠯᠪᠠᠨ ᠶᠣᠰᠣᠨ ᠤ ᠠᠢᠯᠴᠢᠯᠠᠯ ᠬᠢᠵᠦ ᠪᠤᠢ ᠨᠢᠭᠡᠳᠦᠭᠰᠡᠨ
ᠦᠨᠳᠦᠰᠦᠨ ᠦ ᠪᠠᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠨᠲ᠋ᠣᠨᠢᠣ᠋ ᠭᠤᠲ᠋ᠧᠷᠷᠧᠱ
ᠨᠠᠷ 《ᠲᠡᠷᠪᠤᠮ ᠮᠣᠳᠣ》 ᠦᠨᠳᠦᠰᠦᠨ ᠦ
ᠬᠥᠳᠡᠯᠭᠡᠭᠡᠨ ᠦ ᠬᠦᠷᠢᠶᠡᠨ ᠳᠦ ᠦᠨᠳᠦᠰᠦᠨ ᠦ ᠴᠡᠴᠡᠷᠯᠢᠭ ᠲᠦ ᠬᠦᠷᠢᠶᠡᠯᠡᠩ ᠦᠨ ᠡᠩᠬᠡ ᠶᠢ
ᠰᠠᠬᠢᠭᠤᠯᠤᠭᠴᠢᠳ ᠤᠨ ᠲᠥᠭᠡᠯ ᠳᠦ ᠮᠣᠳᠣ ᠲᠠᠷᠢᠯ᠎ᠠ᠃
ᠡᠨᠡ ᠦᠶ᠎ᠡ ᠪᠡᠷ ᠮᠣᠩᠭᠣᠯ
ᠤᠯᠤᠰ ᠤᠨ ᠶᠡᠷᠦᠩᠬᠡᠢᠯᠡᠭᠴᠢ᠂ ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠤᠨ ᠶᠡᠷᠦᠩᠬᠡᠢ ᠨᠠᠷᠢᠨ
ᠪᠢᠴᠢᠭ ᠦᠨ ᠳᠠᠷᠤᠭ᠎ᠠ ᠨᠠᠷ ᠦᠭᠡ ᠬᠡᠯᠡᠯ᠎ᠡ᠃
ᠮᠣᠩᠭᠣᠯ ᠤᠯᠤᠰ ᠤᠨ ᠶᠡᠷᠦᠩᠬᠡᠢᠯᠡᠭᠴᠢ
ᠤᠬᠤᠨᠠᠭ᠎ᠠ ᠶᠢᠨ ᠬᠦᠷᠦᠯᠰᠦ᠋ᠬᠡ᠄
《ᠣᠯᠠᠨ ᠤᠯᠤᠰ ᠤᠨ ᠬᠠᠮᠲᠤ ᠶᠢᠨ ᠨᠡᠢᠭᠡᠮᠯᠢᠭ᠂
ᠳᠡᠯᠡᠬᠡᠢ ᠨᠡᠢᠲᠡ ᠶᠢᠨ ᠡᠮᠦᠨ᠎ᠡ ᠲᠤᠯᠭᠠᠷᠠᠵᠤ ᠪᠤᠢ ᠰᠣᠷᠢᠯᠲᠠ ᠨᠤᠭᠤᠳ ᠪᠣᠯᠬᠤ ᠠᠭᠤᠷ ᠠᠮᠢᠰᠬᠤᠯ ᠤᠨ
ᠥᠭᠡᠷᠡᠴᠢᠯᠡᠯᠲᠡ᠂ ᠴᠥᠯᠵᠢᠯᠲᠡ᠂ ᠬᠦᠷᠢᠶᠡᠯᠡᠩ ᠪᠤᠢ ᠣᠷᠴᠢᠨ ᠤ ᠳᠣᠷᠣᠢᠲᠠᠯ ᠵᠡᠷᠭᠡ ᠳᠦ ᠣᠨᠴᠠᠭᠠᠢ
ᠠᠩᠬᠠᠷᠴᠤ᠂ ᠤᠯᠤᠰ ᠣᠷᠣᠨ ᠪᠦᠷᠢ ᠴᠢᠷᠮᠠᠢᠨ ᠵᠢᠳᠬᠦᠵᠦ ᠪᠠᠢᠨ᠎ᠠ᠃
ᠮᠣᠩᠭᠣᠯ ᠤᠯᠤᠰ ᠠᠭᠤᠷ
ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠲᠡᠢ ᠲᠡᠮᠡᠴᠡᠬᠦ᠂ ᠣᠢ᠂ ᠤᠰᠤᠨ ᠤ ᠨᠥᠭᠡᠴᠡ ᠶᠢ ᠨᠡᠮᠡᠭᠳᠡᠭᠦᠯᠬᠦ
ᠬᠠᠮᠤᠭ ᠤᠨ ᠦᠷ᠎ᠡ ᠳ᠋ᠦᠩ ᠲᠡᠢ ᠠᠷᠭ᠎ᠠ ᠶᠢ ᠮᠣᠳᠣ ᠲᠠᠷᠢᠵᠤ᠂ ᠤᠷᠭᠤᠭᠤᠯᠬᠤ ᠬᠡᠮᠡᠨ ᠦᠵᠡᠵᠦ᠂ 2030
ᠣᠨ ᠭᠡᠬᠦ ᠳᠦ ᠲᠡᠷᠪᠤᠮ ᠢᠶᠠᠷ ᠲᠣᠭᠠᠯᠠᠭᠳᠠᠬᠤ ᠮᠣᠳᠣ ᠶᠢ ᠲᠠᠷᠢᠵᠤ ᠤᠷᠭᠤᠭᠤᠯᠬᠤ ᠦᠨᠳᠦᠰᠦᠨ ᠦ
ᠬᠥᠳᠡᠯᠭᠡᠭᠡᠨ ᠢ ᠡᠬᠡ ᠣᠷᠣᠨ ᠳᠤ ᠪᠠᠨ ᠥᠷᠨᠢᠭᠦᠯᠵᠦ ᠪᠠᠢᠨ᠎ᠠ᠃
《ᠲᠡᠷᠪᠤᠮ ᠮᠣᠳᠣ》 ᠦᠨᠳᠦᠰᠦᠨ ᠦ
ᠬᠥᠳᠡᠯᠭᠡᠭᠡᠨ ᠨᠢ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠨᠥᠯᠥᠭᠡᠯᠡᠯ ᠢ ᠪᠠᠭᠤᠷᠠᠭᠤᠯᠬᠤ᠂
ᠴᠥᠯᠵᠢᠯᠲᠡ ᠶᠢ ᠰᠠᠭᠠᠷᠠᠭᠤᠯᠬᠤ᠂ ᠣᠢ᠂ ᠤᠰᠤᠨ ᠤ ᠨᠥᠭᠡᠴᠡ ᠶᠢ ᠬᠠᠮᠠᠭᠠᠯᠠᠬᠤ᠂ ᠬᠦᠨᠡᠰᠦᠨ ᠦ ᠬᠠᠩᠭᠠᠮᠵᠢ᠂
ᠠᠵᠢᠯ ᠤᠨ ᠪᠠᠢᠷᠢ ᠶᠢ ᠨᠡᠮᠡᠭᠳᠡᠭᠦᠯᠬᠦ ᠵᠡᠷᠭᠡ ᠪᠠᠢᠭᠠᠯᠢ᠂ ᠳᠡᠯᠡᠬᠡᠢ ᠲᠡᠢ ᠪᠡᠨ ᠬᠠᠷᠢᠴᠠᠬᠤ ᠵᠥᠪ
ᠬᠠᠨᠳᠤᠯᠭ᠎ᠠ᠂ ᠰᠤᠶᠤᠯ ᠢ ᠠᠷᠠᠳ ᠢᠷᠭᠡᠳ᠂ ᠲᠡᠭᠦᠨ ᠦ ᠳᠣᠲᠣᠷ᠎ᠠ ᠬᠡᠦᠬᠡᠳ ᠵᠠᠯᠠᠭᠤᠰ ᠲᠤ ᠰᠤᠷᠲᠠᠯᠴᠢᠯᠠᠨ
ᠲᠦᠭᠡᠭᠡᠬᠦ ᠠᠴᠢ ᠬᠣᠯᠪᠣᠭᠳᠠᠯ ᠲᠠᠢ ᠶᠤᠮ᠃
ᠦᠨᠳᠦᠰᠦᠨ ᠦ ᠬᠥᠳᠡᠯᠭᠡᠭᠡᠨ ᠳᠦ
ᠠᠷᠠᠳ ᠢᠷᠭᠡᠳ᠂ ᠲᠡᠷᠡ ᠳᠤᠮᠳᠠ ᠪᠠᠨ ᠵᠠᠯᠠᠭᠤᠴᠤᠳ ᠮᠠᠰᠢ ᠢᠳᠡᠪᠬᠢᠲᠡᠢ ᠣᠷᠣᠯᠴᠠᠵᠤ ᠪᠠᠢᠭ᠎ᠠ ᠶᠢ
ᠲᠡᠮᠳᠡᠭᠯᠡᠨ ᠬᠡᠯᠡᠬᠦ ᠳᠦ ᠲᠠᠭᠠᠲᠠᠢ ᠪᠠᠢᠨ᠎ᠠ᠃
ᠨᠢᠭᠡ ᠮᠣᠳᠣ ᠲᠠᠷᠢᠬᠤ ᠳᠤ
ᠲᠡᠭᠦᠨ ᠢ ᠳᠠᠭᠠᠨ ᠤᠷᠭᠤᠬᠤ ᠪᠤᠲᠠ᠂ ᠰᠥᠭᠡᠭ᠂ ᠡᠪᠡᠰᠦ᠂ ᠤᠷᠭᠤᠮᠠᠯ ᠬᠦᠯᠡᠮᠵᠢ ᠶᠢᠨ ᠬᠡᠢ ᠶᠢ ᠰᠢᠩᠭᠡᠭᠡᠵᠦ᠂
ᠬᠥᠷᠦᠰᠦᠨ ᠦ ᠴᠢᠭᠢᠭ ᠢ ᠬᠠᠮᠠᠭᠠᠯᠠᠨ᠂ ᠭᠠᠵᠠᠷ ᠤᠨ ᠳᠣᠷᠣᠢᠲᠠᠯ᠂ ᠴᠥᠯᠵᠢᠯᠲᠡ ᠡᠴᠡ ᠰᠡᠷᠭᠡᠢᠯᠡᠬᠦ ᠳᠦ ᠬᠤᠪᠢ
ᠨᠡᠮᠡᠷᠢ ᠪᠡᠨ ᠣᠷᠣᠭᠤᠯᠳᠠᠭ ᠪᠣᠯ 100 ᠮᠢᠩᠭ᠎ᠠ ᠪᠠᠷ ᠲᠣᠭᠠᠯᠠᠭᠳᠠᠬᠤ
ᠮᠣᠳᠣ ᠲᠠᠷᠢᠬᠤ ᠳᠤ ᠲᠤᠬᠠᠢ ᠶᠢᠨ ᠭᠠᠵᠠᠷ ᠨᠤᠲᠤᠭ ᠂ ᠲᠡᠷᠪᠤᠮ ᠮᠣᠳᠣ ᠲᠠᠷᠢᠬᠤ ᠳᠤ ᠪᠦᠰᠡ ᠨᠤᠲᠤᠭ ᠢ
ᠡᠷᠡᠭᠦᠯᠵᠢᠭᠦᠯᠬᠦ ᠠᠴᠢ ᠲᠤᠰᠠᠲᠠᠢ ᠭᠡᠳᠡᠭ ᠢ ᠡᠷᠳᠡᠮᠲᠡᠳ ᠰᠤᠳᠤᠯᠤᠨ ᠲᠣᠭᠲᠠᠭᠠᠭᠰᠠᠨ᠃
ᠮᠣᠩᠭᠣᠯ ᠤᠯᠤᠰ 2026
ᠣᠨ ᠳᠤ ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠤᠨ ᠴᠥᠯᠵᠢᠯᠲᠡ ᠲᠡᠢ ᠲᠡᠮᠡᠴᠡᠬᠦ ᠺᠣᠨᠸᠧᠨᠼ ᠤᠨ
ᠲᠠᠯ ᠤᠳ ᠤᠨ 17
ᠳ᠋ᠤᠭᠠᠷ ᠪᠠᠭ᠎ᠠ ᠬᠤᠷᠠᠯ ᠢ ᠡᠬᠡ ᠣᠷᠣᠨ ᠳᠤ ᠪᠠᠨ ᠵᠣᠬᠢᠶᠠᠨ ᠪᠠᠢᠭᠤᠯᠤᠨ᠎ᠠ᠃
ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠤᠨ
ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠨᠲ᠋ᠣᠨᠢᠣ᠋ ᠭᠤᠲ᠋ᠧᠷᠷᠧᠱ 《ᠲᠡᠷᠪᠤᠮ
ᠮᠣᠳᠣ》 ᠦᠨᠳᠦᠰᠦᠨ ᠦ ᠬᠥᠳᠡᠯᠭᠡᠭᠡᠨ ᠢ
ᠳᠡᠮᠵᠢᠨ᠂ ᠪᠢᠳᠡᠨ ᠲᠡᠢ ᠨᠢᠭᠡᠳᠴᠦ ᠪᠠᠢᠭᠠᠳ ᠠᠷᠠᠳ ᠲᠦᠮᠡᠨ ᠦ ᠪᠡᠨ ᠨᠡᠷ᠎ᠡ ᠶᠢᠨ ᠡᠮᠦᠨ᠎ᠡ ᠡᠴᠡ ᠲᠠᠯᠠᠷᠬᠠᠯ
ᠢᠯᠡᠷᠬᠡᠢᠯᠡᠶ᠎ᠡ》 ᠭᠡᠯᠡ᠃
ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠤᠨ
ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠨᠲ᠋ᠣᠨᠢᠣ᠋ ᠭᠤᠲ᠋ᠧᠷᠷᠧᠱ᠄
《ᠶᠠᠭᠤᠨ ᠤ ᠡᠮᠦᠨ᠎ᠡ ᠡᠨᠳᠡ ᠴᠤᠭᠯᠠᠭᠰᠠᠨ ᠡᠩᠬᠡ ᠶᠢ
ᠰᠠᠬᠢᠭᠤᠯᠤᠭᠴᠢ ᠡᠷᠡᠭᠲᠡᠢ᠂ ᠡᠮᠡᠭᠲᠡᠢᠴᠦᠳ ᠲᠠ ᠪᠦᠬᠦᠨ ᠳᠦ ᠭᠦᠨ ᠲᠠᠯᠠᠷᠬᠠᠯ ᠢᠯᠡᠷᠬᠡᠢᠯᠡᠶ᠎ᠡ᠃
ᠳᠡᠯᠡᠬᠡᠢ ᠶᠢᠨ ᠬᠠᠮᠤᠭ ᠤᠨ
ᠬᠠᠯᠠᠭᠤᠨ ᠴᠡᠭᠡ ᠨᠦᠭᠦᠳ ᠲᠦ ᠡᠩᠬᠡ ᠶᠢ ᠰᠠᠬᠢᠭᠤᠯᠬᠤ ᠠᠵᠢᠯᠯᠠᠭᠠᠨ ᠳᠤ ᠡᠭᠦᠷᠭᠡ ᠭᠦᠢᠴᠡᠳᠭᠡᠵᠦ᠂ ᠡᠩ ᠦᠨ
ᠢᠷᠭᠡᠳ᠂ ᠡᠮᠡᠭᠲᠡᠢᠴᠦᠳ᠂ ᠡᠮᠵᠡᠭ ᠪᠦᠯᠦᠭ ᠦᠨ ᠬᠦᠮᠦᠰ ᠲᠦ ᠪᠦᠬᠦᠢ ᠯᠠ ᠲᠠᠯ᠎ᠠ ᠶᠢᠨ ᠳᠡᠮᠵᠢᠯᠭᠡ᠂
ᠲᠤᠰᠠᠯᠠᠯᠴᠠᠭ᠎ᠠ ᠦᠵᠡᠭᠦᠯᠵᠦ ᠢᠷᠡᠭᠰᠡᠨ ᠲᠠ ᠪᠦᠬᠦᠨ ᠦ ᠦᠢᠯᠡ ᠬᠡᠷᠡᠭ ᠢ ᠥᠨᠳᠥᠷ ᠢᠶᠡᠷ ᠦᠨᠡᠯᠡᠵᠦ ᠪᠠᠢᠭ᠎ᠠ ᠪᠠᠨ
ᠬᠡᠯᠡᠶ᠎ᠡ᠃
ᠮᠥᠨ ᠡᠨᠳᠡ ᠬᠦᠷᠦᠯᠴᠡᠨ ᠢᠷᠡᠭᠰᠡᠨ
ᠬᠡᠦᠬᠡᠳ᠂ ᠵᠠᠯᠠᠭᠤᠰ ᠤᠨ ᠲᠥᠯᠥᠭᠡᠯᠡᠯ ᠳᠦ ᠪᠠᠶᠠᠷ ᠬᠦᠷᠭᠡᠶ᠎ᠡ᠃ ᠮᠣᠩᠭᠣᠯ ᠤᠯᠤᠰ ᠤᠨ ᠶᠡᠷᠦᠩᠬᠡᠢᠯᠡᠭᠴᠢ
ᠮᠣᠩᠭᠣᠯ ᠤᠨ ᠬᠡᠦᠬᠡᠳ᠂ ᠵᠠᠯᠠᠭᠤᠰ ᠪᠠᠢᠭᠠᠯᠢ ᠣᠷᠴᠢᠨ ᠢᠶᠠᠨ ᠬᠠᠮᠠᠭᠠᠯᠠᠬᠤ᠂ ᠨᠥᠬᠦᠨ ᠰᠡᠷᠭᠦᠭᠡᠬᠦ ᠦᠢᠯᠡ
ᠠᠵᠢᠯᠯᠠᠭᠠᠨ ᠳᠤ ᠮᠠᠰᠢ ᠢᠳᠡᠪᠬᠢᠲᠡᠢ ᠣᠷᠣᠯᠴᠠᠳᠠᠭ ᠭᠡᠳᠡᠭ ᠢ ᠨᠠᠳᠠ ᠳᠤ ᠬᠡᠯᠡᠭᠰᠡᠨ᠃ ᠲᠠ ᠪᠦᠬᠦᠨ ᠦ ᠦᠢᠯᠡ
ᠬᠡᠷᠡᠭ ᠢ ᠲᠠᠯᠠᠷᠬᠠᠨ ᠬᠦᠯᠢᠶᠡᠨ ᠠᠪᠴᠤ᠂ ᠪᠠᠶᠠᠷ ᠬᠦᠷᠭᠡᠶ᠎ᠡ᠃
ᠪᠢᠳᠡᠨ ᠦ ᠦᠶ᠎ᠡ ᠶᠢᠨ ᠬᠢᠨ ᠡᠬᠡ
ᠳᠡᠯᠡᠬᠡᠢ ᠳᠦ ᠪᠡᠨ ᠡᠭᠡᠯᠢᠲᠡᠢ ᠬᠠᠨᠳᠤᠵᠤ ᠴᠢᠳᠠᠭ᠎ᠠ ᠦᠭᠡᠢ᠃ ᠪᠢᠳᠡ ᠪᠠᠢᠭᠠᠯᠢ ᠣᠷᠴᠢᠨ ᠢᠶᠠᠨ
ᠪᠣᠬᠢᠷᠳᠠᠭᠤᠯᠵᠤ᠂ ᠪᠠᠢᠭᠠᠯᠢ ᠶᠢᠨ ᠪᠠᠶᠠᠯᠢᠭ ᠢ
ᠬᠡᠷᠡᠭᠯᠡᠵᠦ᠂ ᠬᠣᠢᠴᠢ ᠦᠶ᠎ᠡ ᠳᠡᠭᠡᠨ ᠡᠬᠡ ᠳᠡᠯᠡᠬᠡᠢ ᠶᠢ ᠬᠡᠪ ᠢᠶᠡᠷ ᠨᠢ ᠬᠦᠯᠢᠶᠡᠯᠭᠡᠨ ᠥᠭᠴᠦ
ᠴᠢᠳᠠᠭᠰᠠᠨ ᠦᠭᠡᠢ᠃
ᠤᠯᠤᠰ ᠣᠷᠣᠨ ᠪᠦᠷᠢ ᠠᠭᠤᠷ
ᠠᠮᠢᠰᠬᠤᠯ ᠤᠨ ᠥᠭᠡᠷᠡᠴᠢᠯᠡᠯᠲᠡ ᠶᠢᠨ ᠰᠥᠷᠭᠦ ᠨᠥᠯᠥᠭᠡᠯᠡᠯ᠂ ᠤᠰᠤ᠂ ᠬᠥᠷᠦᠰᠦ᠂ ᠠᠭᠠᠷ ᠤᠨ ᠪᠣᠬᠢᠷᠳᠠᠯ ᠤᠨ
ᠤᠯᠠᠮ ᠠᠴᠠ ᠣᠯᠠᠨ ᠬᠦᠨᠳᠦᠷᠡᠯ ᠠᠮᠰᠠᠵᠤ ᠪᠠᠢᠨ᠎ᠠ᠃ ᠪᠠᠢᠭᠠᠯᠢ ᠶᠢᠨ ᠭᠠᠮᠰᠢᠭ ᠤᠨ ᠳᠠᠪᠲᠠᠮᠵᠢ ᠨᠡᠮᠡᠭᠳᠡᠵᠦ ᠪᠠᠢᠨ᠎ᠠ᠃
ᠡᠨᠡ ᠪᠦᠭᠦᠳᠡ ᠶᠢ ᠵᠣᠭᠰᠣᠭᠠᠬᠤ ᠳᠤ ᠵᠠᠯᠠᠭᠤᠰ ᠲᠠ ᠪᠦᠬᠦᠨ ᠢ ᠤᠷᠢᠶᠠᠯᠠᠬᠤ ᠶᠢ ᠬᠦᠰᠡᠵᠦ ᠪᠠᠢᠨ᠎ᠠ᠃
ᠮᠣᠩᠭᠣᠯ ᠤᠯᠤᠰ ᠤᠨ ᠶᠡᠷᠦᠩᠬᠡᠢᠯᠡᠭᠴᠢ ᠶᠢᠨ
ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ
ᠬᠥᠳᠡᠯᠭᠡᠭᠡᠨ ᠳᠦ ᠥᠪᠡᠷ ᠦᠨ ᠬᠤᠪᠢ ᠨᠡᠮᠡᠷᠢ ᠶᠢ ᠣᠷᠣᠭᠤᠯᠬᠤ ᠪᠣᠯᠤᠮᠵᠢ ᠣᠯᠭᠤᠭᠰᠠᠨ ᠳᠤ ᠲᠠᠯᠠᠷᠬᠠᠯ
ᠢᠯᠡᠷᠬᠡᠢᠯᠡᠶ᠎ᠡ᠃
ᠮᠣᠩᠭᠣᠯ ᠤᠯᠤᠰ ᠲᠤ ᠲᠡᠷᠪᠤᠮ ᠮᠣᠳᠣ
ᠲᠠᠷᠢᠵᠤ ᠤᠷᠭᠤᠭᠤᠯᠤᠭᠰᠠᠨ ᠢᠶᠠᠷ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠨᠥᠯᠥᠭᠡᠯᠡᠯ ᠢ
ᠪᠠᠭᠤᠷᠠᠭᠤᠯᠬᠤ᠂ ᠴᠥᠯᠵᠢᠯᠲᠡ ᠶᠢ ᠰᠠᠭᠠᠷᠠᠭᠤᠯᠬᠤ᠂ ᠣᠷᠴᠢᠨ ᠤ ᠪᠣᠬᠢᠷᠳᠠᠯ ᠢ ᠪᠠᠭᠤᠷᠠᠭᠤᠯᠬᠤ᠂
ᠪᠢᠣᠯᠣᠭᠢ ᠶᠢᠨ ᠣᠯᠠᠨ ᠶᠠᠩᠵᠤ ᠪᠠᠢᠳᠠᠯ ᠢ ᠬᠠᠳᠠᠭᠠᠯᠠᠵᠤ ᠦᠯᠡᠳᠡᠬᠦ ᠳᠦ ᠮᠠᠰᠢ ᠴᠢᠬᠤᠯᠠ ᠬᠤᠪᠢ ᠨᠡᠮᠡᠷᠢ
ᠣᠷᠣᠭᠤᠯᠤᠨ᠎ᠠ ᠭᠡᠳᠡᠭ ᠲᠦ ᠢᠲᠡᠭᠡᠵᠦ ᠪᠠᠢᠨ᠎ᠠ᠃
ᠪᠠᠢᠭᠠᠯᠢ ᠣᠷᠴᠢᠨ᠂ ᠬᠦᠮᠦᠨ
ᠲᠥᠷᠦᠯᠬᠢᠲᠡᠨ ᠦ ᠬᠣᠭᠣᠷᠣᠨᠳᠣ ᠶᠢᠨ ᠬᠣᠯᠪᠣᠭᠠᠰᠤ ᠶᠢ ᠲᠡᠷᠪᠤᠮ ᠢᠶᠠᠷ ᠲᠣᠭᠠᠯᠠᠭᠳᠠᠬᠤ ᠮᠣᠳᠣ ᠲᠠᠷᠢᠵᠤ᠂
ᠤᠷᠭᠤᠭᠤᠯᠬᠤ ᠦᠢᠯᠡ ᠠᠵᠢᠯᠯᠠᠭ᠎ᠠ ᠪᠠᠨ ᠳᠠᠬᠢᠨ ᠰᠡᠷᠭᠦᠭᠡᠬᠦ ᠠᠴᠢ ᠬᠣᠯᠪᠣᠭᠳᠠᠯ ᠲᠠᠢ ᠭᠡᠵᠦ ᠣᠢᠯᠠᠭᠠᠵᠤ ᠪᠠᠢᠨ᠎ᠠ》 ᠭᠡᠯᠡ᠃
