1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠢᠨ ᠪ ᠡᠭᠦᠰᠦᠯ ᠪᠠ ᠡᠭᠦᠯᠳᠡᠷ ᠊ᠤᠨ ᠠᠩᠭᠢᠯᠠᠯХонны үүсэл ба үүлдрийн ангилал

ᠬᠣᠨᠢᠨ ᠪ ᠡᠭᠦᠰᠦᠯ ᠪᠠ ᠡᠭᠦᠯᠳᠡᠷ ᠊ᠤᠨ ᠠᠩᠭᠢᠯᠠᠯХонны үүсэл ба үүлдрийн ангилал

2025-02-06

611

ᠬᠣᠨᠢᠨ ᠪ ᠡᠭᠦᠰᠦᠯ ᠪᠠ ᠡᠭᠦᠯᠳᠡᠷ᠎ ᠊ᠤᠨ ᠠᠩᠭᠢᠯᠠᠯ

ᠨᠢᠭᠡᠳᠦᠭᠡᠷ ᠬᠡᠰᠡᠭ᠂ ᠬᠣᠨᠢᠨ ᠤ᠋ ᠡᠭᠦᠰᠦᠯ ᠪᠠ ᠡᠭᠦᠯᠳᠡᠷ ᠦ᠋ᠨ ᠠᠩᠭᠢᠯᠠᠯ 
ᠨᠢᠭᠡ᠂ ᠬᠣᠨᠢᠨ ᠤ᠋ ᠭᠠᠷᠤᠯ ᠡᠭᠦᠰᠦᠯ 
    ᠣᠳᠣ ᠶ᠋ᠢᠨ ᠮᠠᠯᠵᠢᠵᠤ ᠪᠠᠢᠭ᠎ᠠ ᠭᠡᠷ ᠦ᠋ᠨ ᠬᠣᠨᠢ ᠪᠣᠯ ᠵᠡᠷᠯᠢᠭ ᠬᠣᠨᠢ ᠠ᠋ᠴᠠ ᠡᠭᠦᠰᠦᠭᠰᠡᠨ ᠶᠤᠮ᠃ ᠣᠯᠠᠩᠬᠢ ᠡᠷᠳᠡᠮᠲᠡᠳ ᠦ᠋ᠨ ᠦᠵᠡᠬᠦ ᠪᠡᠷ᠂ ᠬᠣᠨᠢ ᠪᠣᠯ ᠬᠠᠮᠤᠭ ᠤ᠋ᠨ ᠡᠷᠲᠡ ᠭᠡᠷᠵᠢᠭᠦᠯᠦᠭᠰᠡᠨ ᠮᠠᠯ ᠤ᠋ᠨ ᠨᠢᠭᠡ ᠨᠢ ᠪᠣᠯᠤᠨ᠎ᠠ᠃ ᠲᠡᠭᠦᠨ ᠢ᠋ ᠭᠡᠷᠵᠢᠭᠦᠯᠦᠨ ᠮᠠᠯᠵᠢᠭᠠᠳ ᠪᠠᠷᠤᠭ ᠵᠢᠷᠭᠤᠭᠠᠨ ᠮᠢᠩᠭᠠᠨ ᠵᠢᠯ ᠪᠣᠯᠵᠤ ᠪᠠᠢᠨ᠎ᠠ᠃ ᠬᠣᠨᠢᠨ ᠤ᠋ ᠭᠡᠷᠵᠢᠭᠰᠡᠨ ᠲᠡᠦᠬᠡ ᠨᠢ ᠡᠷᠲᠡ ᠪᠣᠯᠬᠣᠷ ᠲᠡᠷᠡ ᠨᠢ ᠠᠳᠠᠯᠢ ᠪᠤᠰᠤ ᠠᠭᠤᠷ ᠠᠮᠢᠰᠬᠤᠯ᠂ ᠭᠠᠵᠠᠷ ᠵᠦᠢ᠂ ᠠᠷᠠᠴᠢᠯᠠᠭ᠎ᠠ ᠮᠠᠯᠵᠢᠯᠭ᠎ᠠ ᠶ᠋ᠢᠨ ᠨᠥᠬᠥᠴᠡᠯ ᠪᠦᠬᠦᠢ ᠥᠷᠭᠡᠨ ᠳᠡᠯᠭᠡᠷ ᠡᠬᠡ ᠭᠠᠵᠠᠷ ᠢ᠋ᠶ᠋ᠠᠷ ᠪᠠᠷᠤᠭ ᠨᠡᠢᠳᠡᠮ ᠲᠠᠷᠬᠠᠵᠤ᠂ ᠲᠡᠦᠬᠡ ᠶ᠋ᠢᠨ ᠤᠷᠲᠤ ᠤᠳᠠᠭᠠᠨ ᠬᠤᠭᠤᠴᠠᠭᠠᠨ ᠤ᠋ ᠳᠣᠲᠣᠷ᠎ᠠ ᠬᠤᠪᠢᠰᠤᠭᠰᠠᠭᠠᠷ ᠢᠷᠡᠵᠦ᠂ ᠮᠠᠰᠢ ᠠᠷᠪᠢᠨ ᠠᠳᠠᠯᠢ ᠪᠤᠰᠤ ᠶ᠋ᠢᠨ ᠬᠣᠨᠢᠨ ᠤ᠋ ᠡᠭᠦᠯᠳᠡᠷ ᠦ᠋ᠳ ᠪᠣᠢ ᠪᠣᠯᠤᠭᠰᠠᠨ ᠪᠣᠯᠬᠣᠷ᠂ ᠣᠳᠣ ᠶ᠋ᠢᠨ ᠭᠡᠷ ᠦ᠋ᠨ ᠬᠣᠨᠢ ᠨᠢ ᠲᠡᠭᠦᠨ ᠦ᠌ ᠳᠡᠭᠡᠳᠦᠰ ᠪᠣᠯᠬᠤ ᠵᠡᠷᠯᠢᠭ ᠬᠣᠨᠢᠨ ᠠ᠋ᠴᠠ ᠪᠠᠨ ᠣᠭᠲᠣ ᠥᠭᠡᠷ᠎ᠡ ᠶᠠᠩᠵᠤ ᠪᠠᠢᠳᠠᠯ ᠲᠠᠢ ᠪᠣᠯᠤᠭᠰᠠᠨ ᠶᠤᠮ᠃
    ᠡᠷᠳᠡᠮᠲᠡᠨ ᠨᠠᠷ ᠤ᠋ᠨ ᠰᠤᠳᠤᠯᠤᠯᠲᠠ ᠪᠠ ᠲᠠᠭᠠᠮᠠᠭᠯᠠᠯ ᠢ᠋ᠶ᠋ᠠᠷ ᠣᠳᠣ ᠶ᠋ᠢᠨ ᠪᠣᠢ ᠪᠦᠬᠦᠢ ᠭᠡᠷ ᠦ᠋ᠨ ᠬᠣᠨᠢ ᠪᠣᠯ ᠶᠡᠬᠡ ᠲᠥᠯᠥᠪ᠂ ᠮᠦᠹᠯᠤᠨ (Муфлон) ᠠᠷᠬᠠᠷ (Аркар)᠂ ᠠᠷᠭᠠᠯᠢ(Аргали) ᠵᠡᠷᠭᠡ ᠶ᠋ᠢᠨ ᠠᠳᠠᠯᠢ ᠪᠤᠰᠤ ᠶ᠋ᠢᠨ ᠵᠡᠷᠯᠢᠭ ᠬᠣᠨᠢᠨ ᠠ᠋ᠴᠠ ᠡᠭᠦᠰᠦᠭᠰᠡᠨ ᠭᠡᠵᠦ ᠦᠵᠡᠳᠡᠭ᠃ ᠭᠡᠷ ᠦ᠋ᠨ ᠬᠣᠨᠢᠨ ᠤ᠋ ᠡᠭᠦᠰᠦᠯ ᠵᠡᠷᠯᠢᠭ ᠬᠣᠨᠢᠳ ᠢ᠋ ᠮᠦᠹᠯᠤᠨ ᠤ᠋ ᠪᠦᠯᠦᠭ ᠪᠠ ᠠᠷᠭᠠᠯᠢ ᠶ᠋ᠢᠨ ᠪᠦᠯᠦᠭ ᠭᠡᠵᠦ ᠬᠣᠶᠠᠷ ᠵᠦᠢᠯ ᠢ᠋ᠶ᠋ᠡᠷ ᠢᠯᠭᠠᠨ᠎ᠠ᠃
    ᠵᠡᠷᠯᠢᠭ ᠬᠣᠨᠢᠨ ᠤ᠋ ᠳᠣᠲᠣᠷᠠᠬᠢ ᠮᠦᠹᠯᠤᠨ ᠬᠡᠯᠪᠡᠷᠢᠲᠦ ᠰᠠᠳᠢᠨᠢᠶ᠎ᠠ ᠬᠣᠨᠢ ᠵᠢᠴᠢ ᠠᠷᠭᠠᠯᠢ ᠶ᠋ᠢᠨ ᠬᠡᠯᠪᠡᠷᠢᠲᠦ ᠠᠷᠬᠠᠷ ᠬᠣᠨᠢ ᠪᠣᠯ ᠡᠳᠦᠭᠡ ᠶ᠋ᠢᠨ ᠬᠣᠨᠢᠨ ᠤ᠋ ᠬᠠᠮᠤᠭ ᠤ᠋ᠨ ᠣᠢᠷ᠎ᠠ ᠲᠥᠷᠥᠯ ᠪᠣᠯᠤᠨ᠎ᠠ᠃
    1. ᠮᠦᠹᠯᠤᠨ ᠬᠣᠨᠢ ᠪᠣᠯ ᠣᠳᠣ ᠪᠠᠷ ᠢ᠋ᠶ᠋ᠠᠨ ᠧᠦ᠋ᠷᠣᠫᠠ ᠳ᠋ᠤ᠌ ᠠᠮᠢᠳᠤᠷᠠᠵᠤ ᠪᠠᠢᠭ᠎ᠠ ᠴᠣᠷ ᠤ᠋ᠨ ᠭᠠᠭᠴᠠ ᠵᠡᠷᠯᠢᠭ ᠬᠣᠨᠢ ᠪᠣᠯᠤᠨ᠎ᠠ᠃ ᠮᠦᠹᠯᠤᠨ ᠬᠣᠨᠢ ᠣᠳᠣᠬᠠᠨ ᠳ᠋ᠤ᠌ ᠢᠷᠡᠨ᠂ ᠲᠦᠷᠺ᠂ ᠺᠡᠥ᠋ᠺᠡᠰ᠂ ᠭᠠᠵᠠᠷ ᠤ᠋ᠨ ᠳᠤᠮᠳᠠᠳᠤ ᠲᠠᠩᠭᠢᠰ ᠤ᠋ᠨ ᠺᠦᠷᠱᠺᠡ ᠪᠣᠯᠤᠨ ᠰᠠᠷᠳᠢᠨᠢ ᠠᠷᠠᠯ ᠵᠡᠷᠭᠡ ᠭᠠᠵᠠᠷ ᠤ᠋ᠳ ᠲᠤ᠌ ᠣᠷᠣᠰᠢᠵᠤ ᠪᠣᠢ᠃ ᠡᠳᠡᠭᠡᠷ ᠵᠡᠷᠯᠢᠭ ᠬᠣᠨᠢᠳ ᠭᠣᠣᠯᠳᠠᠭᠤ ᠪᠠᠷᠲᠠᠭᠠᠲᠤ ᠠᠭᠤᠯᠠ ᠠᠰᠬ᠎ᠠ ᠬᠠᠳᠠᠨ ᠳ᠋ᠤ᠌ ᠨᠤᠲᠤᠭᠰᠢᠵᠤ ᠰᠠᠭᠤᠳᠠᠭ᠃ ᠮᠦᠹᠯᠤᠨ ᠢ᠋ ᠳᠣᠲᠣᠷ᠎ᠠ ᠨᠢ ᠪᠠᠰᠠ ᠠᠭᠤᠯᠠ ᠶ᠋ᠢᠨ ᠮᠦᠹᠯᠤᠨ ᠪᠠ ᠲᠠᠯ᠎ᠠ ᠭᠠᠵᠠᠷ ᠤ᠋ᠨ ᠮᠦᠹᠯᠤᠨ ᠭᠡᠵᠦ ᠬᠣᠶᠠᠷ ᠢᠯᠭᠠᠨ᠎ᠠ᠃
    ᠮᠦᠹᠯᠤᠨ ᠬᠣᠨᠢᠨ ᠤ᠋ ᠡᠪᠡᠷ ᠨᠢ ᠠᠷᠤᠨᠰᠢ ᠪᠠᠨ ᠮᠠᠲᠠᠷᠠᠭᠰᠠᠨ ᠪᠥᠭᠡᠳ ᠦᠵᠦᠭᠦᠷ ᠨᠢ ᠳᠣᠲᠣᠭᠰᠢ ᠪᠠᠨ ᠬᠤᠮᠢᠷᠠᠭᠰᠠᠨ ᠪᠠᠢᠳᠠᠭ᠃ ᠡᠪᠡᠷ ᠦ᠋ᠨ ᠥᠩᠭᠡ ᠨᠢ ᠬᠠᠷᠠᠪᠲᠤᠷ᠂ ᠪᠡᠶ᠎ᠡ ᠶ᠋ᠢᠨ ᠵᠢᠰᠦ ᠨᠢ ᠪᠣᠷᠣ ᠰᠠᠭᠠᠷᠠᠯ ᠪᠤᠶᠤ ᠰᠢᠷ᠎ᠠ ᠬᠦᠷᠡᠩ ᠥᠩᠭᠡ ᠲᠡᠢ᠂ ᠰᠡᠭᠡᠷ ᠦ᠋ᠨ ᠦᠰᠦ ᠨᠢ ᠬᠠᠷ᠎ᠠ ᠬᠦᠷᠡᠩ᠂ ᠪᠡᠶ᠎ᠡ ᠶ᠋ᠢᠨ ᠬᠣᠶᠠᠷ ᠬᠠᠵᠠᠭᠤ᠂ ᠬᠡᠪᠡᠯᠢ ᠪᠣᠯᠤᠨ ᠳᠥᠷᠪᠡᠨ ᠮᠥᠴᠢ ᠨᠢ ᠴᠠᠭᠠᠨ ᠲᠣᠯᠪᠣ ᠲᠠᠢ᠃ ᠦᠰᠦ ᠨᠢ ᠣᠬᠣᠷ ᠪᠥᠭᠡᠳ ᠮᠠᠰᠢ ᠪᠦᠳᠦᠭᠦᠯᠢᠭ᠂ ᠰᠤᠷ ᠤ᠋ᠨ ᠳᠣᠣᠷ᠎ᠠ ᠨᠢ ᠶᠡᠬᠡ ᠬᠡᠮᠵᠢᠶᠡᠨ ᠦ᠌ ᠨᠣᠯᠤᠤᠷ ᠲᠠᠢ ᠪᠠᠢᠳᠠᠭ᠃
    ᠮᠦᠹᠯᠤᠨ ᠬᠣᠨᠢᠨ ᠤ᠋ ᠰᠢᠨᠵᠢ ᠪᠠᠢᠳᠠᠯ ᠨᠢ ᠤᠮᠠᠷᠠᠲᠤ ᠭᠠᠵᠠᠷ ᠤ᠋ᠨ ᠪᠣᠭᠣᠨᠢ ᠰᠡᠭᠦᠯᠲᠦ ᠬᠣᠨᠢ ᠲᠠᠢ ᠲᠥᠰᠦᠭᠡᠲᠡᠢ ᠭᠠᠵᠠᠷ ᠪᠠᠢᠬᠤ ᠪᠣᠯᠬᠣᠷ ᠬᠥᠮᠦᠰ᠂ ᠪᠣᠭᠣᠨᠢ ᠰᠡᠭᠦᠯᠲᠦ ᠬᠣᠨᠢᠨ ᠤ᠋ ᠳᠡᠭᠡᠳᠦᠰ ᠨᠢ ᠪᠠᠷᠤᠭ ᠮᠦᠹᠯᠤᠨ ᠮᠥᠨ ᠭᠡᠵᠦ ᠦᠵᠡᠳᠡᠭ ᠶᠤᠮ᠃ ᠮᠦᠹᠯᠤᠨ ᠬᠣᠨᠢ ᠶ᠋ᠢ ᠭᠡᠷᠵᠢᠭᠦᠯᠦᠭᠰᠡᠨ ᠭᠠᠵᠠᠷ ᠪᠣᠯ ᠧᠦ᠋ᠷᠣᠫᠠ ᠶ᠋ᠢᠨ ᠡᠮᠦᠨᠡᠲᠦ ᠬᠡᠰᠡᠭ ᠪᠣᠯᠤᠨ᠎ᠠ᠃
    2· ᠠᠷᠬᠠᠷ ᠬᠣᠨᠢ ᠪᠣᠯ ᠠᠷᠠᠯ ᠲᠠᠩᠭᠢᠰ ᠪᠠ ᠺᠠᠰᠫᠢ ᠲᠠᠩᠭᠢᠰ ᠤ᠋ᠨ ᠬᠣᠭᠣᠷᠣᠨᠳᠣᠬᠢ᠂ ᠦᠰᠲ ᠦᠷᠲ
ᠥᠨᠳᠥᠷᠯᠢᠭ ᠦ᠋ᠨ ᠪᠠᠷᠲᠠᠭᠠᠲᠤ ᠭᠠᠵᠠᠷ ᠤ᠋ᠳ ᠲᠤ᠌ ᠣᠷᠣᠰᠢᠨ ᠰᠠᠭᠤᠳᠠᠭ᠃
ᠭᠡᠪᠡᠴᠦ ᠵᠠᠷᠢᠮ ᠨᠢ ᠪᠠᠰᠠ ᠲᠠᠯ᠎ᠠ ᠭᠠᠵᠠᠷ ᠨᠤᠲᠤᠭᠰᠢᠵᠤ ᠪᠠᠢᠳᠠᠭ᠃ ᠠᠷᠬᠠᠷ ᠬᠣᠨᠢ ᠪᠣᠯ ᠪᠡᠶ᠎ᠡ ᠪᠡᠷ ᠮᠦᠹᠯᠤᠨ ᠬᠣᠨᠢᠨ ᠠ᠋ᠴᠠ ᠪᠦᠳᠦᠭᠦᠨ᠂ ᠡᠪᠡᠷ ᠦ᠋ᠨ ᠤᠭ ᠤ᠋ᠨ ᠬᠣᠭᠣᠷᠣᠨᠳᠣᠬᠢ ᠵᠠᠢ ᠨᠢ ᠮᠦᠹᠯᠤᠨ ᠬᠣᠨᠢᠨ ᠤ᠋ ᠬᠢ ᠡᠴᠡ ᠶᠡᠬᠡ ᠰᠢᠭ᠂ᠨᠢᠯᠪᠤᠰᠤᠨ ᠤ᠋ ᠬᠣᠩᠬᠣᠷ ᠨᠢ ᠭᠦᠨ᠂ ᠬᠦᠷᠡᠩ ᠵᠢᠰᠦ ᠲᠡᠢ ᠦᠷᠭᠦᠯᠵᠢ 60 —200 ᠲᠣᠯᠣᠭᠠᠢ ᠣᠷᠴᠢᠮ ᠢ᠋ᠶ᠋ᠠᠷ ᠰᠦᠷᠦᠭᠯᠡᠨ ᠶᠠᠪᠤᠳᠠᠭ᠃ ᠠᠷᠬᠠᠷ ᠬᠣᠨᠢᠨ ᠳ᠋ᠤ᠌ ᠪᠠᠰᠠ ᠬᠡᠳᠦ ᠬᠡᠳᠦᠨ ᠬᠤᠪᠢᠷᠠᠮᠠᠯ ᠳᠦᠷᠰᠦ ᠲᠡᠢ ᠪᠠᠢᠳᠠᠭ ᠪᠥᠭᠡᠳ ᠵᠠᠷᠢᠮ ᠨᠢ ᠣᠳᠣ ᠶ᠋ᠢᠨ ᠤᠷᠲᠤ ᠰᠡᠭᠦᠯᠲᠦ ᠬᠣᠨᠢ ᠲᠠᠢ ᠲᠥᠰᠦᠭᠡᠲᠡᠢ ᠪᠣᠯᠬᠣᠷ ᠤᠷᠲᠤ ᠰᠡᠭᠦᠯᠲᠦ ᠬᠣᠨᠢ ᠪᠣᠯ ᠠᠷᠬᠠᠷ ᠬᠣᠨᠢᠨ ᠠ᠋ᠴᠠ ᠡᠭᠦᠰᠦᠭᠰᠡᠨ ᠨᠢ ᠦᠨᠡᠨ ᠪᠣᠯᠤᠯᠲᠠᠢ᠃ ᠥᠭᠡᠷ᠎ᠡ ᠪᠡᠷ ᠬᠡᠯᠡᠪᠡᠯ ᠨᠠᠷᠢᠨ ᠨᠣᠣᠰᠣᠲᠤ ᠤᠷᠲᠤ ᠰᠡᠭᠦᠯᠲᠦ ᠬᠣᠨᠢᠨ ᠤ᠋ ᠳᠡᠭᠡᠳᠦᠰ ᠨᠢ ᠪᠠᠷᠤᠭ ᠠᠷᠬᠠᠷ ᠬᠣᠨᠢ ᠪᠣᠯᠤᠨ᠎ᠠ᠃
    3. ᠠᠷᠭᠠᠯᠢ ᠤᠭᠠᠯᠵᠠ (ᠡᠮ᠎ᠡ ᠶ᠋ᠢ ᠨᠢ ᠠᠷᠭᠠᠯᠢ ᠭᠡᠵᠦ᠂ ᠡᠷ᠎ᠡ ᠶ᠋ᠢ ᠨᠢ ᠤᠭᠠᠯᠵᠠ ᠭᠡᠳᠡᠭ᠂ ᠡᠢᠮᠦ ᠡᠴᠡ ᠣᠯᠠᠩᠬᠢ ᠳ᠋ᠠᠭᠠᠨ ᠠᠷᠭᠠᠯᠢ ᠤᠭᠠᠯᠵᠠ ᠭᠡᠳᠡᠭ ᠶᠤᠮ) ᠪᠣᠯ ᠠᠯᠲᠠᠢ ᠠᠭᠤᠯᠠ᠂ ᠲᠩᠷᠢ ᠠᠭᠤᠯᠠ᠂ ᠫᠠᠮᠢᠷ ᠤ᠋ᠨ ᠥᠨᠳᠥᠷᠯᠢᠭ᠂ᠳᠠᠯᠠᠨ ᠬᠠᠷ᠎ᠠ ᠠᠭᠤᠯᠠ᠂ᠾᠢᠮᠠᠯᠢ ᠠᠭᠤᠯᠠ ᠪᠣᠯᠤᠨ ᠬᠢᠷᠭᠢᠰ ᠲᠡᠢ ᠵᠠᠬ᠎ᠠ ᠨᠡᠢᠯᠡᠵᠦ ᠪᠠᠢᠭ᠎ᠠ ᠠᠭᠤᠯᠠ ᠨᠢᠷᠤᠭᠤ ᠪᠠ ᠠᠮᠧᠷᠢᠺᠠ ᠶ᠋ᠢᠨ ᠵᠠᠷᠢᠮ ᠭᠠᠵᠠᠷ ᠤ᠋ᠳ ᠢ᠋ᠶ᠋ᠠᠷ ᠨᠤᠲᠤᠭᠰᠢᠨ ᠰᠠᠭᠤᠳᠠᠭ᠃
    ᠠᠷᠭᠠᠯᠢ ᠤᠭᠠᠯᠵᠠ ᠪᠣᠯ ᠪᠡᠶ᠎ᠡ ᠪᠡᠷ ᠲᠣᠮᠣ ᠪᠦᠳᠦᠭᠦᠨ᠂ ᠲᠡᠭᠦᠨ ᠦ᠌ ᠠᠮᠢᠳᠤ ᠶ᠋ᠢᠨ ᠵᠢᠩ ᠨᠢ ᠣᠨᠴᠠ ᠵᠠᠷᠢᠮ ᠨᠢ 240 ᠺᠢᠯᠣᠭ᠌ᠷᠠᠮ ᠣᠷᠴᠢᠮ᠂ ᠪᠡᠶ᠎ᠡ ᠶ᠋ᠢᠨ ᠥᠨᠳᠥᠷ ᠨᠢ 125 ᠰᠡᠨᠲ᠋ᠢᠮᠧᠲ᠋ᠷ ᠪᠠᠢᠳᠠᠭ᠃ ᠠᠷᠭᠠᠯᠢ ᠤᠭᠠᠯᠵᠠ ᠶ᠋ᠢᠨ ᠮᠠᠩᠨᠠᠢ ᠨᠢ ᠥᠷᠭᠡᠨ᠂ ᠡᠪᠡᠷ ᠨᠢ ᠭᠤᠷᠪᠠᠯᠵᠢᠨ ᠬᠡᠯᠪᠡᠷᠢ ᠲᠡᠢ ᠪᠥᠭᠡᠳ ᠦᠵᠦᠭᠦᠷ ᠨᠢ ᠭᠠᠳᠠᠭᠰᠢ ᠪᠠᠨ ᠮᠤᠰᠬᠢᠷᠠᠯᠳᠤᠭᠰᠠᠨ ᠪᠠᠢᠳᠠᠭ᠃ ᠪᠡᠶ᠎ᠡ ᠶ᠋ᠢᠨ ᠵᠢᠰᠦ ᠨᠢ ᠬᠠᠷ᠎ᠠ ᠰᠠᠭᠠᠷᠠᠯ᠂ ᠦᠷᠭᠦᠯᠵᠢ 5 — 30 ᠲᠣᠯᠣᠭᠠᠢ ᠪᠠᠷ ᠰᠦᠷᠦᠭᠯᠡᠨ ᠶᠠᠪᠤᠳᠠᠭ᠃ ᠰᠤᠳᠤᠯᠭᠠᠲᠠᠨ ᠨᠠᠷ᠂ ᠪᠦᠳᠦᠭᠦᠨ ᠰᠡᠭᠦᠯᠲᠦ ᠭᠡᠷ ᠦ᠋ᠨ ᠬᠣᠨᠢ ᠪᠣᠯ ᠠᠷᠭᠠᠯᠢ ᠤᠭᠠᠯᠵᠠ ᠠ᠋ᠴᠠ ᠡᠭᠦᠰᠦᠭᠰᠡᠨ ᠪᠠᠢᠨ᠎ᠠ ᠭᠡᠵᠦ ᠦᠵᠡᠵᠦ ᠪᠠᠢᠨ᠎ᠠ᠃
    4. ᠭᠧᠷᠢᠸᠢᠰᠲ ᠬᠣᠨᠢ ᠪᠣᠯ᠃ ᠠᠹᠷᠢᠺᠠ ᠶ᠋ᠢᠨ ᠬᠣᠢᠲᠤ ᠬᠡᠰᠡᠭ ᠦ᠋ᠨ ᠠᠭᠤᠯᠠᠷᠬᠠᠭ ᠣᠷᠣᠨ ᠳ᠋ᠤ᠌ ᠨᠤᠲᠤᠭᠰᠢᠵᠤ ᠪᠠᠢᠳᠠᠭ᠃ ᠪᠡᠶ᠎ᠡ ᠪᠡᠷ ᠲᠣᠮᠣ ᠪᠦᠳᠦᠭᠦᠨ᠂ᠲᠣᠯᠣᠭᠠᠢ ᠤᠷᠲᠤ ᠮᠠᠩᠨᠠᠢ ᠥᠷᠭᠡᠨ᠂ ᠬᠦᠵᠦᠭᠦᠦ ᠪᠣᠭᠣᠨᠢ ᠳᠡᠯ ᠵᠣᠭᠳᠣᠷ ᠪᠠ ᠡᠪᠦᠳᠦᠭ ᠦ᠋ᠨ ᠦᠰᠦ ᠨᠢ ᠲᠤᠩ ᠤᠷᠲᠤ᠂ ᠲᠤᠰ ᠬᠣᠨᠢᠨ ᠤ᠋ ᠪᠡᠶ᠎ᠡ ᠶ᠋ᠢᠨ ᠡᠮᠦᠨ᠎ᠡ ᠬᠠᠭᠠᠰ ᠬᠡᠰᠡᠭ ᠨᠢ ᠢᠮᠠᠭ᠎ᠠ ᠲᠠᠢ ᠠᠳᠠᠯᠢᠪᠲᠤᠷ ᠨᠢᠯᠪᠤᠰᠤᠨ ᠪᠤᠯᠴᠢᠷᠬᠠᠢ ᠪᠣᠯᠤᠨ ᠰᠢᠪᠡᠷᠢ ᠶ᠋ᠢᠨ ᠪᠤᠯᠴᠢᠷᠬᠠᠢ ᠦᠭᠡᠢ᠂ ᠪᠡᠶ᠎ᠡ ᠶ᠋ᠢᠨ ᠬᠣᠢᠲᠤ ᠬᠠᠭᠠᠰ ᠬᠡᠰᠡᠭ ᠨᠢ ᠬᠣᠨᠢ ᠲᠠᠢ ᠣᠢᠷᠠᠯᠴᠠᠭ᠎ᠠ᠂ ᠳᠠᠷᠤᠢ ᠨᠡᠯᠢᠶᠡᠳ ᠤᠷᠲᠤᠪᠲᠤᠷ ᠰᠡᠭᠦᠯ ᠲᠡᠢ᠂ ᠬᠥᠯ ᠳ᠋ᠡᠭᠡᠨ ᠰᠢᠪᠡᠷᠢ ᠶ᠋ᠢᠨ ᠪᠤᠯᠴᠢᠷᠬᠠᠢ ᠲᠠᠢ ᠪᠠᠢᠳᠠᠭ᠃ ᠡᠢᠮᠦ ᠡᠴᠡ ᠭᠸᠷᠢᠸᠢᠰᠲ ᠬᠣᠨᠢ ᠶ᠋ᠢ ᠬᠣᠨᠢ ᠢᠮᠠᠭᠠᠨ ᠤ᠋ ᠠᠯᠢ ᠨᠢᠭᠡᠨ ᠲᠥᠷᠥᠯ ᠳ᠋ᠦᠨᠢ ᠰᠢᠭᠤᠳ ᠢ᠋ᠶ᠋ᠠᠷ ᠬᠠᠷᠢᠶᠠᠯᠠᠭᠳᠠᠭᠤᠯᠬᠤ ᠠᠷᠭ᠎ᠠ ᠦᠭᠡᠢ ᠪᠠᠢᠳᠠᠭ ᠶᠤᠮ᠃
    ᠡᠳᠦᠭᠡ ᠶ᠋ᠢᠨ ᠲᠡᠦᠬᠡ ᠪᠠ ᠰᠢᠨᠵᠢᠯᠡᠭᠡᠨ ᠦ᠌ ᠮᠠᠲ᠋ᠧᠷᠢᠶᠠᠯ ᠢ᠋ ᠦᠨᠳᠦᠰᠦᠯᠡᠪᠡᠯ ᠵᠡᠷᠯᠢᠭ ᠬᠣᠨᠢ ᠶ᠋ᠢ ᠬᠠᠮᠤᠭ ᠤ᠋ᠨ ᠡᠷᠲᠡ ᠭᠡᠷᠵᠢᠭᠦᠯᠦᠨ ᠮᠠᠯᠵᠢᠭᠰᠠᠨ ᠭᠠᠵᠠᠷ ᠪᠣᠯ ᠳᠠᠷᠤᠢ ᠠᠽᠢᠶ᠎ᠠ ᠲᠢᠪ ᠦ᠋ᠨ ᠪᠠᠷᠠᠭᠤᠨ ᠬᠡᠰᠡᠭ᠂ ᠪᠠᠷᠠᠭᠤᠨ ᠡᠮᠦᠨ᠎ᠡ ᠬᠡᠰᠡᠭ᠂ ᠳᠤᠮᠳᠠᠳᠤ ᠠᠽᠢᠶ᠎ᠠ ᠪᠠ ᠧᠦ᠋ᠷᠣᠫᠠ ᠲᠢᠪ ᠦ᠋ᠨ ᠡᠮᠦᠨ᠎ᠡ ᠬᠡᠰᠡᠭ ᠦ᠋ᠨ ᠭᠠᠵᠠᠷ ᠤ᠋ᠳ ᠪᠣᠯᠤᠨ᠎ᠠ᠃ᠣᠳᠣ ᠶ᠋ᠢᠨ ᠬᠣᠨᠢᠨ ᠤ᠋ ᠡᠭᠦᠯᠳᠡᠷ ᠨᠢ ᠤᠤᠯ ᠳ᠋ᠠᠭᠠᠨ ᠪᠦᠷ ᠯᠡ ᠪᠦᠳᠦᠭᠦᠨ ᠨᠣᠣᠰᠣ ᠲᠠᠢ ᠬᠣᠨᠢ ᠪᠠᠢᠵᠠᠢ᠃ ᠵᠠᠷᠢᠮ ᠮᠠᠲ᠋ᠧᠷᠢᠶᠠᠯ ᠢ᠋ ᠦᠨᠳᠦᠰᠦᠯᠡᠪᠡᠯ ᠬᠣᠶᠠᠷ ᠮᠢᠩᠭ᠎ᠠ ᠭᠠᠷᠤᠢ ᠵᠢᠯ ᠦ᠋ᠨ ᠡᠮᠦᠨ᠎ᠡ ᠠᠽᠢᠶ᠎ᠠ ᠶ᠋ᠢᠨ ᠪᠠᠷᠠᠭᠤᠨ ᠬᠡᠰᠡᠭ ᠦ᠋ᠨ ᠭᠠᠵᠠᠷ ᠤ᠋ᠳ ᠪᠠ ᠺᠡᠥ᠋ᠺᠡᠰ ᠨᠤᠲᠤᠭ ᠤ᠋ᠳ ᠲᠤ᠌ ᠬᠥᠮᠦᠰ ᠠᠩᠬᠠᠨ ᠤ᠋ ᠦᠶ᠎ᠡ ᠶ᠋ᠢᠨ ᠨᠠᠷᠢᠨ ᠨᠣᠣᠰᠣᠲᠤ ᠬᠣᠨᠢ ᠶ᠋ᠢ ᠪᠣᠢᠵᠢᠭᠤᠯᠤᠨ ᠭᠠᠷᠭᠠᠵᠠᠢ᠃ ᠴᠣᠬᠣᠮ ᠶᠠᠮᠠᠷ ᠪᠣᠳᠠᠲᠤ ᠠᠷᠭ᠎ᠠ ᠬᠡᠮᠵᠢᠶ᠎ᠡ ᠨᠦ᠍ᠭᠦᠳ ᠢ᠋ ᠠᠪᠴᠤ ᠬᠡᠷᠬᠢᠨ ᠪᠣᠢᠵᠢᠭᠤᠯᠤᠭᠰᠠᠨ ᠨᠢ ᠡᠳᠦᠭᠡ ᠪᠣᠯᠲᠠᠯ᠎ᠠ ᠲᠣᠳᠣᠷᠬᠠᠢᠯᠠᠭᠳᠠᠭ᠎ᠠ ᠦᠭᠡᠢ ᠪᠠᠢᠭᠰᠠᠭᠠᠷ ᠶᠤᠮ᠃ ᠡᠳᠡᠭᠡᠷ ᠬᠣᠨᠢᠳ ᠨᠢ ᠠᠯᠭᠤᠷ ᠢ᠋ᠶ᠋ᠠᠷ ᠧᠦ᠋ᠷᠣᠫᠠ ᠶ᠋ᠢᠨ ᠳᠤᠮᠳᠠ ᠬᠡᠰᠡᠭ ᠢ᠋ᠶ᠋ᠡᠷ ᠶᠡᠬᠡᠪᠡᠷ ᠲᠠᠷᠬᠠᠵᠤ ᠳᠤᠮᠳᠠᠳᠤ ᠵᠠᠭᠤᠨ ᠤ᠋ ᠦᠶ᠎ᠡ (ᠪᠠᠷᠤᠭ ᠲᠠᠪᠤᠳᠤᠭᠠᠷ ᠵᠠᠭᠤᠨ— ᠠᠷᠪᠠᠨ ᠳᠣᠯᠣᠳᠤᠭᠠᠷ ᠵᠠᠭᠤᠨ ᠤ᠋ ᠦᠶ᠎ᠡ ) ᠳ᠋ᠦ᠍ ᠧᠦ᠋ᠷᠣᠫᠠ ᠳ᠋ᠤ᠌ ᠨᠠᠷᠢᠨ ᠨᠣᠣᠰᠣᠲᠤ ᠬᠣᠨᠢ ᠶ᠋ᠢ ᠶᠡᠬᠡᠪᠡᠷ ᠪᠣᠢᠵᠢᠭᠤᠯᠤᠭᠰᠠᠨ ᠪᠥᠭᠡᠳ ᠶᠠᠰᠤ ᠴᠢᠨᠠᠷ ᠢ᠋ ᠨᠢ ᠶᠡᠬᠡᠪᠡᠷ ᠰᠠᠢᠵᠢᠷᠠᠭᠤᠯᠤᠭᠰᠠᠨ ᠪᠠᠢᠨ᠎ᠠ᠃

ᠬᠣᠶᠠᠷ᠂ ᠬᠣᠨᠢᠨ ᠤ᠋ ᠡᠭᠦᠯᠳᠡᠷ ᠦ᠋ᠨ ᠠᠩᠭᠢᠯᠠᠯᠲᠠ
    ᠮᠡᠳᠡᠭᠡᠯᠡᠯ ᠢ᠋ ᠦᠨᠳᠦᠰᠦᠯᠡᠪᠡᠯ ᠣᠳᠣᠬᠠᠨ ᠳ᠋ᠤ᠌ ᠳᠡᠯᠡᠬᠡᠢ ᠳᠡᠭᠡᠷ᠎ᠡ ᠪᠠᠷᠤᠭ
568 ᠵᠦᠢᠯ ᠦ᠋ᠨ ᠬᠣᠨᠢᠨ ᠤ᠋ ᠡᠭᠦᠯᠳᠡᠷ ᠪᠠᠢᠳᠠᠭ᠃ ᠡᠢᠮᠦ ᠣᠯᠠᠨ ᠬᠣᠨᠢᠨ ᠤ᠋ ᠡᠭᠦᠯᠳᠡᠷ ᠢ᠋ ᠬᠥᠮᠦᠰ ᠦ᠋ᠨ ᠰᠤᠳᠤᠯᠤᠯᠲᠠ ᠪᠠ ᠬᠡᠷᠡᠭᠯᠡᠭᠡ ᠳ᠋ᠦ᠍ ᠳᠥᠭᠥᠮ ᠪᠣᠯᠭᠠᠬᠤ ᠶ᠋ᠢᠨ ᠲᠤᠯᠠ᠂ ᠪᠠᠢᠭᠠᠯᠢ ᠶ᠋ᠢᠨ ᠰᠢᠨᠵᠢᠯᠡᠬᠦ ᠤᠬᠠᠭᠠᠨ ᠤ᠋ ᠡᠷᠳᠡᠮᠲᠡᠳ ᠪᠣᠯᠤᠨ ᠮᠠᠯ ᠠᠵᠤ ᠠᠬᠤᠢ ᠶ᠋ᠢᠨ ᠡᠷᠳᠡᠮᠲᠡᠳ ᠬᠣᠨᠢᠨ ᠤ᠋ ᠡᠭᠦᠯᠳᠡᠷ ᠲᠦ᠍ ᠠᠩᠭᠢᠯᠠᠯᠲᠠ ᠬᠢᠭᠰᠡᠨ ᠪᠠᠢᠨ᠎ᠠ᠃ ᠭᠡᠪᠡᠴᠦ ᠠᠩᠭᠢᠯᠠᠭᠰᠠᠨ ᠠᠷᠭ᠎ᠠ ᠨᠢ ᠮᠠᠰᠢ ᠠᠷᠪᠢᠨ ᠵᠦᠢᠯ ᠪᠠᠢᠳᠠᠭ ᠶᠤᠮ᠃ ᠵᠢᠱ᠌ᠢᠶᠡᠯᠡᠪᠡᠯ: ᠬᠣᠨᠢᠨ ᠤ᠋ ᠵᠢᠰᠦ ᠪᠡᠷ ᠨᠢ᠂ ᠡᠪᠡᠷ ᠲᠡᠢ ᠡᠰᠡᠬᠦ ᠪᠡᠷ ᠨᠢ᠂ ᠨᠣᠣᠰᠣᠨ ᠤ᠋ ᠨᠠᠷᠢᠨ ᠪᠦᠳᠦᠭᠦᠨ ᠢ᠋ᠶ᠋ᠡᠷ ᠨᠢ᠂ ᠰᠡᠭᠦᠯ ᠦ᠋ᠨ ᠤᠷᠲᠤ ᠣᠬᠣᠷ ᠢ᠋ᠶ᠋ᠠᠷ ᠨᠢ ᠪᠠ ᠪᠣᠢᠵᠢᠭᠤᠯᠤᠭᠰᠠᠨ ᠭᠠᠵᠠᠷ ᠣᠷᠣᠨ ᠪᠣᠯᠤᠨ ᠬᠡᠷᠡᠭᠴᠡᠭᠡᠨ ᠦ᠌ ᠠᠳᠠᠯᠢ ᠪᠤᠰᠤ ᠵᠡᠷᠭᠡ ᠪᠡᠷ ᠨᠢ ᠠᠩᠭᠢᠯᠠᠵᠠᠢ᠃ ᠲᠤᠰ ᠪᠦᠯᠦᠭ ᠲᠦ᠍ ᠭᠣᠣᠯᠳᠠᠭᠤ ᠬᠣᠨᠢᠨ ᠤ᠋ ᠡᠭᠦᠯᠳᠡᠷ ᠢ᠋ ᠠᠮᠢᠲᠠᠨ ᠤ᠋ ᠰᠤᠳᠤᠯᠤᠯ ᠤ᠋ᠨ ᠡᠭᠦᠳᠡᠨ ᠡᠴᠡ ᠠᠩᠭᠢᠯᠠᠬᠤ ᠠᠷᠭ᠎ᠠ ᠪᠣᠯᠤᠨ ᠠᠵᠤ ᠠᠬᠤᠢ ᠶ᠋ᠢᠨ ᠬᠡᠷᠡᠭᠴᠡᠭᠡ ᠪᠡᠷ ᠨᠢ ᠠᠩᠭᠢᠯᠠᠬᠤ ᠠᠷᠭ᠎ᠠ ᠶ᠋ᠢ ᠲᠠᠨᠢᠯᠴᠠᠭᠤᠯᠤᠨ᠎ᠠ᠃ ᠠᠮᠢᠲᠠᠨ ᠤ᠋ ᠰᠤᠳᠤᠯᠤᠯ ᠤ᠋ᠨ ᠡᠭᠦᠳᠡᠨ ᠡᠴᠡ ᠭᠣᠣᠯᠳᠠᠭᠤ᠂ ᠬᠣᠨᠢᠨ ᠤ᠋ ᠰᠡᠭᠦᠯ ᠦ᠋ᠨ ᠬᠢᠨᠢ ᠬᠡᠯᠪᠡᠷᠢ ᠳᠦᠷᠰᠦ᠂ ᠶᠡᠬᠡ ᠪᠠᠭ᠎ᠠ ᠵᠡᠷᠭᠡ ᠣᠨᠴᠠᠯᠢᠭ ᠢ᠋ ᠦᠨᠳᠦᠰᠦᠯᠡᠵᠦ ᠠᠩᠭᠢᠯᠠᠳᠠᠭ᠃ ᠡᠨᠡᠬᠦ ᠠᠷᠭ᠎ᠠ ᠨᠢ ᠬᠣᠨᠢᠨ ᠤ᠋ ᠠᠵᠤ ᠠᠬᠤᠢ ᠶ᠋ᠢᠨ ᠬᠡᠷᠡᠭᠴᠡᠭᠡ ᠬᠡᠯᠪᠡᠷᠢ ᠪᠠ ᠠᠰᠢᠭ ᠰᠢᠮ᠎ᠡ ᠶ᠋ᠢᠨ ᠭᠠᠷᠤᠯᠲᠠ ᠶ᠋ᠢᠨ ᠪᠠᠢᠳᠠᠯ ᠢ᠋ ᠲᠤᠰᠬᠠᠵᠤ ᠴᠢᠳᠠᠬᠤ ᠦᠭᠡᠢ ᠪᠠᠢᠳᠠᠭ᠃ ᠠᠵᠤ ᠠᠬᠤᠢ ᠶ᠋ᠢᠨ ᠬᠡᠷᠡᠭᠴᠡᠭᠡ ᠶ᠋ᠢ ᠨᠢ ᠦᠨᠳᠦᠰᠦᠯᠡᠨ ᠠᠩᠭᠢᠯᠠᠬᠤ ᠳ᠋ᠤ᠌ ᠬᠣᠨᠢᠨ ᠤ᠋ ᠭᠣᠣᠯ ᠪᠣᠯᠬᠤ ᠠᠰᠢᠭ ᠰᠢᠮ᠎ᠡ ᠶ᠋ᠢᠨ ᠭᠠᠷᠤᠯᠲᠠ ᠶ᠋ᠢ ᠨᠢ ᠦᠨᠳᠦᠰᠦᠯᠡᠨ᠎ᠡ᠃ ᠵᠢᠱ᠌ᠢᠶᠡᠯᠡᠪᠡᠯ: ᠵᠠᠷᠢᠮ ᠬᠣᠨᠢᠨ ᠤ᠋ ᠨᠣᠣᠰᠣ ᠨᠢ ᠬᠡᠳᠦᠢᠪᠡᠷ ᠪᠦᠳᠦᠭᠦᠨ᠂ ᠭᠠᠷᠤᠯᠲᠠ ᠨᠢ ᠪᠠᠭ᠎ᠠ ᠰᠢᠭ᠋ ᠪᠣᠯᠪᠠᠴᠤ᠂ ᠮᠢᠬᠠᠨ ᠤ᠋ ᠭᠠᠷᠤᠯᠲᠠ ᠨᠢ ᠶᠡᠬᠡ ᠰᠠᠢᠨ ᠪᠣᠯ᠂ ᠳᠠᠷᠤᠢ ᠲᠡᠭᠦᠨ ᠢ᠋ ᠮᠢᠬᠠᠨ ᠤ᠋ ᠬᠡᠷᠡᠭᠴᠡᠭᠡᠲᠦ ᠡᠭᠦᠯᠳᠡᠷ ᠭᠡᠵᠦ ; ᠨᠣᠣᠰᠣᠨ ᠤ᠋ ᠭᠠᠷᠤᠯᠲᠠ ᠨᠢ ᠰᠠᠢᠨ ᠪᠥᠭᠡᠳ ᠮᠢᠬᠠᠨ ᠤ᠋ ᠭᠠᠷᠤᠯᠲᠠ ᠨᠢ ᠴᠦ᠍ ᠰᠠᠢᠨ ᠪᠣᠯ ᠳᠠᠷᠤᠢ ᠲᠡᠭᠦᠨ ᠢ᠋ ᠨᠣᠣᠰᠣ ᠮᠢᠬᠠᠨ ᠤ᠋ ᠬᠠᠪᠰᠤᠷᠭᠠᠭᠰᠠᠨ ᠬᠡᠷᠡᠭᠴᠡᠭᠡᠲᠦ ᠡᠭᠦᠯᠳᠡᠷ ᠭᠡᠬᠦ ᠮᠡᠲᠦ ᠪᠡᠷ ᠠᠩᠭᠢᠯᠠᠳᠠᠭ᠃
ᠬᠦᠰᠦᠨᠦᠭᠲᠦ 25
ᠬᠣᠨᠢᠨ ᠤ᠋ ᠡᠭᠦᠯᠳᠡᠷ ᠢ᠋ ᠠᠵᠤ ᠠᠬᠤᠢ ᠶ᠋ᠢᠨ ᠬᠡᠷᠡᠭᠴᠡᠭᠡ ᠪᠡᠷ ᠨᠢ ᠠᠩᠭᠢᠯᠠᠪᠠᠯ᠄ 
    ᠨᠠᠷᠢᠨ ᠨᠣᠣᠰᠣᠲᠤ ᠬᠣᠨᠢ᠂ ᠨᠣᠣᠰᠣᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ — ᠵᠥᠪᠯᠡᠯᠲᠦ ᠶ᠋ᠢᠨ ᠮᠧᠷᠢᠨᠣᠰ ᠰᠲ᠋ᠡᠪᠷᠤᠹᠤᠯᠢ᠂ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠡᠭᠦᠯᠳᠡᠷ — ᠺᠡᠥ᠋ᠺᠡᠰ᠂ ᠠᠰᠺᠠᠨᠢ ᠰᠢᠨᠵᠢᠶᠠᠩ ᠤ᠋ᠨ ᠨᠠᠷᠢᠨ ᠨᠣᠣᠰᠣᠲᠤ ᠬᠣᠨᠢ᠂ ᠮᠢᠬ᠎ᠠ ᠨᠣᠣᠰᠣᠨ ᠤ᠋ ᠬᠡᠷᠡᠭᠴᠡᠭᠡᠲᠦ ᠨᠠᠷᠢᠨ ᠨᠣᠣᠰᠣᠲᠤ ᠡᠭᠦᠯᠳᠡᠷ — ᠪᠧᠷᠺᠥ᠋ᠰ᠂ ᠵᠡᠭᠦᠨ ᠭᠧᠷᠮᠠᠨ ᠤ᠋ ᠮᠧᠷᠢᠨᠣᠰ᠃
    ᠨᠠᠷᠢᠪᠲᠤᠷ ᠨᠣᠣᠰᠣᠲᠤ ᠬᠣᠨᠢ᠂ ᠨᠣᠣᠰᠣ ᠮᠢᠬᠠᠨ ᠤ᠋ ᠬᠡᠷᠡᠭᠴᠡᠭᠡᠲᠦ ᠨᠠᠷᠢᠪᠲᠤᠷ ᠨᠣᠣᠰᠣᠲᠤ ᠡᠭᠦᠯᠳᠡᠷ — ᠼᠢᠭᠠᠢ ᠬᠣᠨᠢ᠂ ᠮᠢᠬ᠎ᠠ ᠨᠣᠣᠰᠣᠨ ᠤ᠋ ᠬᠡᠷᠡᠭᠴᠡᠭᠡᠲᠦ ᠨᠠᠷᠢᠪᠲᠤᠷ ᠨᠣᠣᠰᠣᠲᠤ ᠡᠭᠦᠯᠳᠡᠷ — ᠺᠥ᠋ᠧᠧᠳᠢᠯ ᠬᠣᠨᠢ᠂ ᠤᠷᠲᠤ ᠨᠣᠣᠰᠣᠲᠤ ᠮᠢᠬᠠᠨ ᠤ᠋ ᠬᠡᠷᠡᠭᠴᠡᠭᠡᠲᠦ ᠡᠭᠦᠯᠳᠡᠷ — ᠯᠢᠨᠺᠧᠨ ᠷᠤᠮᠨᠢ— ᠮᠠᠷᠱ᠂ ᠪᠦᠳᠦᠭᠦᠨ ᠨᠣᠣᠰᠣᠲᠤ ᠬᠣᠨᠢ — ᠮᠣᠩᠭᠣᠯ ᠬᠣᠨᠢ᠂ ᠲᠥᠪᠡᠳ ᠬᠣᠨᠢ᠂ ᠬᠠᠰᠠᠭ ᠬᠣᠨᠢ᠃ 
    ᠬᠤᠷᠠᠭᠠᠨ ᠠᠷᠠᠰᠤᠨ ᠤ᠋ ᠬᠡᠷᠡᠭᠴᠡᠭᠡᠲᠦ ᠬᠣᠨᠢ᠂ ᠨᠢᠯᠬ᠎ᠠ ᠬᠤᠷᠠᠭᠠᠨ ᠠᠷᠠᠰᠤᠨ ᠤ᠋ ᠬᠡᠷᠡᠭᠴᠡᠭᠡᠲᠦ ᠡᠭᠦᠯᠳᠡᠷ — ᠺᠠᠷᠠᠺᠥ᠋ᠯᠢ᠂ ᠺᠥ᠋ᠵᠡᠷ᠂ ᠬᠡᠦ ᠶᠠᠩ ᠬᠣᠨᠢ᠂ ᠰᠡᠩᠰᠡᠨ ᠬᠤᠷᠠᠭᠠᠨ ᠠᠷᠠᠰᠤᠨ ᠤ᠋ ᠬᠡᠷᠡᠭᠴᠡᠭᠡᠲᠦ ᠡᠭᠦᠯᠳᠡᠷ — ᠰᠡᠩᠰᠡᠨ ᠬᠣᠨᠢ᠃
    ᠬᠣᠨᠢᠨ ᠤ᠋ ᠡᠭᠦᠯᠳᠡᠷ ᠢ᠋ ᠲᠡᠭᠦᠨ ᠦ᠌ ᠠᠵᠤ ᠠᠬᠤᠢ ᠶ᠋ᠢᠨ ᠬᠡᠷᠡᠭᠴᠡᠭᠡ ᠶ᠋ᠢ ᠨᠢ ᠦᠨᠳᠦᠰᠦᠯᠡᠨ ᠠᠩᠭᠢᠯᠠᠪᠠᠯ᠂ ᠨᠢᠭᠡ ᠳ᠋ᠦ᠍ ᠶᠠᠮᠠᠷᠪᠠ ᠡᠭᠦᠯᠳᠡᠷ ᠦ᠋ᠨ ᠬᠣᠨᠢᠳ ᠤ᠋ᠨ ᠭᠣᠣᠯ ᠪᠣᠯᠬᠤ ᠠᠰᠢᠭ ᠰᠢᠮ᠎ᠡ ᠶ᠋ᠢᠨ ᠭᠠᠷᠤᠯᠲᠠ ᠶ᠋ᠢ ᠢᠯᠡ ᠲᠣᠳᠣᠷᠬᠠᠢ ᠢᠯᠡᠳᠬᠡᠵᠦ ᠴᠢᠳᠠᠨ᠎ᠠ᠃ ᠬᠣᠶᠠᠷ ᠲᠤ᠌᠂ ᠠᠳᠠᠯᠢᠪᠲᠤᠷ ᠠᠰᠢᠭ ᠰᠢᠮ᠎ᠡ ᠶ᠋ᠢᠨ ᠭᠠᠷᠤᠯᠲᠠ ᠲᠠᠢ ᠡᠭᠦᠯᠳᠡᠷ ᠦ᠋ᠳ ᠢ᠋ ᠬᠤᠷᠢᠶᠠᠩᠭᠤᠢᠯᠠᠨ ᠢᠯᠡᠳᠬᠡᠨ᠎ᠡ᠃ ᠭᠤᠷᠪᠠ ᠳ᠋ᠤ᠌᠂ ᠲᠡᠭᠦᠨ ᠦ᠌ ᠭᠠᠷᠤᠯᠲᠠ ᠪᠣᠯᠤᠨ ᠰᠢᠨᠵᠢ ᠣᠨᠴᠠᠯᠢᠭ ᠢ᠋ ᠨᠢ ᠦᠨᠳᠦᠰᠦᠯᠡᠨ ᠬᠣᠢᠰᠢᠳᠠ ᠶ᠋ᠢᠨ ᠬᠥᠭᠵᠢᠭᠦᠯᠬᠦ ᠬᠠᠨᠳᠤᠰᠢ ᠶ᠋ᠢ ᠲᠣᠭᠲᠠᠭᠠᠬᠤ ᠳ᠋ᠤ᠌ ᠳᠥᠭᠥᠮ ᠪᠠᠢᠳᠠᠭ᠃ ᠲᠤᠰ ᠠᠷᠭ᠎ᠠ ᠨᠢ ᠬᠡᠳᠦᠢᠪᠡᠷ ᠳᠡᠭᠡᠷᠡᠬᠢ ᠮᠡᠲᠦ ᠳᠠᠪᠠᠭᠤᠯᠢᠭ ᠲᠠᠯ᠎ᠠ ᠲᠠᠢ ᠪᠣᠯᠪᠠᠴᠤ᠂ ᠬᠦᠷᠦᠯᠴᠡᠬᠦ ᠦᠭᠡᠢ ᠲᠠᠯ᠎ᠠ ᠪᠠᠰᠠ ᠪᠠᠢᠳᠠᠭ᠃ ᠵᠢᠱ᠌ᠢᠶᠡᠯᠡᠪᠡᠯ᠂ ᠬᠣᠨᠢᠨ ᠤ᠋ ᠡᠭᠦᠯᠳᠡᠷ ᠦ᠋ᠨ ᠣᠷᠣᠰᠢᠨ ᠲᠠᠷᠬᠠᠭᠰᠠᠨ ᠭᠠᠵᠠᠷ ᠣᠷᠣᠨ ᠪᠣᠯᠤᠨ ᠡᠯ᠎ᠡ ᠭᠠᠵᠠᠷ ᠤ᠋ᠨ ᠠᠷᠠᠴᠢᠯᠠᠭ᠎ᠠ ᠮᠠᠯᠵᠢᠯᠭ᠎ᠠ ᠶ᠋ᠢᠨ ᠠᠳᠠᠯᠢ ᠪᠤᠰᠤ ᠠ᠋ᠴᠠ ᠪᠣᠯᠵᠤ ᠲᠡᠭᠦᠨ ᠦ᠌ ᠭᠠᠷᠤᠯᠲᠠ ᠪᠠ ᠬᠡᠷᠡᠭᠴᠡᠭᠡ ᠨᠢ ᠴᠦ᠍ ᠠᠳᠠᠯᠢ ᠦᠭᠡᠢ ᠪᠠᠢᠳᠠᠭ ᠪᠢᠯᠡ᠃ ᠵᠢᠱ᠌ᠢᠶᠡᠯᠡᠪᠡᠯ᠂ ᠥᠪᠥᠷ ᠮᠣᠩᠭᠣᠯ ᠵᠡᠷᠭᠡ ᠮᠠᠯᠵᠢᠬᠤ ᠣᠷᠣᠨ ᠳ᠋ᠤ᠌ ᠮᠠᠯᠵᠢᠵᠤ ᠪᠠᠢᠭ᠎ᠠ ᠮᠣᠩᠭᠣᠯ ᠬᠣᠨᠢᠨ ᠤ᠋ ᠭᠣᠣᠯ ᠪᠣᠯᠬᠤ ᠭᠠᠷᠤᠯᠲᠠ ᠨᠢ ᠮᠢᠬ᠎ᠠ᠂ ᠥᠭᠡᠬᠦ᠂ ᠨᠣᠣᠰᠣ ᠰᠦ ᠵᠡᠷᠭᠡ ᠣᠯᠠᠨ ᠲᠠᠯ᠎ᠠ ᠶ᠋ᠢᠨ ᠬᠡᠷᠡᠭᠴᠡᠭᠡ ᠲᠡᠢ ᠪᠠᠢᠬᠤ ᠳ᠋ᠤ᠌ ᠱᠠᠨᠳᠦ᠋ᠩ ᠳ᠋ᠦ᠍ ᠮᠠᠯᠵᠢᠵᠤ ᠪᠠᠢᠭ᠎ᠠ ᠮᠣᠩᠭᠣᠯ ᠬᠣᠨᠢ ᠨᠢ ᠬᠠᠷᠢᠨ ᠮᠢᠬ᠎ᠠ ᠨᠣᠣᠰᠣ ᠪᠠᠷ ᠭᠣᠣᠯ ᠪᠣᠯᠭᠠᠭᠰᠠᠨ ᠪᠠᠢᠳᠠᠭ ᠶᠤᠮ᠃
    ᠡᠭᠦᠯᠳᠡᠷ ᠪᠣᠯ ᠡᠭᠦᠷᠢᠳᠡ ᠬᠤᠪᠢᠷᠠᠰᠢ ᠦᠭᠡᠢ ᠬᠡᠪᠰᠢᠩᠭᠦᠢ ᠪᠢᠰᠢ ᠶᠤᠮ᠃ ᠬᠠᠷᠢᠨ ᠬᠠᠷᠢᠴᠠᠩᠭᠤᠢ ᠪᠠᠢᠳᠠᠭ᠂ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠵᠤ᠂ ᠡᠭᠦᠯᠳᠡᠷ ᠪᠠᠰᠠ ᠬᠥᠭᠵᠢᠨ ᠬᠤᠪᠢᠰᠤᠨ᠎ᠠ᠃ ᠤᠴᠢᠷ ᠨᠢ ᠬᠣᠨᠢᠨ ᠤ᠋ ᠦᠢᠯᠡᠳᠪᠦᠷᠢᠯᠡᠯ ᠦ᠋ᠨ ᠰᠢᠨᠵᠢ ᠴᠢᠨᠠᠷ ᠪᠠ ᠲᠡᠭᠦᠨ ᠦ᠌ ᠠᠵᠤ ᠠᠬᠤᠢ ᠶ᠋ᠢᠨ ᠬᠡᠷᠡᠭᠴᠡᠭᠡ ᠨᠢ ᠬᠥᠮᠦᠰ ᠦ᠋ᠨ ᠱᠠᠭᠠᠷᠳᠠᠯᠭ᠎ᠠ ᠬᠡᠷᠡᠭᠴᠡᠭᠡ ᠪᠣᠯᠤᠨ ᠠᠷᠠᠴᠢᠯᠠᠭ᠎ᠠ ᠮᠠᠯᠵᠢᠯᠭ᠎ᠠ ᠶ᠋ᠢᠨ ᠨᠥᠬᠥᠴᠡᠯ ᠢ᠋ ᠳᠠᠭᠠᠵᠤ ᠬᠤᠪᠢᠷᠠᠳᠠᠭ ᠶᠤᠮ᠃ ᠡᠢᠮᠦ ᠡᠴᠡ ᠪᠢᠳᠡ ᠬᠣᠨᠢᠨ ᠤ᠋ ᠡᠭᠦᠯᠳᠡᠷ ᠢ᠋ ᠠᠩᠭᠢᠯᠠᠬᠤ ᠪᠠ ᠰᠤᠳᠤᠯᠬᠤ ᠶ᠋ᠢᠨ ᠵᠣᠷᠢᠯᠭ᠎ᠠ ᠪᠣᠯ ᠳᠠᠷᠤᠢ ᠬᠣᠨᠢᠨ ᠤ᠋ ᠡᠭᠦᠯᠳᠡᠷ ᠦ᠋ᠨ ᠪᠣᠢ ᠪᠣᠯᠤᠭᠰᠠᠨ ᠲᠡᠦᠬᠡ ᠪᠣᠯᠤᠨ ᠡᠭᠦᠯᠳᠡᠷ ᠦ᠋ᠨ ᠣᠨᠴᠠᠯᠢᠭ ᠢ᠋ ᠪᠦᠬᠦ ᠲᠠᠯ᠎ᠠ ᠪᠠᠷ ᠣᠢᠯᠠᠭᠠᠵᠤ ᠲᠡᠭᠦᠨ ᠢ᠋ ᠤᠯᠠᠮ ᠰᠠᠢᠲᠤᠷ ᠠᠰᠢᠭᠯᠠᠬᠤ ᠪᠠ ᠥᠭᠡᠷᠡᠴᠢᠯᠡᠨ ᠬᠥᠭᠵᠢᠭᠦᠯᠵᠦ᠂ ᠬᠥᠮᠦᠨ ᠲᠥᠷᠥᠯᠬᠢᠲᠡᠨ ᠳ᠋ᠦ᠍ ᠤᠯᠠᠮ ᠰᠠᠢᠲᠤᠷ ᠦᠢᠯᠡᠴᠢᠯᠡᠭᠦᠯᠬᠦ ᠳ᠋ᠦ᠍ ᠣᠷᠣᠰᠢᠨ᠎ᠠ᠃

ᠭᠤᠷᠪᠠ᠂ ᠠᠳᠠᠯᠢ ᠪᠤᠰᠤ ᠬᠡᠷᠡᠭᠴᠡᠭᠡᠲᠦ ᠡᠭᠦᠯᠳᠡᠷ ᠪᠠ ᠣᠷᠴᠢᠨ ᠠᠬᠤᠢ
    ᠬᠣᠨᠢᠨ ᠤ᠋ ᠶᠠᠰᠤ ᠴᠢᠨᠠᠷ ᠪᠠ ᠠᠰᠢᠭ ᠰᠢᠮ᠎ᠡ ᠶ᠋ᠢᠨ ᠭᠠᠷᠤᠯᠲᠠ ᠶ᠋ᠢᠨ ᠰᠠᠢᠨ ᠡᠰᠡᠬᠦ ᠨᠢ ᠨᠢᠭᠡ ᠲᠠᠯ᠎ᠠ ᠪᠠᠷ ᠲᠡᠭᠦᠨ ᠦ᠌ ᠤᠳᠤᠮᠰᠢᠯᠲᠤ ᠴᠢᠨᠠᠷ ᠲᠤ᠌ ᠰᠢᠢᠳᠪᠦᠷᠢᠯᠡᠭᠳᠡᠵᠦ᠂ ᠨᠥᠭᠦᠭᠡ ᠲᠠᠯ᠎ᠠ ᠪᠠᠷ ᠲᠡᠭᠦᠨ ᠦ᠌ ᠥᠰᠦᠯᠲᠡ ᠪᠣᠢᠵᠢᠯᠲᠠ ᠪᠠ ᠦᠷᠡᠵᠢᠯᠲᠡ ᠵᠡᠷᠭᠡ ᠬᠡᠪ ᠦ᠋ᠨ ᠠᠮᠢᠳᠤᠷᠠᠯ ᠢ᠋ ᠪᠠᠲᠤᠯᠠᠬᠤ ᠣᠷᠴᠢᠨ ᠠᠬᠤᠢ ᠶ᠋ᠢᠨ ᠠᠮᠢᠳᠤᠷᠠᠯ ᠤ᠋ᠨ ᠨᠥᠬᠥᠴᠡᠯ ᠳ᠋ᠦ᠍ ᠰᠢᠢᠳᠪᠦᠷᠢᠯᠡᠭᠳᠡᠨ᠎ᠡ᠃ ᠡᠢᠮᠦ ᠡᠴᠡ ᠭᠠᠵᠠᠷ ᠣᠷᠣᠨ ᠤ᠋ ᠪᠠᠨ ᠪᠠᠢᠭᠠᠯᠢ ᠶ᠋ᠢᠨ ᠨᠥᠬᠥᠴᠡᠯ ᠪᠣᠯᠤᠨ ᠪᠠᠢᠭᠠᠯᠢ ᠶ᠋ᠢᠨ ᠡᠬᠢ ᠪᠠᠶᠠᠯᠢᠭ ᠢ᠋ ᠲᠣᠬᠢᠷᠠᠮᠵᠢᠲᠠᠢ ᠰᠠᠢᠬᠠᠨ ᠠᠰᠢᠭᠯᠠᠵᠤ᠂ ᠬᠣᠨᠢ ᠮᠠᠯᠵᠢᠯᠭ᠎ᠠ ᠳ᠋ᠤ᠌ ᠬᠣᠨᠢᠨ ᠤ᠋ ᠡᠭᠦᠯᠳᠡᠷ ᠤᠭᠰᠠᠭ᠎ᠠ ᠶ᠋ᠢ ᠰᠠᠢᠵᠢᠷᠠᠭᠤᠯᠵᠤ᠂ ᠠᠳᠠᠯᠢ ᠪᠤᠰᠤ ᠡᠭᠦᠯᠳᠡᠷ ᠦ᠋ᠨ ᠬᠣᠨᠢ ᠠᠳᠠᠯᠢ ᠦᠭᠡᠢ ᠣᠷᠴᠢᠨ ᠠᠬᠤᠢ ᠶ᠋ᠢᠨ ᠨᠥᠬᠥᠴᠡᠯ ᠢ᠋ ᠱᠠᠭᠠᠷᠳᠠᠨ᠎ᠠ ᠭᠡᠳᠡᠭ ᠢ᠋ ᠣᠢᠯᠠᠭᠠᠵᠤ᠂ ᠪᠣᠳᠠᠲᠠᠢ ᠠ᠋ᠴᠠ ᠡᠭᠦᠰᠴᠦ᠂ ᠭᠠᠵᠠᠷ ᠣᠷᠣᠨ ᠳ᠋ᠠᠭᠠᠨ ᠲᠣᠬᠢᠷᠠᠭᠰᠠᠨ ᠡᠭᠦᠯᠳᠡᠷ ᠦ᠋ᠳ ᠢ᠋ ᠥᠰᠬᠡᠨ ᠦᠷᠡᠵᠢᠭᠦᠯᠵᠦ᠂ ᠲᠡᠭᠦᠨ ᠦ᠌ ᠰᠢᠯᠢᠳᠡᠭ ᠰᠠᠢᠨ ᠰᠢᠨᠵᠢ ᠴᠢᠨᠠᠷ ᠤ᠋ᠨ ᠤᠳᠤᠮᠰᠢᠯ ᠢ᠋ ᠣᠷᠴᠢᠨ ᠠᠬᠤᠢ ᠶ᠋ᠢᠨ ᠨᠥᠬᠥᠴᠡᠯ ᠲᠡᠢ ᠪᠡᠨ ᠰᠠᠢᠲᠤᠷ ᠤᠶᠠᠯᠳᠤᠭᠤᠯᠬᠤ ᠬᠡᠷᠡᠭᠲᠡᠢ᠃
ᠢᠩᠭᠢᠮᠡᠨᠵᠢᠨ ᠰᠠᠶᠢ ᠬᠣᠨᠢᠨ ᠤ᠋ ᠶᠠᠰᠤ ᠴᠢᠨᠠᠷ ᠪᠠ ᠠᠰᠢᠭ ᠰᠢᠮ᠎ᠡ ᠶ᠋ᠢᠨ ᠭᠠᠷᠤᠯᠲᠠ ᠶ᠋ᠢ ᠨᠢ ᠳᠡᠭᠡᠭᠰᠢᠯᠡᠭᠦᠯᠬᠦ ᠵᠣᠷᠢᠯᠭ᠎ᠠ ᠳ᠋ᠠᠭᠠᠨ ᠭᠥᠷᠦᠭᠦᠯᠵᠦ ᠴᠢᠳᠠᠨ᠎ᠠ᠃
    ᠠᠭᠤᠷ ᠠᠮᠢᠰᠬᠤᠯ ᠤ᠋ᠨ ᠨᠥᠬᠥᠴᠡᠯ ᠪᠣᠯ ᠬᠣᠨᠢᠨ ᠳ᠋ᠤ᠌ ᠰᠢᠭᠤᠳ ᠪᠤᠶᠤ ᠳᠠᠮ ᠢ᠋ᠶ᠋ᠠᠷ ᠨᠥᠯᠥᠭᠡ ᠦᠵᠡᠭᠦᠯᠳᠡᠭ᠃ ᠰᠢᠭᠤᠳ ᠨᠥᠯᠥᠭᠡᠯᠡᠯ ᠨᠢ ᠬᠣᠨᠢᠨ ᠤ᠋ ᠣᠷᠣᠰᠢᠨ ᠲᠣᠭᠲᠠᠨᠢᠬᠤ ᠪᠠ ᠵᠣᠬᠢᠴᠠᠬᠤ ᠴᠢᠳᠠᠪᠤᠷᠢ ᠶ᠋ᠢ ᠨᠥᠯᠥᠭᠡᠯᠡᠬᠦ ᠪᠡᠷ ᠪᠠᠷᠠᠬᠤ ᠦᠭᠡᠢ ᠪᠠᠰᠠ ᠥᠰᠦᠯᠲᠡ ᠪᠣᠢᠵᠢᠯᠲᠠ᠂ ᠭᠠᠷᠤᠯᠲᠠ᠂ ᠦᠷᠡᠵᠢᠯ ᠵᠡᠷᠭᠡ ᠶ᠋ᠢ ᠨᠥᠯᠥᠭᠡᠯᠡᠳᠡᠭ᠃ ᠬᠣᠨᠢ ᠤᠷᠲᠤ ᠬᠤᠭᠤᠴᠠᠭ᠎ᠠ ᠪᠠᠷ ᠨᠢᠭᠡᠨ ᠬᠠᠷᠢᠴᠠᠩᠭᠤᠢ ᠲᠣᠭᠲᠠᠭᠤᠨ ᠪᠠᠢᠭᠠᠯᠢ ᠶ᠋ᠢᠨ ᠣᠷᠴᠢᠨ ᠳ᠋ᠤ᠌ ᠠᠮᠢᠳᠤᠷᠠᠪᠠᠯ᠂
ᠡᠨᠡᠬᠦ ᠠᠭᠤᠷ ᠠᠮᠢᠰᠬᠤᠯ ᠤ᠋ᠨ ᠣᠷᠴᠢᠨ ᠳ᠋ᠠᠭᠠᠨ ᠵᠣᠬᠢᠴᠠᠬᠤ ᠴᠢᠳᠠᠪᠤᠷᠢ ᠲᠠᠢ ᠪᠣᠯᠤᠨ᠎ᠠ᠃ ᠡᠭᠦᠨ ᠡᠴᠡ ᠦᠵᠡᠬᠦ ᠳ᠋ᠦ᠍ ᠬᠣᠨᠢᠨ ᠤ᠋ ᠵᠣᠬᠢᠴᠠᠬᠤ ᠴᠢᠳᠠᠪᠤᠷᠢ ᠪᠣᠯ ᠲᠡᠭᠦᠨ ᠦ᠌ ᠤᠷᠲᠤ ᠬᠤᠭᠤᠴᠠᠭᠠᠨ ᠤ᠋ ᠠᠮᠢᠳᠤᠷᠠᠯ ᠤ᠋ᠨ ᠲᠤᠷᠰᠢᠬᠢ ᠬᠤᠪᠢᠰᠤᠯ ᠤ᠋ᠨ ᠶᠠᠪᠤᠴᠠ ᠳ᠋ᠤ᠌ ᠪᠣᠢ ᠪᠣᠯᠳᠠᠭ᠃ ᠵᠢᠱ᠌ᠢᠶᠡᠯᠡᠪᠡᠯ ᠄ᠲᠥᠪᠡᠳ ᠬᠣᠨᠢ ᠶᠡᠷᠦ ᠨᠢ ᠳᠠᠯᠠᠢ ᠶ᠋ᠢᠨ ᠲᠦᠪᠰᠢᠨ ᠡᠴᠡ 2500 ᠮᠧᠲ᠋ᠷ ᠡᠷᠭᠦᠭᠳᠡᠭᠰᠡᠨ ᠠᠭᠤᠯᠠᠷᠬᠠᠭ ᠣᠷᠣᠨ ᠳ᠋ᠤ᠌ ᠣᠷᠣᠰᠢᠨ ᠲᠠᠷᠬᠠᠵᠤ ᠪᠠᠢᠳᠠᠭ᠃ ᠬᠡᠷᠪᠡ ᠲᠡᠭᠦᠨ ᠢ᠋ ᠳᠠᠯᠠᠢ ᠶ᠋ᠢᠨ ᠲᠦᠪᠰᠢᠨ ᠦ᠌ ᠡᠷᠭᠦᠯᠲᠡ ᠶ᠋ᠢᠨ ᠬᠡᠮᠵᠢᠶ᠎ᠡ ᠨᠢ ᠨᠡᠯᠢᠶᠡᠳ ᠳᠣᠣᠷ᠎ᠠ ᠰᠢᠭ᠋ ᠲᠠᠯ᠎ᠠ ᠨᠤᠲᠤᠭ ᠲᠤ᠌ ᠠᠪᠠᠴᠢᠨ ᠮᠠᠯᠵᠢᠪᠠᠯ᠂ ᠲᠡᠭᠦᠨ ᠦ᠌ ᠵᠣᠬᠢᠴᠠᠬᠤ ᠴᠢᠨᠠᠷ ᠲᠤ᠌ ᠮᠠᠰᠢ ᠶᠡᠬᠡ ᠠᠰᠠᠭᠤᠳᠠᠯ ᠲᠤᠯᠭᠠᠷᠠᠬᠤ ᠪᠣᠯᠤᠨ᠎ᠠ᠃ ᠬᠦᠢᠲᠡᠨ ᠣᠷᠣᠨ ᠤ᠋ ᠮᠠᠯ ᠲᠡᠵᠢᠭᠡᠪᠦᠷᠢ ᠶ᠋ᠢᠨ ᠪᠡᠶ᠎ᠡ ᠪᠢᠯᠳᠠᠷ ᠨᠢ ᠬᠠᠯᠠᠭᠤᠨ ᠣᠷᠣᠨ ᠤ᠋ ᠮᠠᠯ ᠲᠡᠵᠢᠭᠡᠪᠦᠷᠢ ᠶ᠋ᠢᠨ ᠪᠡᠶ᠎ᠡ ᠪᠢᠯᠳᠠᠷ ᠠ᠋ᠴᠠ ᠪᠦᠳᠦᠭᠦᠨ ᠪᠠᠢᠳᠠᠭ᠃ ᠶᠡᠷᠦ ᠨᠢ ᠲᠣᠬᠢᠷᠠᠮᠵᠢᠲᠠᠢ ᠬᠦᠢᠲᠡᠨ ᠨᠢ ᠮᠠᠯ ᠤ᠋ᠨ ᠪᠡᠶ᠎ᠡ ᠶ᠋ᠢᠨ ᠪᠣᠳᠠᠰ ᠤ᠋ᠨ ᠰᠣᠯᠢᠯᠴᠠᠭ᠎ᠠ ᠶ᠋ᠢ ᠴᠢᠩᠭᠠᠳᠬᠠᠨ ᠰᠠᠢᠵᠢᠷᠠᠭᠤᠯᠵᠤ᠂ ᠲᠡᠭᠦᠨ ᠦ᠌ ᠥᠰᠦᠯᠲᠡ ᠪᠣᠢᠵᠢᠯᠲᠠ ᠶ᠋ᠢ ᠠᠬᠢᠭᠤᠯᠳᠠᠭ ᠶᠤᠮ᠃ ᠭᠡᠪᠡᠴᠦ ᠬᠡᠲᠦᠷᠬᠡᠢ ᠬᠦᠢᠲᠡᠨ ᠣᠷᠴᠢᠨ ᠨᠢ ᠮᠠᠯ ᠤ᠋ᠨ ᠥᠰᠦᠯᠲᠡ ᠪᠣᠢᠵᠢᠯᠲᠠ ᠳ᠋ᠤ᠌ ᠠᠰᠢᠭ ᠦᠭᠡᠢ ᠨᠥᠯᠥᠭᠡ ᠭᠠᠷᠭᠠᠨ᠎ᠠ᠂ ᠴᠢᠨᠠᠭᠰᠢᠯᠠᠪᠠᠯ ᠦᠬᠦᠯ ᠬᠣᠬᠢᠷᠠᠯ ᠤ᠋ᠨ ᠰᠦᠢᠳᠦᠯ ᠢ᠋ ᠴᠦ᠍ ᠭᠠᠷᠭᠠᠵᠤ ᠮᠡᠳᠡᠨ᠎ᠡ᠃ ᠭᠡᠲᠡᠯ᠎ᠡ ᠳᠤᠯᠠᠭᠠᠨ ᠤ᠋ ᠬᠡᠮᠵᠢᠶ᠎ᠡ ᠮᠠᠯ ᠤ᠋ᠨ ᠪᠡᠶ᠎ᠡ ᠶ᠋ᠢᠨ ᠬᠠᠯᠠᠭᠤᠨ ᠤ᠋ ᠬᠡᠮᠵᠢᠶ᠎ᠡ ᠲᠡᠢ ᠣᠢᠷᠠᠯᠴᠠᠭ᠎ᠠ ᠪᠣᠯᠬᠤ ᠪᠤᠶᠤ ᠲᠡᠭᠦᠨ ᠡᠴᠡ ᠳᠠᠪᠠᠪᠠᠯ ᠮᠠᠯ ᠤ᠋ᠨ ᠪᠣᠳᠠᠰ ᠤ᠋ᠨ ᠰᠣᠯᠢᠯᠴᠠᠭᠠᠨ ᠤ᠋ ᠠᠵᠢᠯᠯᠠᠭ᠎ᠠ ᠨᠢ ᠰᠤᠯᠠᠷᠠᠨ ᠮᠠᠭᠤᠳᠠᠨ᠎ᠠ᠃ ᠥᠨᠳᠥᠷ ᠬᠠᠯᠠᠭᠤᠨ ᠤ᠋ ᠣᠷᠴᠢᠨ ᠨᠢ ᠬᠣᠨᠢᠨ ᠤ᠋ ᠦᠷᠡᠵᠢᠯᠲᠡ ᠳ᠋ᠦ᠍ ᠮᠥᠨ ᠴᠦ᠍ ᠠᠰᠢᠭ ᠦᠭᠡᠢ ᠪᠠᠢᠳᠠᠭ᠃ ᠲᠡᠷᠡ ᠨᠢ ᠬᠣᠨᠢᠨ ᠤ᠋ ᠦᠷᠡᠵᠢᠯ ᠦ᠋ᠨ ᠠᠵᠢᠯᠯᠠᠭ᠎ᠠ ᠶ᠋ᠢ ᠮᠠᠭᠤᠳᠠᠭᠤᠯᠵᠤ᠂ ᠵᠢᠭᠲᠡᠢ ᠦᠷ᠎ᠡ ᠶ᠋ᠢᠨ ᠡᠰ ᠢ᠋ ᠨᠡᠮᠡᠭᠳᠡᠭᠦᠯᠦᠨ᠎ᠡ᠃ ᠨᠡᠯᠢᠶᠡᠳ ᠣᠯᠠᠨ ᠡᠷᠳᠡᠮᠲᠡᠳ ᠦ᠋ᠨ ᠰᠤᠳᠤᠯᠤᠯᠲᠠ ᠪᠠᠷ ᠪᠣᠯ ᠬᠣᠨᠢᠨ ᠤ᠋ ᠨᠣᠯᠤᠤᠷ ᠤ᠋ᠨ ᠤᠷᠭᠤᠯᠲᠠ ᠪᠣᠯᠤᠨ ᠬᠠᠯᠠᠭᠤᠨ ᠤ᠋ ᠬᠡᠮᠵᠢᠶ᠎ᠡ ᠨᠢ ᠰᠥᠭᠡᠷᠭᠦ ᠬᠠᠷᠢᠴᠠᠭ᠎ᠠ ᠲᠠᠢ᠂ ᠬᠠᠷᠢᠨ ᠪᠦᠳᠦᠭᠦᠨ ᠨᠣᠣᠰᠣᠨ ᠤ᠋ ᠤᠷᠭᠤᠯᠲᠠ ᠶ᠋ᠢᠨ ᠬᠡᠮᠵᠢᠶ᠎ᠡ ᠨᠢ ᠬᠠᠯᠠᠭᠤᠨ ᠤ᠋ ᠬᠡᠮᠵᠢᠶ᠎ᠡ ᠲᠡᠢ ᠡᠶᠡᠷᠭᠦ ᠬᠠᠷᠢᠴᠠᠭ᠎ᠠ ᠲᠠᠢ ᠪᠠᠢᠳᠠᠭ᠃ ᠬᠣᠨᠢᠨ ᠳ᠋ᠤ᠌ ᠠᠪᠴᠤ ᠬᠡᠯᠡᠪᠡᠯ ᠬᠡᠳᠦ ᠬᠠᠯᠠᠭᠤᠨ ᠨᠢ ᠬᠠᠷᠢᠨ ᠬᠦᠢᠲᠡᠨ ᠡᠴᠡ ᠢᠯᠡᠭᠦᠦ ᠮᠠᠭᠤ ᠨᠥᠯᠥᠭᠡ ᠦᠵᠡᠭᠦᠯᠳᠡᠭ ᠶᠦ᠍ᠮ᠃
    ᠶᠡᠷᠦ ᠶ᠋ᠢᠨ ᠪᠠᠢᠳᠠᠯ ᠳᠣᠣᠷ᠎ᠠ᠂ ᠭᠠᠭᠴᠠᠬᠠᠨ ᠴᠢᠭᠢᠭ ᠨᠣᠢᠲᠠᠨ ᠤ᠋ ᠰᠢᠯᠲᠠᠭᠠᠨ ᠨᠢ ᠬᠣᠨᠢᠨ ᠳ᠋ᠤ᠌ ᠳᠡᠮᠡᠢ ᠶᠡᠬᠡ ᠨᠥᠯᠥᠭᠡᠯᠡᠯ ᠪᠣᠯᠳᠠᠭ ᠦᠭᠡᠢ᠃ ᠭᠡᠪᠡᠴᠦ ᠴᠢᠭᠢᠭ ᠨᠣᠢᠲᠠᠨ ᠤ᠋ ᠰᠢᠯᠲᠠᠭᠠᠨ ᠨᠢ ᠬᠠᠯᠠᠭᠤᠨ ᠤ᠋ ᠨᠥᠬᠥᠴᠡᠯ ᠲᠡᠢ ᠤᠶᠠᠯᠳᠤᠪᠠᠯ ᠳᠠᠷᠤᠢ ᠲᠡᠭᠦᠨ ᠦ᠌ ᠨᠥᠯᠥᠭᠡᠯᠡᠯ ᠨᠢ ᠶᠡᠬᠡ ᠪᠣᠯᠤᠨ᠎ᠠ᠃ ᠵᠢᠱ᠌ᠢᠶᠡᠯᠡᠪᠡᠯ᠂《ᠨᠣᠢᠲᠠᠨ ᠬᠠᠯᠠᠭᠤᠨ》᠂《ᠬᠠᠭᠤᠷᠠᠢ ᠬᠠᠯᠠᠭᠤᠨ 》᠂《ᠴᠢᠭᠢᠭᠯᠢᠭ ᠬᠦᠢᠲᠡᠨ》᠂《ᠬᠠᠭᠤᠷᠠᠢ ᠬᠦᠢᠲᠡᠨ》
ᠵᠡᠷᠭᠡ ᠣᠷᠴᠢᠨ ᠤ᠋ ᠨᠥᠬᠥᠴᠡᠯ ᠨᠢ ᠬᠣᠨᠢᠨ ᠤ᠋ ᠪᠡᠶ᠎ᠡ ᠶ᠋ᠢᠨ ᠬᠡᠯᠪᠡᠷᠢ᠂ ᠨᠣᠣᠰᠣ ᠪᠠ ᠭᠠᠷᠤᠯᠲᠠ ᠶ᠋ᠢ ᠨᠥᠯᠥᠭᠡᠯᠡᠬᠦ ᠪᠡᠷ ᠪᠠᠷᠠᠬᠤ ᠦᠭᠡᠢ᠂ ᠪᠠᠰᠠ ᠬᠣᠨᠢᠨ ᠤ᠋ ᠣᠷᠣᠰᠢᠨ ᠲᠣᠭᠲᠠᠨᠢᠯ ᠢ᠋ ᠬᠢᠵᠠᠭᠠᠷᠯᠠᠨ᠎ᠠ᠃ᠶᠡᠷᠦᠩᠬᠡᠢ ᠳ᠋ᠦ᠍ᠨᠢ ᠦᠵᠡᠪᠡᠯ ᠬᠣᠨᠢ ᠪᠣᠯ ᠬᠠᠭᠤᠷᠠᠢᠯᠢᠭ᠋ ᠣᠷᠴᠢᠨ ᠠᠬᠤᠢ ᠪᠠ ᠰᠡᠷᠢᠭᠦᠨ᠂ ᠬᠦᠢᠲᠡᠨ ᠣᠷᠴᠢᠨ ᠠᠬᠤᠢ ᠳ᠋ᠤ᠌ ᠵᠣᠬᠢᠴᠠᠳᠠᠭ᠃ 
    ᠰᠠᠯᠬᠢᠨ ᠪᠣᠯ ᠪᠠᠰᠠᠴᠤ ᠣᠮᠲᠣᠭᠠᠢᠯᠠᠵᠤ ᠪᠣᠯᠣᠰᠢ ᠥᠬᠡᠢ ᠣᠷᠴᠢᠨ ᠠᠬᠤᠢ ᠶ᠋ᠢᠨ ᠨᠥᠯᠥᠭᠡᠯᠡᠯ ᠦ᠋ᠨ ᠨᠢᠭᠡ ᠬᠦᠴᠦᠨ ᠵᠦᠢᠯ ᠮᠥᠨ᠃ ᠰᠠᠯᠬᠢ ᠭᠠᠭᠴᠠᠭᠠᠷ ᠢ᠋ᠶ᠋ᠠᠨ ᠪᠢᠰᠢ᠂ ᠬᠠᠷᠢᠨ ᠠᠭᠤᠷ ᠠᠮᠢᠰᠬᠤᠯ ᠤ᠋ᠨ ᠨᠥᠬᠥᠴᠡᠯ ᠲᠡᠢ ᠤᠶᠠᠯᠳᠤᠮᠠᠨᠵᠢᠨ ᠰᠠᠶᠢ ᠨᠡᠯᠢᠶᠡᠳ ᠮᠡᠳᠡᠭᠳᠡᠬᠦᠢᠴᠡ ᠨᠥᠯᠥᠭᠡ ᠶ᠋ᠢ ᠭᠠᠷᠭᠠᠳᠠᠭ᠃ ᠭᠤᠷᠪᠠᠳᠤᠭᠠᠷ ᠳᠡᠰ ᠡᠴᠡ ᠳᠣᠷᠣᠭᠰᠢᠬᠢ ᠰᠠᠯᠬᠢᠨ ᠬᠣᠨᠢᠨ ᠤ᠋ ᠢᠳᠡᠰᠢᠯᠡᠬᠦ ᠳ᠋ᠦ᠍ ᠠᠰᠢᠭᠲᠠᠢ ᠨᠥᠬᠥᠴᠡᠯ ᠢ᠋ ᠣᠯᠭᠣᠵᠤ ᠥᠭᠬᠦ ᠪᠡᠷ ᠪᠠᠷᠠᠬᠤ ᠦᠭᠡᠢ᠂ ᠪᠡᠶ᠎ᠡ ᠶ᠋ᠢᠨ ᠬᠠᠯᠠᠭᠤᠨ ᠤ᠋ ᠲᠣᠬᠢᠷᠠᠭᠤᠯᠤᠯᠲᠠ ᠳ᠋ᠤᠨᠢ ᠪᠠᠰᠠ ᠲᠤᠰᠠᠯᠠᠮᠵᠢ ᠪᠣᠯᠳᠠᠭ᠃ ᠭᠡᠲᠡᠯ᠎ᠡ ᠬᠦᠢᠲᠡᠨ ᠤᠯᠠᠷᠢᠯ ᠳ᠋ᠤ᠌ ᠳᠥᠷᠪᠡᠳᠦᠭᠡᠷ ᠳᠡᠰ ᠡᠴᠡ ᠳᠡᠭᠡᠭᠰᠢᠬᠢ ᠰᠠᠯᠬᠢ ᠪᠣᠯ ᠬᠣᠨᠢᠨ ᠳ᠋ᠤ᠌ ᠠᠰᠢᠭ ᠦᠭᠡᠢ ᠪᠣᠯᠤᠨ᠎ᠠ᠃
    ᠡᠭᠦᠨ ᠡᠴᠡ ᠭᠠᠳᠠᠨ᠎ᠠ ᠪᠠᠰᠠ ᠨᠠᠷᠠᠨ ᠤ᠋ ᠳᠤᠰᠬᠠᠯᠲᠠ᠂ ᠳᠠᠯᠠᠢ ᠶ᠋ᠢᠨ ᠲᠦᠪᠰᠢᠨ ᠦ᠌ ᠬᠡᠮᠵᠢᠶ᠎ᠡ᠂ ᠭᠠᠵᠠᠷ ᠤ᠋ᠨ ᠪᠠᠢᠴᠠ᠂ ᠬᠥᠷᠥᠰᠥ᠂ ᠤᠷᠭᠤᠮᠠᠯ ᠤ᠋ᠨ ᠬᠤᠴᠢᠮᠠᠯ ᠵᠡᠷᠭᠡ ᠰᠢᠯᠲᠠᠭᠠᠨ ᠨᠤᠭᠤᠳ ᠪᠦᠷ ᠬᠣᠨᠢᠨ ᠳ᠋ᠤ᠌ ᠵᠣᠬᠢᠬᠤ ᠬᠡᠮᠵᠢᠶᠡᠨ ᠦ᠌ ᠨᠥᠯᠥᠭᠡ ᠶ᠋ᠢ ᠦᠵᠡᠭᠦᠯᠦᠨ᠎ᠡ᠃
    ᠳᠡᠯᠡᠬᠡᠢ ᠶ᠋ᠢᠨ ᠡᠯ᠎ᠡ ᠭᠠᠵᠠᠷ ᠤ᠋ᠨ ᠬᠣᠨᠢᠨ ᠤ᠋ ᠡᠭᠦᠯᠳᠡᠷ ᠦ᠋ᠨ ᠪᠣᠢᠵᠢᠭᠰᠠᠨ ᠲᠡᠦᠬᠡ ᠪᠣᠯᠤᠨ ᠣᠷᠣᠰᠢᠨ ᠲᠠᠷᠬᠠᠵᠤ ᠪᠠᠢᠭ᠎ᠠ ᠭᠠᠵᠠᠷ ᠣᠷᠣᠨ ᠢ᠋ ᠦᠨᠳᠦᠰᠦᠯᠡᠪᠡᠯ᠂ ᠡᠯ᠎ᠡ ᠲᠥᠷᠥᠯ ᠦ᠋ᠨ ᠬᠣᠨᠢᠨ ᠤ᠋ ᠱᠠᠭᠠᠷᠳᠠᠬᠤ ᠣᠷᠴᠢᠨ ᠠᠬᠤᠢ ᠶ᠋ᠢᠨ ᠨᠥᠬᠥᠴᠡᠯ ᠨᠢ ᠳᠣᠣᠷᠠᠬᠢ ᠮᠡᠲᠦ:
    ᠨᠠᠷᠢᠨ ᠨᠣᠣᠰᠣᠲᠤ ᠬᠣᠨᠢ ᠄ ᠳᠤᠯᠠᠭᠠᠨ ᠬᠠᠭᠤᠷᠠᠢ ᠪᠤᠶᠤ ᠬᠠᠭᠤᠷᠠᠢᠯᠢᠭ᠋ ᠣᠷᠴᠢᠨ ᠳ᠋ᠤ᠌ ᠵᠣᠬᠢᠴᠠᠳᠠᠭ ᠪᠥᠭᠡᠳ ᠬᠠᠭᠤᠷᠠᠢ ᠬᠠᠯᠠᠭᠤᠨ ᠪᠠ ᠬᠠᠭᠤᠷᠠᠢ ᠬᠦᠢᠲᠡᠨ ᠳ᠋ᠦ᠍ ᠮᠥᠨ ᠵᠣᠬᠢᠴᠠᠵᠤ ᠴᠢᠳᠠᠳᠠᠭ᠃ ᠭᠡᠲᠡᠯ᠎ᠡ ᠨᠣᠢᠲᠠᠨ ᠬᠠᠯᠠᠭᠤᠨ ᠪᠣᠯᠤᠨ ᠴᠢᠭᠢᠭᠯᠢᠭ ᠬᠦᠢᠲᠡᠨ ᠣᠷᠴᠢᠨ ᠨᠢ ᠨᠠᠷᠢᠨ ᠨᠣᠣᠰᠣᠲᠤ ᠬᠣᠨᠢᠨ ᠳ᠋ᠤ᠌ ᠵᠣᠬᠢᠴᠠᠳᠠᠭ ᠦᠭᠡᠢ ᠶᠦ᠍ᠮ᠃ ᠶᠡᠷᠦᠨᠢ ᠬᠤᠷ᠎ᠠ ᠲᠤᠨᠤᠳᠠᠰᠤ ᠶ᠋ᠢᠨ ᠬᠡᠮᠵᠢᠶ᠎ᠡ 250 — 500 ᠮᠢᠯᠯᠢᠮᠧᠲ᠋ᠷ; ᠬᠠᠷᠢᠴᠠᠩᠭᠤᠢ ᠴᠢᠭᠢᠭ ᠦ᠋ᠨ ᠬᠡᠮᠵᠢᠶ᠎ᠡ 50—70%; ᠳᠤᠯᠠᠭᠠᠨ ᠤ᠋ ᠬᠡᠮᠵᠢᠶ᠎ᠡ -25—27 ᠭᠷᠠᠳᠦ᠋ᠰ ᠦ᠋ᠨ ᠨᠥᠬᠥᠴᠡᠯ ᠪᠣᠯ ᠨᠠᠷᠢᠨ ᠨᠣᠣᠰᠣᠲᠤ ᠬᠣᠨᠢᠨ ᠳ᠋ᠤ᠌ ᠲᠣᠬᠢᠷᠠᠮᠵᠢ ᠲᠠᠢ ᠪᠠᠢᠳᠠᠭ᠃ ᠡᠪᠡᠰᠦ ᠤᠷᠭᠤᠮᠠᠯ ᠤ᠋ᠨ ᠲᠠᠯ᠎ᠠ ᠪᠠᠷ ᠪᠣᠯ ᠳᠤᠮᠳᠠ ᠪᠤᠶᠤ ᠪᠣᠭᠣᠨᠢ ᠬᠡᠯᠪᠡᠷᠢ ᠶ᠋ᠢᠨ ᠦᠶᠡᠲᠦ ᠤᠷᠭᠤᠮᠠᠯ ᠤ᠋ᠨ ᠡᠪᠡᠰᠦ ᠪᠣᠯᠤᠨ ᠨᠢᠭᠡ ᠪᠦᠯᠦᠭ ᠪᠤᠷᠴᠠᠭᠲᠤ ᠤᠷᠭᠤᠮᠠᠯ ᠬᠣᠯᠢᠯᠳᠤᠨ ᠤᠷᠭᠤᠭᠰᠠᠨ ᠪᠡᠯᠴᠢᠭᠡᠷ ᠪᠣᠯ ᠲᠣᠬᠢᠷᠠᠮᠵᠢᠲᠠᠢ ᠪᠠᠢᠳᠠᠭ᠃ ᠪᠤᠲᠠᠯᠢᠭ ᠮᠣᠳᠣ ᠠᠷᠪᠢᠨ ᠲᠠᠢ ᠭᠠᠵᠠᠷ ᠪᠣᠯ ᠪᠠᠷᠤᠭᠲᠠᠢ ; ᠨᠡᠭᠦᠳᠡᠯ ᠦ᠋ᠨ ᠡᠯᠡᠰᠦ ᠲᠡᠢ ᠭᠠᠵᠠᠷ ᠵᠢᠴᠢ ᠬᠤᠵᠢᠷᠯᠢᠭ ᠭᠠᠵᠠᠷ ᠪᠣᠯ ᠨᠠᠷᠢᠨ ᠨᠣᠣᠰᠣᠲᠤ ᠬᠣᠨᠢᠨ ᠳ᠋ᠤ᠌ ᠠᠰᠢᠭ ᠦᠭᠡᠢ ᠶᠦ᠍ᠮ᠃
    ᠤᠷᠲᠤ ᠨᠠᠷᠢᠪᠲᠤᠷ ᠨᠣᠣᠰᠣᠲᠤ ᠮᠢᠬᠠᠨ ᠤ᠋ ᠬᠡᠯᠪᠡᠷᠢ ᠶ᠋ᠢᠨ ᠬᠣᠨᠢ ᠄ ᠴᠢᠭᠢᠭᠯᠢᠭ ᠨᠣᠢᠲᠠᠨ᠂ ᠳᠤᠯᠠᠭᠠᠨ ᠭᠠᠵᠠᠷ ᠣᠷᠣᠨ ᠳ᠋ᠤ᠌ ᠵᠣᠬᠢᠴᠠᠬᠤ ᠪᠠᠷ ᠰᠠᠢᠨ ᠪᠠᠢᠳᠠᠭ᠃ ᠬᠤᠷ᠎ᠠ ᠲᠤᠨᠤᠳᠠᠰᠤ ᠶ᠋ᠢᠨ ᠬᠡᠮᠵᠢᠶ᠎ᠡ 500 — 800 ᠮᠢᠯᠯᠢᠮᠧᠲ᠋ᠷ; ᠬᠠᠷᠢᠴᠠᠩᠭᠤᠢ ᠴᠢᠭᠢᠭ ᠦ᠋ᠨ ᠬᠡᠮᠵᠢᠶ᠎ᠡ 60—70%᠂ ᠳᠤᠯᠠᠭᠠᠨ ᠤ᠋ ᠬᠡᠮᠵᠢᠶ᠎ᠡ -10—25℃ ᠤ᠋ᠨ ᠣᠷᠴᠢᠨ ᠠᠬᠤᠢ ᠳ᠋ᠤ᠌ ᠲᠣᠬᠢᠷᠠᠮᠵᠢᠲᠠᠢ᠃ ᠬᠤᠷ᠎ᠠ ᠲᠤᠨᠤᠳᠠᠰᠤ ᠶ᠋ᠢᠨ ᠬᠡᠮᠵᠢᠶ᠎ᠡ 1000 ᠮᠢᠯᠯᠢᠮᠧᠲ᠋ᠷ ᠪᠠ 25℃ ᠠ᠋ᠴᠠ ᠳᠡᠭᠡᠭᠰᠢᠬᠢ ᠬᠠᠯᠠᠭᠤᠨ ᠤ᠋ ᠬᠡᠮᠵᠢᠶ᠎ᠡ ᠲᠡᠢ ᠣᠷᠴᠢᠨ ᠳ᠋ᠤ᠌ ᠮᠥᠨ ᠴᠦ᠍ ᠵᠣᠬᠢᠴᠠᠬᠤ ᠪᠠᠷ ᠵᠦᠭᠡᠷ ᠰᠢᠭ ᠪᠠᠢᠳᠠᠭ ᠶᠤᠮ᠃ ᠢᠭᠴᠢ ᠰᠠᠬᠤᠯᠢᠭ ᠪᠥᠭᠡᠳ ᠣᠯᠠᠨ ᠲᠥᠷᠥᠯ ᠦ᠋ᠨ ᠡᠪᠡᠰᠦ ᠬᠣᠯᠢᠯᠳᠤᠨ ᠤᠷᠭᠤᠭᠰᠠᠨ ᠪᠡᠯᠴᠢᠭᠡᠷ ᠪᠣᠯ ᠲᠤᠰ ᠲᠥᠷᠥᠯ ᠦ᠋ᠨ ᠬᠣᠨᠢᠳ ᠢ᠋ ᠬᠠᠷᠢᠭᠤᠯᠬᠤ ᠳ᠋ᠤ᠌ ᠲᠣᠬᠢᠷᠠᠮᠵᠢᠲᠠᠢ ᠶᠤᠮ᠃ᠡᠯᠡᠰᠦᠷᠬᠡᠭ ᠣᠷᠣᠨ ᠪᠠ ᠬᠤᠵᠢᠷᠯᠢᠭ ᠭᠠᠵᠠᠷ ᠪᠣᠯ ᠲᠤᠰ ᠬᠣᠨᠢᠨ ᠨᠣᠣᠰᠣᠨ ᠤ᠋ ᠶᠠᠰᠤ ᠴᠢᠨᠠᠷ ᠢ᠋ ᠨᠥᠯᠥᠭᠡᠯᠡᠬᠦ ᠪᠣᠯᠤᠨ᠎ᠠ᠃
    ᠼᠢᠭᠠᠢ ᠬᠡᠯᠪᠡᠷᠢᠲᠦ ᠨᠠᠷᠢᠪᠲᠤᠷ ᠨᠣᠣᠰᠣᠲᠤ ᠬᠣᠨᠢ ᠄ ᠭᠠᠩᠳᠠᠮᠠᠯ ᠬᠠᠭᠤᠷᠠᠢ ᠣᠷᠴᠢᠨ ᠠᠬᠤᠢ ᠳ᠋ᠤ᠌ ᠵᠣᠬᠢᠴᠠᠬᠤ ᠪᠠᠷ ᠰᠠᠢᠨ᠂ ᠬᠤᠷ᠎ᠠ ᠲᠤᠨᠤᠳᠠᠰᠤ ᠶ᠋ᠢᠨ ᠬᠡᠮᠵᠢᠶ᠎ᠡ 250 — 500 ᠮᠢᠯᠯᠢᠮᠧᠲ᠋ᠷ; ᠬᠠᠷᠢᠴᠠᠩᠭᠤᠢ ᠴᠢᠭᠢᠭ ᠦ᠋ᠨ ᠬᠡᠮᠵᠢᠶ᠎ᠡ50 — 60%᠂ ᠳᠤᠯᠠᠭᠠᠨ ᠤ᠋ ᠬᠡᠮᠵᠢᠶ᠎ᠡ -11—26℃ ᠤ᠋ᠨ ᠣᠷᠴᠢᠨ ᠠᠬᠤᠢ ᠳ᠋ᠤ᠌ ᠲᠣᠬᠢᠷᠠᠮᠵᠢᠲᠠᠢ ᠪᠠᠢᠳᠠᠭ᠃ᠡᠪᠡᠰᠦ ᠤᠷᠭᠤᠮᠠᠯ ᠤ᠋ᠨ ᠪᠦᠷᠬᠦᠯᠲᠡ ᠵᠢᠭᠠᠬᠠᠨ ᠰᠡᠢᠷᠡᠭ ᠪᠠᠢᠭᠰᠠᠨ ᠴᠤ᠌ ᠬᠠᠮᠢᠶ᠎ᠠ ᠦᠭᠡᠢ᠂ ᠭᠡᠪᠡᠴᠦ ᠵᠢᠯ ᠲᠤᠷᠰᠢᠬᠢ ᠰᠢᠮ᠎ᠡ ᠲᠡᠵᠢᠭᠡᠯ ᠦ᠋ᠨ ᠬᠡᠮᠵᠢᠶ᠎ᠡ ᠶ᠋ᠢ ᠠᠳᠠᠯᠢᠪᠲᠤᠷ ᠰᠢᠭ᠋ ᠪᠠᠢᠯᠭᠠᠬᠤ ᠬᠡᠷᠡᠭᠲᠡᠢ᠃
    ᠺᠠᠷᠠᠺᠦᠯᠢ ᠄ ᠭᠠᠩᠳᠠᠮᠠᠯ ᠬᠠᠭᠤᠷᠠᠢ ᠣᠷᠣᠨ ᠳ᠋ᠤ᠌ ᠵᠣᠬᠢᠴᠠᠬᠤ ᠪᠠᠷ ᠰᠠᠢᠨ᠃ ᠬᠤᠷ᠎ᠠ ᠲᠤᠨᠤᠳᠠᠰᠤ ᠶ᠋ᠢᠨ ᠬᠡᠮᠵᠢᠶ᠎ᠡ 100 —300 ᠮᠢᠯᠯᠢᠮᠧᠲ᠋ᠷ; ᠬᠠᠷᠢᠴᠠᠩᠭᠤᠢ ᠴᠢᠭᠢᠭ ᠦ᠋ᠨ ᠬᠡᠮᠵᠢᠶ᠎ᠡ -10 —32℃ ᠤ᠋ᠨ ᠣᠷᠴᠢᠨ ᠠᠬᠤᠢ ᠳ᠋ᠤ᠌ ᠲᠣᠬᠢᠷᠠᠮᠵᠢᠲᠠᠢ ᠶᠤᠮ᠃ ᠡᠯᠡᠰᠦᠷᠬᠡᠭ ᠪᠠ ᠬᠠᠭᠠᠰ ᠡᠯᠡᠰᠦᠷᠬᠡᠭ ᠣᠷᠣᠨ ᠤ᠋ ᠤᠷᠭᠤᠮᠠᠯ ᠵᠢᠴᠢ ᠪᠤᠲᠠᠯᠢᠭ ᠮᠣᠳᠣ ᠠᠷᠪᠢᠨ ᠲᠠᠢ ᠭᠠᠵᠠᠷ ᠪᠣᠯᠤᠨ ᠬᠤᠵᠢᠷᠯᠢᠭ ᠭᠠᠵᠠᠷ ᠲᠣᠬᠢᠷᠠᠮᠵᠢᠲᠠᠢ᠃ ᠰᠢᠮ᠎ᠡ ᠲᠡᠵᠢᠭᠡᠯ ᠦ᠋ᠨ ᠪᠠᠢᠳᠠᠯ ᠨᠢ ᠵᠢᠯ ᠳ᠋ᠦ᠍ ᠪᠡᠨ ᠲᠡᠩᠴᠡᠭᠦᠷᠢ ᠦᠭᠡᠢ ᠪᠠᠢᠭᠰᠠᠨ ᠴᠤ᠌ ᠪᠣᠯᠤᠨ᠎ᠠ᠃
    ᠪᠦᠳᠦᠭᠦᠨ ᠨᠣᠣᠰᠣᠲᠤ ᠬᠣᠨᠢ ᠄ ᠠᠭᠤᠷ ᠠᠮᠢᠰᠬᠤᠯ ᠤ᠋ᠨ ᠬᠡᠮᠵᠢᠶ᠎ᠡ ᠮᠠᠰᠢ ᠶᠡᠬᠡ ᠬᠤᠪᠢᠷᠠᠯᠲᠠ ᠲᠠᠢ ᠣᠷᠴᠢᠨ ᠳ᠋ᠤ᠌ ᠵᠣᠬᠢᠴᠠᠵᠤ ᠴᠢᠳᠠᠨ᠎ᠠ᠃ ᠳᠠᠷᠤᠢ᠂ ᠳᠤᠯᠠᠭᠠᠨ ᠤ᠋ ᠬᠡᠮᠵᠢᠶ᠎ᠡ - 35 —30℃ ᠤ᠋ᠨ ᠣᠷᠴᠢᠨ ᠳ᠋ᠤ᠌ ᠠᠵᠢᠭ ᠴᠤ᠌ ᠦᠭᠡᠢ ᠪᠠᠢᠳᠠᠭ ᠪᠠ ᠴᠢᠭᠢᠭᠯᠢᠭ ᠨᠣᠢᠲᠠᠨ ᠪᠠ ᠭᠠᠩ ᠬᠠᠭᠤᠷᠠᠢ ᠣᠷᠣᠨ ᠳ᠋ᠤ᠌ ᠴᠤ᠌ ᠪᠦᠷ ᠵᠣᠬᠢᠴᠠᠨ᠎ᠠ᠃ ᠣᠯᠠᠨ ᠲᠥᠷᠥᠯ ᠦ᠋ᠨ ᠤᠷᠭᠤᠮᠠᠯ ᠲᠠᠢ ᠪᠡᠯᠴᠢᠭᠡᠷ ᠪᠠ ᠰᠢᠭᠤᠢᠲᠤ ᠪᠡᠯᠴᠢᠭᠡᠷ ᠲᠦ᠍ ᠲᠣᠬᠢᠷᠠᠮᠵᠢᠲᠠᠢ ᠪᠠᠢᠳᠠᠭ᠃
    ᠡᠯ᠎ᠡ ᠲᠥᠷᠥᠯ ᠦ᠋ᠨ ᠠᠳᠠᠯᠢ ᠪᠤᠰᠤ ᠡᠭᠦᠯᠳᠡᠷ ᠦ᠋ᠨ ᠬᠣᠨᠢᠨ ᠤ᠋ ᠱᠠᠭᠠᠷᠳᠠᠬᠤ ᠣᠷᠴᠢᠨ ᠠᠬᠤᠢ ᠶ᠋ᠢᠨ ᠨᠥᠬᠥᠴᠡᠯ ᠨᠢ ᠴᠦ᠍ ᠳᠡᠭᠡᠷᠡᠬᠢ ᠮᠡᠲᠦ ᠬᠣᠭᠣᠷᠣᠨᠳᠣ ᠪᠠᠨ ᠠᠳᠠᠯᠢ ᠦᠭᠡᠢ ᠪᠠᠢᠳᠠᠭ ᠪᠣᠯᠪᠠᠴᠤ᠂ ᠡᠷᠬᠡᠪᠰᠢ ᠳᠤᠷᠠᠳᠤᠭᠤᠰᠢᠲᠠᠢ ᠵᠦᠢᠯ ᠭᠡᠪᠡᠯ᠂ ᠪᠢᠳᠡ ᠬᠣᠨᠢ ᠮᠠᠯᠵᠢᠯᠭ᠎ᠠ ᠪᠠᠨ ᠬᠥᠭᠵᠢᠭᠦᠯᠬᠦ ᠳ᠋ᠡᠭᠡᠨ᠂ ᠬᠣᠨᠢᠨ ᠤ᠋ ᠡᠭᠦᠯᠳᠡᠷ ᠤᠭᠰᠠᠭ᠎ᠠ ᠶ᠋ᠢ ᠬᠠᠯᠠᠨ ᠰᠠᠢᠵᠢᠷᠠᠭᠤᠯᠬᠤ ᠪᠠ ᠭᠠᠳᠠᠭᠠᠳᠤ ᠶ᠋ᠢᠨ ᠰᠢᠯᠢᠳᠡᠭ ᠡᠭᠦᠯᠳᠡᠷ ᠦ᠋ᠳ ᠢ᠋ ᠣᠷᠣᠭᠤᠯᠵᠤ ᠢᠷᠡᠭᠦᠯᠬᠦ ᠳ᠋ᠡᠭᠡᠨ ᠡᠷᠬᠡᠪᠰᠢ ᠣᠷᠴᠢᠨ ᠠᠬᠤᠢ ᠶ᠋ᠢᠨ ᠨᠥᠬᠥᠴᠡᠯ ᠦ᠋ᠨ ᠢ᠋ᠶ᠋ᠡᠨ ᠪᠣᠳᠠᠲᠤ ᠪᠠᠢᠳᠠᠯ ᠢ᠋ ᠦᠵᠡᠬᠦ ᠶ᠋ᠢᠨ ᠬᠠᠮᠲᠤ᠂ ᠬᠥᠮᠦᠰ ᠦ᠋ᠨ ᠴᠢᠷᠮᠠᠢᠯᠭ᠎ᠠ ᠪᠠᠷ ᠠᠷᠠᠴᠢᠯᠠᠭ᠎ᠠ ᠮᠠᠯᠵᠢᠯᠭ᠎ᠠ ᠶ᠋ᠢ ᠲᠣᠬᠢᠷᠠᠭᠤᠯᠤᠨ ᠵᠣᠬᠢᠴᠠᠭᠤᠯᠬᠤ ᠠᠵᠢᠯ ᠢ᠋ᠶ᠋ᠠᠨ ᠠᠩᠬᠠᠷᠬᠤ ᠬᠡᠷᠡᠭᠲᠡᠢ᠃

    ᠠᠮᠢᠯᠠᠭᠤᠯᠤᠭᠴᠢ ᠄ ᠠ᠊· ᠰᠠᠷᠠᠨᠭᠡᠷᠡᠯ᠂
    ᠬᠢᠨᠠᠭᠴᠢ ᠪᠠᠭᠰᠢ᠄ ᠮᠣᠩᠭᠣᠯ ᠰᠦᠨᠡᠰᠦ᠂ ᠨᠠᠷᠠᠨ᠂ ᠵᠢᠩᠯᠢᠬᠤᠸᠠᠷ