1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠵᠠᠭᠠᠯᠠᠢ- ᠬᠡᠦᠬᠡᠯᠳᠡᠢ᠎ ᠺᠢᠨᠣ᠋ Мазаалай (Mazaalai) хүүхэлдэйн кино

ᠮᠠᠵᠠᠭᠠᠯᠠᠢ- ᠬᠡᠦᠬᠡᠯᠳᠡᠢ᠎ ᠺᠢᠨᠣ᠋ Мазаалай (Mazaalai) хүүхэлдэйн кино

2025-02-07

2105

ᠮᠠᠵᠠᠭᠠᠯᠠᠢ

–ᠬᠥᠶᠢ᠂ ᠬᠥᠶᠢ!
–ᠬᠠ ᠬᠠ ᠬᠠ᠁
–ᠬᠥᠶᠢ᠂  ᠶᠣ!
–ᠬᠡᠩ᠂ ᠬᠥᠥᠭ!
–ᠬᠡ ᠬᠡ᠂ ᠬᠠ ᠬᠠ ᠬᠠ᠂ ᠁
–ᠬᠠ᠊᠁᠎ ᠢ– ᠰᠠᠢᠬᠠᠨ ᠵᠡᠭᠦᠳᠦᠨ ᠡᠴᠡ ᠰᠡᠷᠡᠭᠡᠭᠡᠳ ᠬᠠᠶᠠᠴᠢᠬᠠᠬᠤ ᠶᠤᠮ᠃ ᠢᠱ᠌ᠢ᠂ ᠡᠨᠡ ᠤᠭᠠᠯᠵᠠ ᠰᠢᠭᠤᠷᠭ᠎ᠠ ᠨᠠᠮᠳᠠᠬᠤ ᠰᠢᠨᠵᠢ ᠶᠡᠷᠦ ᠠᠯᠠᠭ᠎ᠠ᠃ ᠳᠠᠩᠴᠤ ᠥᠯᠥᠰᠴᠦ ᠪᠠᠢᠨ᠎ᠠ ᠳᠠ᠃ ᠫᠦ! ᠬᠡᠷᠡᠭ ᠠᠯᠠᠭ᠎ᠠ᠃ ᠬᠠᠷᠮᠠᠭ ᠵᠢᠮᠢᠰ ᠴᠦ᠍ ᠮᠥᠨ ᠴᠦ᠍ ᠰᠠᠢᠬᠠᠨ ᠳᠠ᠂ ᠦᠭᠡᠢ ᠢᠩᠭᠢᠶ᠎ᠡ᠃ ᠬᠠᠷᠮᠠᠭ ᠵᠢᠮᠢᠰ ᠭᠡᠰᠡᠨ ᠡᠴᠡ ᠵᠡᠭᠦᠳᠦᠨ ᠳ᠋ᠦ᠍ ᠪᠡᠨ ᠦᠵᠡᠭᠰᠡᠨ ᠲᠡᠷᠡ  ᠭᠠᠵᠠᠷ ᠢ᠋ ᠪᠢ ᠯᠠᠪ ᠮᠡᠳᠡᠬᠦ ᠶᠦ᠍ᠮ ᠰᠢᠭ ᠠ᠋᠂ ᠢᠩᠭᠢᠵᠦ ᠰᠠᠭᠤᠭ᠍ᠰᠠᠨ ᠠ᠋ᠴᠠ ᠶᠡᠷᠦ ᠨᠢ ᠭᠠᠷᠳᠠᠭ ᠬᠡᠷᠡᠭ ᠠ᠋! ᠬᠥᠥᠭ᠂ ᠡᠨᠡ ᠠᠶᠤᠮᠠᠷ ᠠᠮᠢᠲᠠᠨ ᠴᠢᠨᠢ ᠬᠡᠨ ᠪᠣᠢ? ᠶᠡᠷᠦ ᠨᠢ ᠭᠠᠷᠬᠤ ᠪᠠᠨ ᠪᠣᠯᠢᠳᠠᠭ ᠴᠤ᠌ ᠶᠤᠮ ᠪᠢᠯᠡ ᠤᠤ? ᠦᠭᠡᠢ ᠦᠭᠡᠢ ᠥᠯᠥᠰᠴᠦ ᠬᠡᠪᠲᠡᠭᠰᠡᠨ ᠡᠴᠡ ᠶᠠᠪᠤᠭᠰᠠᠨ ᠳᠡᠭᠡᠷ᠎ᠡ᠃ ᠲᠡᠢᠮᠦ ᠭᠠᠵᠠᠷ ᠵᠠᠪᠠᠯ ᠪᠠᠢᠬᠤ ᠴᠤ᠌ ᠶᠣᠰᠣᠲᠠᠢ᠃ 
–ᠬᠥᠶᠢ! ᠠ  
–ᠥ ᠬᠥᠥᠭ᠂  ᠡ᠊᠁ ᠠ᠂
–ᠥ᠊ ᠁᠎ ᠢ᠂ ᠠ᠋ 
–ᠥ᠂ ᠬᠤᠯᠠᠨ ᠭᠤᠸᠠᠢ᠂ᠶᠠᠭᠤᠨ ᠳ᠋ᠤ᠌ ᠪᠠᠨ ᠢᠩᠭᠢᠲᠡᠯ᠎ᠡ ᠪᠡᠨ ᠶᠠᠭᠠᠷᠠᠭ᠎ᠠ ᠪᠣᠢ?
–ᠶᠠᠭᠤᠨ ᠳ᠋ᠤ᠌ ᠪᠠᠨ ᠭᠡᠨ᠎ᠡ? ᠬᠠᠮᠠᠷ ᠬᠠᠳᠬᠤᠬᠤ ᠡᠪᠡᠰᠦ ᠦᠭᠡᠢ ᠪᠣᠯᠣᠯ᠎ᠠ᠂ ᠬᠠᠩᠭᠠᠢ ᠶ᠋ᠢ ᠵᠢᠷᠭᠠᠯ ᠤ᠋ᠨ ᠣᠷᠣᠨ ᠭᠡᠵᠦ ᠳᠣᠭᠣᠯᠤᠯ᠎ᠠ᠃ ᠬᠠᠮᠲᠤ ᠳ᠋ᠤ᠌ ᠪᠠᠨ ᠶᠠᠪᠤᠬᠤ ᠪᠠᠨ ᠪᠠᠵᠠᠭ᠎ᠠ ᠯᠠ᠃ 
–ᠵᠠ ᠳᠠ᠂ ᠪᠢ ᠴᠢᠨᠦ ᠬᠥᠯ ᠢ᠋ ᠶᠠᠮᠠᠷ ᠭᠦᠢᠴᠡᠬᠦ ᠪᠢᠰᠢ ᠳᠡ᠃ ᠬᠠᠷᠢᠨ ᠲᠡᠷᠡ ᠬᠣᠯᠠ ᠭᠠᠵᠠᠷ ᠭᠦᠶᠦᠭ᠌ᠰᠡᠨ ᠡᠴᠡ ᠪᠢ ᠨᠢᠭᠡ ᠭᠠᠵᠠᠷ ᠮᠡᠳᠡᠬᠦ ᠶᠦ᠍ᠮ ᠰᠢᠭ ᠠ᠋᠂ ᠲᠠᠢᠰᠢ ᠪᠠᠨ ᠬᠣᠶᠠᠭᠤᠯᠠ ᠪᠠᠨ ᠬᠠᠮᠲᠤ ᠶᠠᠪᠤᠬᠤ ᠤᠤ? 
–ᠦᠭᠡᠢ ᠲᠠ᠂ ᠮᠠᠵᠠᠭᠠᠯᠠᠢ ᠮᠢᠨᠢ ᠬᠠᠮᠤᠭ ᠭᠠᠵᠠᠷ ᠬᠠᠲᠠᠵᠤ ᠦᠬᠦᠬᠦ ᠰᠠᠨ᠃ ᠵᠠ᠂ ᠪᠢ ᠰᠥᠷᠦᠭ ᠢ᠋ᠶ᠋ᠡᠨ ᠳᠠᠭᠠᠶ᠎ᠠ ᠳᠠ᠃ ᠬᠠᠩᠭᠠᠢ ᠶ᠋ᠢ ᠵᠣᠷᠢᠯ᠎ᠠ ᠃
–ᠠᠢ! 
–ᠠᠢ! 
–ᠬᠥᠶᠢ! 
–ᠬᠥ᠂ ᠬᠠᠷ᠎ᠠ ᠰᠡᠭᠦᠯᠲᠦ ᠠ᠋! ᠴᠢ ᠪᠠᠰᠠ ᠬᠠᠮᠢᠭ᠎ᠠ ᠣᠴᠢᠬᠤ ᠨᠢ ᠪᠣᠢ? ᠬᠠᠷ᠎ᠠ ᠰᠡᠭᠦᠯᠲᠦ!
–ᠲᠤᠭᠤᠷᠠᠢ ᠪᠠᠷ ᠢ᠋ᠶ᠋ᠠᠨ ᠤᠰᠤ ᠴᠠᠪᠴᠢᠵᠤ ᠭᠠᠷᠭᠠᠳᠠᠭ ᠬᠤᠯᠠᠨ ᠮᠢᠨᠢ ᠬᠠᠩᠭᠠᠢ ᠶ᠋ᠢ ᠵᠣᠷᠢᠭᠠᠳ ᠣᠳᠣᠯ᠎ᠠ᠃ᠲᠡᠭᠡᠬᠦ ᠪᠡᠷ ᠴᠢᠨᠢ ᠣᠳᠣ ᠪᠢᠳᠡ ᠨᠠᠷ ᠶᠠᠪᠤᠬᠤ ᠪᠣᠯᠵᠤ ᠪᠠᠢᠨ᠎ᠠ᠃
–ᠬᠠᠷ᠎ᠠ ᠰᠡᠭᠦᠯᠲᠦ ᠠ᠋! 
–ᠥ! 
–ᠵᠠ᠂ ᠵᠠ᠂ ᠮᠢᠨᠦ ᠦᠭᠡ ᠶ᠋ᠢ ᠰᠣᠨᠣᠰᠬᠤ ᠦᠭᠡᠢ ᠪᠣᠯᠣᠯᠲᠠᠢ᠃ 
–ᠥ! 
–ᠬᠥᠶᠢ ! ᠥ ᠥ 
–ᠥ᠂ ᠥ᠂ ᠠ᠋–  ᠠ᠋᠂ ᠠ–
–ᠬᠡ ᠬᠡ ᠬᠡ–
–ᠥ ᠂ ᠵᠣᠯᠢᠭ! ᠦᠭᠡᠢ ᠴᠢ ᠴᠢᠨᠢ ᠮᠠᠵᠠᠭᠠᠯᠠᠢ ᠰᠢᠦ ᠳᠡ᠃ ᠦᠭᠡᠢ ᠴᠢ ᠴᠢᠨᠢ ᠰᠣᠯᠢᠶ᠎ᠠ ᠣᠷᠣᠴᠢᠬᠠᠭ᠎ᠠ ᠤᠤ? ᠬᠠᠮᠤᠭ ᠠᠮᠢᠲᠠᠨ ᠬᠣᠢᠰᠢ ᠪᠠᠨ ᠳᠠᠪᠬᠢᠵᠤ ᠪᠠᠢᠬᠤ ᠳ᠋ᠤ᠌ ᠴᠢ ᠴᠢᠨᠢ ᠭᠠᠭ᠍ᠴᠠᠭᠠᠷ ᠢ᠋ᠶ᠋ᠠᠨ ᠤᠷᠤᠭ᠍ᠰᠢ ᠪᠠᠨ ᠶᠠᠪᠤᠵᠤ ᠪᠠᠢᠳᠠᠭ᠂ᠲᠥᠭᠡᠷᠢᠴᠢᠬᠡᠭᠡ ᠦᠦ?
–ᠠ– 
–ᠲᠥᠭᠡᠷᠢᠴᠢᠬᠡᠭᠡ ᠦᠦ ᠭᠡᠵᠦ ᠪᠠᠢᠨ᠎ᠠ᠃ᠦᠭᠡᠢ ᠡᠨᠡ ᠭᠣᠪᠢ ᠨᠢᠭᠡ ᠯᠡ ᠪᠢᠰᠢ ᠳᠡ ᠶᠠᠩᠵᠤ ᠨᠢ᠁
–ᠡᠩ᠂ ᠬᠣᠢᠯᠤᠭ ᠠ᠋᠂
–ᠠ–
–ᠪᠢ ᠨᠢᠭᠡ ᠳᠠᠢᠰᠢ ᠪᠠᠨ ᠶᠠᠪᠤᠵᠤ ᠪᠠᠢᠨ᠎ᠠ ᠯᠠ ᠳᠠ᠃ ᠵᠠ᠂ ᠪᠢ ᠲᠡᠨᠳᠡ ᠤᠰᠤ ᠪᠠᠢᠭ᠎ᠠ ᠪᠣᠯ ᠤᠤ? ᠭᠡᠵᠦ ᠪᠣᠳᠣᠵᠤ ᠪᠠᠢᠨ᠎ᠠ᠃ ᠬᠣᠶᠠᠭᠤᠯᠠ ᠪᠠᠨ ᠬᠠᠮᠲᠤ ᠶᠠᠪᠤᠶ᠎ᠠ ᠯᠠ ᠳᠠ᠂ ᠲᠡᠨᠳᠡᠬᠢ ᠰᠠᠢᠬᠠᠨ᠁ 
–ᠠ ᠬᠠ– ᠮᠡᠳᠡᠬᠦ ᠦᠭᠡᠢ ᠮᠡᠳᠡᠬᠦ ᠦᠭᠡᠢ᠂ ᠠᠷᠭᠠᠯᠢ ᠶᠠᠩᠭᠢᠷ ᠬᠣᠶᠠᠷ ᠮᠠᠨᠢ ᠶᠠᠪᠤᠴᠢᠬᠠᠯ᠎ᠠ ᠃ ᠠᠷᠤ ᠠ᠋ᠴᠠ ᠨᠢ ᠳᠠᠭᠠᠵᠤ ᠬᠣᠭᠣᠯᠠ ᠣᠯᠵᠤ ᠢᠳᠡᠳᠡᠭ ᠪᠢ ᠴᠢᠨᠢ ᠶᠠᠭᠠᠬᠢᠬᠤ ᠪᠣᠯᠵᠤ ᠪᠠᠢᠨ᠎ᠠ? ᠬᠣᠢᠨ᠎ᠠ ᠠ᠋ᠴᠠ ᠨᠢ ᠶᠠᠪᠤᠬᠤ ᠠ᠋ᠴᠠ ᠪᠢᠰᠢ ᠶᠠᠭᠠᠬᠢᠬᠤᠪ! 
–ᠥ–
–ᠪᠠᠰᠠ ᠯᠠ ᠶᠠᠪᠤᠴᠢᠬᠠᠬᠤ ᠰᠢᠪ᠃
ᠡᠪᠡᠰᠦ ᠶ᠋ᠢᠨ  ᠰᠠᠢᠬᠠᠨ ᠢ᠋ ᠰᠢᠯᠢᠬᠦ ᠦᠭᠡᠢ
ᠤᠨᠠᠭ᠍ᠰᠠᠨ ᠭᠣᠪᠢ ᠪᠠᠨ ᠭᠣᠯᠣᠬᠤ ᠦᠭᠡᠢ
ᠤᠯᠠᠭᠠᠨ ᠢ᠋ ᠦᠵᠡᠵᠦ ᠤᠷᠪᠠᠬᠤ ᠦᠭᠡᠢ
ᠤᠭᠠᠯᠵᠠ ᠪᠣᠰᠣᠮᠠᠭᠴᠠ ᠤᠢᠳᠬᠤ ᠦᠭᠡᠢ 
ᠬᠠᠮᠤᠭ ᠤ᠋ᠨ ᠰᠡᠭᠦᠯ ᠳ᠋ᠦ᠍ ᠭᠠᠭ᠍ᠴᠠᠭᠠᠷ ᠢ᠋ᠶ᠋ᠠᠨ ᠦᠯᠡᠲᠡᠯ᠎ᠡ ᠴᠦ᠍ 
ᠬᠠᠢᠷᠠᠲᠠᠢ ᠭᠣᠪᠢ ᠳ᠋ᠤ᠌ ᠪᠠᠨ ᠮᠠᠵᠠᠭᠠᠯᠠᠢ ᠦᠨᠡᠨᠴᠢ᠃ 
–ᠬᠡᠩ᠂ ᠴᠢ ᠪᠠᠰᠠ ᠯᠠ ᠬᠣᠢᠰᠢ ᠪᠠᠨ ᠶᠠᠪᠤᠵᠤ ᠪᠠᠢᠭ᠎ᠠ ᠶᠤᠮ ᠤᠤ?
–ᠠ᠂ ᠮᠡᠳᠡᠬᠦ ᠦᠭᠡᠢ᠂ ᠮᠠᠵᠠᠭᠠᠯᠠᠢ ᠮᠢᠨᠢ! ᠠᠮᠢᠲᠠᠨ ᠪᠦᠬᠦᠨ ᠯᠡ ᠬᠣᠢᠰᠢ ᠪᠠᠨ ᠶᠠᠪᠤᠭᠠᠳ ᠪᠠᠢᠬᠤ ᠶᠤᠮ᠃ ᠡᠷᠬᠡᠪᠰᠢ ᠨᠢᠭᠡ ᠶ᠋ᠢ ᠮᠡᠳᠡᠵᠦ ᠪᠠᠢᠭ᠎ᠠ ᠶᠤᠮ ᠪᠠᠢᠯᠭᠦᠢ ᠳᠡ᠃ 
–ᠬᠥᠶᠢ ᠢᠷ᠎ᠡ! ᠵᠢᠷᠠ ᠬᠣᠨᠣᠭ ᠤ᠋ᠨ ᠥᠯ᠂ ᠨᠠᠶᠠ ᠬᠣᠨᠣᠭ ᠤ᠋ᠨ ᠴᠠᠩᠭᠠᠭ᠎ᠠ ᠯᠠ ᠠᠯᠠᠭ᠎ᠠ ᠭᠡᠳ ᠪᠠᠢᠳᠠᠭ᠃ ᠬᠠᠪᠲᠠᠭᠠᠢ ᠴᠤ᠌ ᠪᠠᠰᠠ ᠶᠠᠭᠤ ᠮᠡᠳᠡᠬᠦ ᠪᠣᠢ? 
ᠰᠠᠢᠮᠰᠢᠷᠠᠵᠤ ᠬᠠᠩᠭᠠᠢ ᠶ᠋ᠢ ᠰᠢᠯᠢᠬᠦ ᠦᠭᠡᠢ᠂ 
ᠴᠡᠴᠡᠷᠬᠡᠵᠦ  ᠭᠣᠪᠢ ᠪᠠᠨ ᠭᠣᠯᠣᠬᠤ ᠦᠭᠡᠢ᠂ 
ᠰᠢᠷ᠎ᠠ ᠶ᠋ᠢ ᠦᠵᠡᠭᠡᠳ ᠰᠢᠷᠪᠠᠬᠤ ᠦᠭᠡᠢ᠂ 
ᠰᠠᠭᠠᠳ ᠪᠣᠯᠪᠠᠴᠤ ᠰᠣᠯᠢᠬᠤ ᠦᠭᠡᠢ᠂ 
ᠬᠠᠮᠤᠭ ᠤ᠋ᠨ ᠰᠡᠭᠦᠯ ᠳ᠋ᠦ᠍ ᠭᠠᠭ᠍ᠴᠠᠭᠠᠷ ᠢ᠋ᠶ᠋ᠠᠨ ᠦᠯᠡᠲᠡᠯ᠎ᠡ ᠴᠦ᠍
ᠬᠠᠢᠷᠠᠲᠠᠢ ᠭᠣᠪᠢ ᠳᠤ ᠪᠠᠨ ᠮᠠᠵᠠᠭᠠᠯᠠᠢ ᠦᠨᠡᠨᠴᠢ ᠰᠢᠦ! 
–ᠠᠢ᠁ 
–ᠠᠤ – ᠪᠠᠷᠢᠵᠤ ᠢᠳᠡᠳᠡᠭ ᠠᠮᠢᠲᠠᠳ ᠪᠠᠢᠨ᠎ᠠ᠃ ᠬᠠᠤ ᠬᠠᠤ– ᠬᠠᠩᠭᠠᠢ ᠶ᠋ᠢᠨ ᠬᠠᠮᠤᠭ ᠠᠮᠢᠲᠠᠳ ᠬᠣᠢᠲᠤ ᠵᠦᠭ ᠢ᠋ ᠵᠣᠷᠢᠭ᠍ᠰᠠᠨ ᠪᠠᠢᠬᠤ ᠳ᠋ᠤ᠌᠁ ᠬᠠᠤ ᠬᠠᠤ– ᠭᠠᠭᠴᠠ ᠮᠠᠭᠤ ᠮᠠᠵᠠᠭᠠᠯᠠᠢ ᠶ᠋ᠢᠨ ᠵᠤᠯᠵᠠᠭ᠎ᠠ ᠦᠯᠡᠳᠡᠭᠡ ᠰᠢᠪ ᠳᠡ᠃ ᠠᠤ– ᠪᠠᠷᠢᠵᠤ ᠢᠳᠡᠨ᠎ᠡ ᠳᠠ᠂ ᠴᠢᠮ᠎ᠠ ᠶ᠋ᠢ 
–ᠥ᠂ ᠥ ᠥ᠁ᠥ ᠥ᠁ ᠠ–
–ᠥ ᠠ᠁ 
–ᠠ᠊ ᠁ ᠎᠎᠊ᠤ  – ᠴᠢ ᠵᠢᠭᠤᠲᠠᠭᠠᠳ ᠬᠠᠮᠢᠭ᠎ᠠ ᠬᠣᠯᠠᠳᠠᠭ᠎ᠠ ᠪᠢᠯᠡ ᠳᠠ᠂ ᠠ–
–ᠠ᠊ ᠁ ᠎᠊ᠤ – ᠠ᠁ 
–ᠠ᠋᠁ 
ᠭᠣᠪᠢ ᠪᠠᠨ ᠶᠠᠭᠠᠬᠢᠭᠰᠠᠨ ᠴᠤ᠌ ᠬᠠᠶᠠᠬᠤ ᠦᠭᠡᠢ᠃
ᠭᠣᠣᠯ ᠢ᠋ᠶ᠋ᠠᠨ ᠲᠠᠰᠤᠷᠠᠲᠠᠯ᠎ᠠ ᠶᠠᠪᠤᠬᠤ ᠦᠭᠡᠢ᠃
ᠠᠯᠲᠠᠨ ᠦᠢᠯᠡᠰ ᠢ᠋ᠶ᠋ᠡᠨ ᠬᠠᠶᠠᠬᠤ ᠦᠭᠡᠢ᠃ 
ᠠᠮᠢ ᠪᠠᠨ ᠲᠠᠰᠤᠷᠠᠲᠠᠯ᠎ᠠ ᠶᠠᠪᠤᠬᠤ ᠦᠭᠡᠢ᠃
ᠬᠠᠮᠤᠭ ᠤ᠋ᠨ ᠰᠡᠭᠦᠯ ᠳ᠋ᠦ᠍ ᠭᠠᠭ᠍ᠴᠠᠭᠠᠷ ᠢ᠋ᠶ᠋ᠠᠨ ᠦᠯᠡᠲᠡᠯ᠎ᠡ ᠴᠦ᠍ 
ᠬᠠᠢᠷᠠᠲᠠᠢ ᠭᠣᠪᠢ ᠳ᠋ᠤ᠌ ᠪᠠᠨ ᠮᠠᠵᠠᠭᠠᠯᠠᠢ ᠦᠨᠡᠨᠴᠢ᠃ 
–ᠬᠡ᠁
–ᠡ᠊ ᠁ ᠬᠡ –   ᠬᠡ᠁ 
–ᠵᠠ᠂ ᠪᠠᠢᠵᠠ᠂ ᠦᠭᠡᠢ᠂ ᠡᠨᠡ ᠴᠢᠨᠢ᠂ ᠡᠨᠡ ᠴᠢᠨᠢ ᠨᠥᠭᠥᠭᠡ ᠭᠠᠵᠠᠷ ᠴᠢᠨᠢ ᠮᠥᠨ ᠪᠠᠢᠨ᠎ᠠ ᠃ ᠬᠠᠷᠢᠨ ᠡᠨᠡ ᠴᠢᠯᠠᠭᠤ ᠴᠢᠨᠢ᠁ ᠬᠡᠩ–
–ᠡ᠊᠁ ᠬᠡᠭ–
–ᠴᠢᠶᠦ᠋ᠭ ᠁ ᠠ᠋᠂–ᠠ᠋᠂ ᠠᠢ —
–ᠤᠰᠤ ᠳᠤᠤᠭᠠᠷᠴᠤ ᠪᠠᠢᠬᠤ ᠶᠤᠮ᠃ 
–ᠠ᠋᠂  ᠴᠢᠶᠦ᠋ᠭ᠁ ᠴᠢᠶᠦ᠋ᠭ᠁ ᠠ᠋᠂ ᠬᠡ᠁
–ᠤᠰᠤ ᠪᠠᠢᠨ᠎ᠠ᠃
–ᠤᠰᠤ ᠭᠠᠷᠤᠯ᠎ᠠ᠂ ᠤᠰᠤ ᠭᠠᠷᠤᠯ᠎ᠠ᠁ ᠪᠢ ᠤᠰᠤ ᠣᠯᠣᠯ᠎ᠠ ᠰᠢᠦ ᠳᠡ᠃ 


ᠪᠢ ᠤᠰᠤ ᠦᠵᠡᠭᠡᠳ ᠬᠥᠩᠭᠡᠷᠡᠯ᠎ᠡ 
ᠠᠮᠢᠰᠬᠤᠭ᠎ᠠ  ᠵᠢᠭᠠᠬᠠᠨ ᠠᠭᠤᠵᠢᠷᠠᠯ᠎ᠠ᠂ 
ᠢᠩᠭᠢᠵᠦ ᠰᠠᠢᠬᠠᠨ ᠪᠣᠯᠬᠤ ᠪᠠᠷ 
ᠲᠡᠨᠢᠭᠦᠨ ᠴᠠᠭ ᠮᠢᠨᠢ ᠢᠷᠡᠯ᠎ᠡ᠃
ᠬᠡᠭᠡᠷ᠎ᠡ ᠶ᠋ᠢᠨ ᠵᠦᠯᠭᠡ ᠮᠣᠳᠣᠨ ᠤ᠋ 
ᠤᠷᠠᠢ ᠰᠠᠢᠨ ᠢ᠋ ᠠᠪᠴᠢᠷᠠᠯ᠎ᠠ᠂
ᠬᠥᠯ ᠦ᠋ᠨ ᠥᠯᠮᠡᠢ ᠳᠣᠣᠷ᠎ᠠ ᠠ᠋ᠴᠠ ᠨᠢ 
ᠮᠥᠩᠬᠡ ᠶ᠋ᠢᠨ ᠪᠤᠯᠠᠭ ᠤᠨᠳᠤᠷᠤᠯ᠎ᠠ᠃
ᠨᠠᠢᠷᠰᠠᠭ ᠵᠠᠩ ᠲᠠᠢ ᠬᠡᠦᠬᠡᠳ 
ᠨᠠᠢᠷᠰᠠᠨ ᠪᠠᠶᠠᠰᠤᠨ ᠪᠥᠵᠢᠭᠯᠡᠭᠡᠳ᠂ 
ᠠᠯᠲᠠᠨ ᠥᠯᠮᠡᠢ ᠳᠣᠣᠷ᠎ᠠ ᠠ᠋ᠴᠠ ᠨᠢ 
ᠠᠯᠠᠭ ᠴᠡᠴᠡᠭ ᠳᠡᠯᠭᠡᠷᠡᠯ᠎ᠡ᠃ 
ᠥᠪᠡᠷ ᠦ᠋ᠨ ᠥᠯᠥᠭᠡᠢ ᠨᠤᠲᠤᠭ ᠤ᠋ᠨ 
ᠤᠷᠠᠢ ᠰᠠᠢᠨ ᠢ᠋ ᠲᠣᠪᠴᠢᠲᠠᠯ᠎ᠠ᠂ 
ᠮᠥᠩᠭᠥᠨ ᠥᠯᠮᠡᠢ ᠳᠣᠣᠷ᠎ᠠ᠎ ᠠ᠋ᠴᠠ ᠨᠢ 
ᠮᠥᠩᠬᠡ ᠶ᠋ᠢᠨ ᠪᠤᠯᠠᠭ ᠤᠨᠳᠤᠷᠤᠯ᠎ᠠ᠃

  ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
  ᠦᠰᠦᠭ ᠬᠠᠳᠠᠭ᠍ᠰᠠᠨ ᠨᠢ᠄ ᠮᠥᠩᠭᠦᠨᠴᠡᠴᠡᠭ
  ᠬᠢᠨᠠᠭ᠍ᠴᠢ ᠪᠠᠭ᠍ᠰᠢ᠄ ᠮᠥᠴᠢᠷ