ᠮᠣᠩᠭᠣᠯ ᠠᠷᠠᠳ ᠤᠨ ᠵᠦᠢᠷ ᠰᠡᠴᠡᠨ ᠦᠭᠡᠰ – ᠠ ᠠᠢᠮᠠᠭМонгол ардын зүйр цэцэн үгс – аа аймаг ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠠᠷᠠᠳ ᠤᠨ ᠵᠦᠢᠷ ᠰᠡᠴᠡᠨ ᠦᠭᠡᠰ – ᠠ ᠠᠢᠮᠠᠭМонгол ардын зүйр цэцэн үгс – аа аймаг

ᠮᠣᠩᠭᠣᠯ ᠠᠷᠠᠳ ᠤᠨ ᠵᠦᠢᠷ ᠰᠡᠴᠡᠨ ᠦᠭᠡᠰ – ᠠ ᠠᠢᠮᠠᠭМонгол ардын зүйр цэцэн үгс – аа аймаг

2023-08-10

1719

ᠮᠣᠩᠭᠣᠯ ᠠᠷᠠᠳ ᠤᠨ ᠵᠦᠢᠷ ᠰᠡᠴᠡᠨ ᠦᠭᠡᠰ – ᠠ ᠠᠢᠮᠠᠭ

ᠠ ᠦᠰᠦᠭ ᠡᠷᠳᠡᠮ ᠦᠨ ᠳᠡᠭᠡᠵᠢ
ᠠᠶᠠᠭ᠎ᠠ ᠴᠠᠢ ᠢᠳᠡᠭᠡᠨ ᠦ ᠳᠡᠭᠡᠵᠢ᠃
ᠠᠢᠯ ᠠᠴᠠ ᠡᠷᠢᠬᠦ ᠪᠡᠷ
ᠠᠪᠳᠠᠷ᠎ᠠ᠎ ᠡᠴᠡ ᠪᠠᠨ ᠡᠷᠢ᠃
ᠠᠪᠤ ᠶᠢᠨ ᠪᠤᠢ ᠳᠤ ᠬᠦᠮᠦᠨ ᠲᠡᠢ ᠲᠠᠨᠢᠯᠴᠠ
ᠠᠭᠲᠠ ᠶᠢᠨ ᠪᠤᠢ ᠳᠤ ᠭᠠᠵᠠᠷ ᠦᠵᠡ᠃
ᠠᠪᠤ ᠶᠢᠨ ᠬᠦᠦ ᠠᠳᠠᠯᠢ ᠦᠭᠡᠢ
ᠠᠷᠪᠠᠨ ᠬᠤᠷᠤᠭᠤ ᠲᠡᠭᠰᠢ ᠦᠭᠡᠢ᠃
ᠠᠪᠤ ᠶᠢᠨ ᠰᠤᠷᠭᠠᠯ ᠠᠯᠲᠠ
ᠡᠵᠢ ᠶᠢᠨ ᠰᠤᠷᠭᠠᠯ ᠡᠷᠳᠡᠨᠢ᠃
ᠠᠪᠤᠭᠰᠠᠨ ᠬᠦᠮᠦᠨ ᠨᠢᠭᠡ ᠲᠠᠮᠤ ᠲᠠᠢ
ᠠᠯᠳᠠᠭᠰᠠᠨ ᠬᠦᠮᠦᠨ ᠠᠷᠪᠠᠨ ᠲᠠᠮᠤ ᠲᠠᠢ᠃
ᠠᠪᠬᠤ ᠬᠦᠮᠦᠨ ᠪᠥᠬᠥᠢᠬᠦ
ᠥᠭᠬᠦ ᠬᠦᠮᠦᠨ ᠭᠡᠳᠡᠢᠬᠦ᠃
ᠠᠬ᠎ᠠ ᠶᠢᠨ ᠰᠤᠷᠭᠠᠯ ᠠᠴᠢ
ᠡᠭᠡᠴᠢ ᠶᠢᠨ ᠰᠤᠷᠭᠠᠯ ᠡᠯᠪᠡᠷᠢᠯ᠃
ᠠᠬᠠᠮᠠᠳ ᠤᠨ ᠰᠤᠷᠭᠠᠯ ᠠᠯᠲᠠ
ᠪᠤᠭᠤᠷᠤᠯ ᠤᠨ ᠰᠤᠷᠭᠠᠯ ᠪᠤᠶᠠᠨ᠃ 
ᠠᠭᠠᠯᠢᠭᠦᠢ ᠬᠦᠮᠦᠨ ᠦᠭᠡᠨ ᠳᠦ ᠤᠨᠠᠬᠤ
ᠠᠭᠰᠤᠮ ᠮᠣᠷᠢ ᠨᠦᠬᠡᠨ ᠳᠦ ᠤᠨᠠᠬᠤ᠃
ᠠᠭᠢ ᠦᠭᠡᠢ ᠭᠠᠵᠠᠷ ᠠᠳᠤᠭᠤ ᠳᠣᠭᠲᠠᠬᠤ ᠦᠭᠡᠢ
ᠠᠪᠤᠷᠢ ᠦᠭᠡᠢ ᠬᠥᠮᠦᠨ ᠳᠦ ᠨᠥᠬᠥᠷ ᠣᠯᠳᠠᠬᠤ ᠦᠭᠡᠢ᠃
ᠠᠭᠤᠯᠠ ᠶᠢᠨ ᠴᠠᠭᠠᠨ᠎ᠠ ᠤᠰᠤ
ᠤᠰᠤ ᠶᠢᠨ ᠴᠠᠭᠠᠨ᠎ᠠ ᠠᠭᠤᠯᠠ᠌᠃
ᠠᠭᠤᠯᠠᠨ ᠦ ᠴᠢᠮᠡᠭ ᠮᠣᠳᠣ
ᠤᠬᠠᠭᠠᠨ ᠤ ᠴᠢᠮᠡᠭ ᠡᠷᠳᠡᠮ᠃
ᠠᠭᠤᠯᠠᠨ ᠪᠤᠭᠤ ᠶ᠋ᠢ ᠬᠠᠷᠠᠵᠤ
ᠤᠨᠤᠭᠰᠠᠨ ᠪᠤᠬ᠎ᠠ ᠪᠠᠨ ᠬᠠᠶᠠᠬᠤ᠃
ᠠᠭᠤᠷ ᠪᠡᠶ᠎ᠡ ᠶᠢ ᠵᠣᠪᠠᠭᠠᠨ᠎ᠠ
ᠠᠭᠤᠯᠠ ᠮᠣᠷᠢ ᠶᠢ ᠵᠣᠪᠠᠭᠠᠨ᠎ᠠ᠃
ᠠᠭᠳᠠ ᠮᠣᠷᠢ ᠠᠶᠠᠨ ᠤ ᠬᠠᠨᠢ
ᠠᠨᠳᠠ ᠨᠠᠢᠵᠠ ᠠᠮᠢᠳᠤᠷᠠᠯ ᠤᠨ ᠬᠠᠨᠢ᠃
ᠠᠭᠳᠠ ᠶ᠋ᠢ ᠠᠯᠳᠠᠪᠠᠯ ᠪᠠᠷᠢᠵᠤ ᠪᠤᠯᠤᠨ᠎ᠠ
ᠠᠮᠠ ᠶ᠋ᠢ ᠠᠯᠳᠠᠪᠠᠯ ᠪᠠᠷᠢᠵᠤ ᠪᠤᠯᠬᠤ ᠦᠭᠡᠢ᠃
ᠠᠭᠳᠠ ᠶ᠋ᠢᠨ ᠰᠠᠢᠨ ‍ᠢ ᠤᠨᠤᠨ ᠪᠠᠢᠵᠤ ᠮᠡᠳᠡᠨ᠎ᠡ
ᠠᠨᠳᠠ ᠶ᠋ᠢᠨ ᠰᠠᠢᠨ ‍ᠢ ᠬᠠᠨᠢᠯᠠᠨ ᠪᠠᠢᠵᠤ ᠮᠡᠳᠡᠨ᠎ᠡ᠃
ᠠᠮᠠᠨ ᠤ ᠪᠡᠯᠭᠡ ᠬᠠᠮᠢᠭᠠᠰᠢ ᠪᠠᠨ ᠪᠣᠯ
ᠠᠰᠢᠳᠠ ᠶᠢᠨ ᠪᠡᠯᠭᠡ ᠲᠡᠢᠰᠢ ᠪᠡᠨ᠃
ᠠᠮᠠᠨ ᠳᠠᠭᠠᠨ ᠪᠠᠯ ᠲᠠᠢ
ᠠᠶᠤᠤᠯᠢᠬᠠᠢ ᠳᠠᠭᠠᠨ ᠵᠢᠳᠠ ᠲᠠᠢ᠃
ᠠᠮᠠᠨ ᠳᠠᠭᠠᠨ ᠬᠢᠪᠡᠯ ᠬᠠᠢᠯᠤᠮᠠᠷ
ᠠᠯᠠᠭᠠᠨ ᠳᠠᠭᠠᠨ ᠲᠠᠯᠪᠢᠪᠠᠯ ᠪᠥᠮᠪᠥᠷᠢᠮᠡᠷ᠃
ᠠᠮᠢ ᠮᠢᠩᠭᠠᠨ ᠯᠠᠩ
ᠠᠯᠳᠠᠷ ᠲᠦᠮᠡᠨ ᠯᠠᠩ᠃
ᠠᠮᠢᠲᠠᠨ ᠭᠣᠣᠯᠲᠠᠨ ᠢᠶᠠᠨ ᠬᠠᠢᠷᠠᠯᠠ
ᠠᠷᠢᠭᠤᠨ ᠪᠠᠢᠭᠠᠯᠢ ᠪᠠᠨ ᠬᠠᠮᠠᠭᠠᠯᠠ᠃
ᠠᠮᠢᠳᠤ ᠶᠠᠪᠤᠪᠠᠯ
ᠠᠯᠲᠠᠨ ᠠᠶᠠᠭᠠᠨ ᠠᠴᠠ ᠤᠰᠤ ᠤᠤᠭᠤᠨ᠎ᠠ᠃
ᠠᠯᠲᠠ ᠬᠣᠪᠣᠷ ᠪᠣᠯᠪᠠᠴᠤ ᠣᠯᠵᠤ ᠪᠣᠯᠣᠨ᠎ᠠ
ᠡᠷᠳᠡᠮ ᠭᠦᠨ ᠪᠣᠯᠪᠠᠴᠤ ᠰᠤᠷᠴᠦ ᠪᠣᠯᠣᠨ᠎ᠠ᠃
ᠠᠯᠲᠠ ᠪᠠᠷ ᠰᠣᠯᠢᠬᠤ ᠦᠭᠡᠢ ᠴᠠᠭ
ᠠᠬᠢᠭᠠᠳ ᠣᠯᠳᠠᠬᠤ ᠦᠭᠡᠢ ᠨᠠᠰᠤ᠃
ᠠᠯᠵᠠᠭᠤ ᠬᠥᠮᠦᠨ ᠳᠦ ᠠᠮᠠᠷᠠᠯᠲᠠ ᠣᠯᠳᠠᠬᠤ ᠦᠭᠡᠢ
ᠠᠵᠢᠯᠴᠢ ᠬᠥᠮᠦᠨ ᠳᠦ ᠠᠵᠢᠯ ᠠᠷᠪᠢᠳᠠᠬᠤ ᠦᠭᠡᠢ᠃
ᠠᠯᠵᠠᠭᠤ ᠬᠥᠮᠦᠨ ᠳᠦ ᠴᠠᠭ ᠤᠷᠲᠤ
ᠠᠵᠢᠯᠴᠢ ᠬᠥᠮᠦᠨ ᠳᠦ ᠰᠠᠷ᠎ᠠ ᠣᠬᠣᠷ᠃
ᠠᠯᠤᠰ ᠤᠨ ᠵᠠᠮ ᠳᠤ ᠮᠣᠷᠢ ᠲᠦᠰᠢᠭ
ᠠᠮᠢᠳᠤᠷᠠᠯ ᠤᠨ ᠵᠠᠮ ᠳᠤ ᠬᠠᠨᠢ ᠲᠦᠰᠢᠭ᠃
ᠠᠰᠬ᠎ᠠ ᠬᠠᠳᠠᠨ ᠤ ᠴᠢᠯᠠᠭᠤ ᠬᠠᠲᠠᠭᠤ
ᠠᠪᠤ ᠡᠵᠢ ᠶᠢᠨ ᠰᠤᠷᠭᠠᠯ ᠬᠠᠲᠠᠭᠤ᠃
ᠠᠳᠤᠭᠤᠨ  ᠳᠠᠭᠠᠨ ᠭᠡᠪᠡᠯ ᠬᠥᠯᠥᠭ ᠦᠨ ᠲᠣᠭᠣᠰᠣᠨ ᠳᠤ ᠳᠠᠷᠤᠭᠳᠠᠬᠤ ᠦᠭᠡᠢ
ᠠᠲᠠᠭᠠᠨ  ᠳᠠᠭᠠᠨ ᠭᠡᠪᠡᠯ ᠬᠥᠮᠦᠨ ᠦ ᠲᠣᠭᠣᠰᠣᠨ ᠳᠤ ᠪᠤᠯᠠᠭᠳᠠᠬᠤ ᠦᠭᠡᠢ ᠃
ᠠᠳᠤᠭᠤᠨ ᠤ ᠪᠠᠨ ᠬᠢᠷᠢ ᠪᠡᠷ ᠢᠰᠬᠡᠷ
ᠬᠦᠨᠵᠢᠯᠡ ᠶ᠋ᠢᠨ ᠢᠶᠡᠨ ᠬᠢᠷᠢ ᠪᠠᠷ ᠬᠦᠯ ᠢᠶᠡᠨ ᠵᠢᠬᠢ᠃
ᠠᠴᠢ ᠶᠢᠨ ᠬᠠᠷᠢᠭᠤ ᠰᠦ
ᠠᠵᠢᠯ ᠤᠨ ᠬᠠᠷᠢᠭᠤ ᠪᠦᠲᠦᠭᠡᠯ᠃
ᠠᠵᠢᠯ ᠬᠢᠪᠡᠯ ᠳᠠᠭᠤᠰᠲᠠᠯ᠎ᠠ
ᠳᠠᠪᠤᠰᠤ ᠬᠢᠪᠡᠯ ᠠᠭᠤᠰᠲᠠᠯ᠎ᠠ᠃
ᠠᠵᠢᠯ ᠬᠢᠵᠦ ᠬᠦᠮᠦᠨ ᠪᠣᠯᠳᠠᠭ
ᠠᠷᠤ ᠳᠠᠪᠠᠵᠤ ᠬᠦᠯᠦᠭ ᠪᠣᠯᠳᠠᠭ᠃
ᠠᠵᠢᠯ ᠤᠨ ᠰᠠᠢᠨ ᠢᠶᠠᠷ ᠪᠠᠶᠠᠵᠢᠬᠤ
ᠪᠡᠯᠴᠢᠭᠡᠷ ᠦᠨ ᠰᠠᠢᠨ ᠢᠶᠠᠷ ᠲᠠᠷᠭᠤᠯᠠᠬᠤ᠃
ᠠᠵᠢᠯ ᠳᠤ ᠳᠠᠳᠤᠯᠭ᠎ᠠ
ᠠᠴᠢᠶᠠᠨ ᠳᠤ ᠲᠠᠲᠠᠯᠭ᠎ᠠ᠃
ᠠᠵᠢᠯ ᠡᠴᠠ ᠳᠤᠷᠰᠢᠯᠭ᠎ᠠ ᠤᠯ
ᠠᠯᠳᠠᠭ᠎ᠠ ᠡᠴᠠ ᠰᠤᠷᠭᠠᠮᠵᠢ ᠠᠪ᠃
ᠠᠵᠢᠯᠴᠢ ᠬᠥᠮᠦᠨ ᠳᠦ ᠠᠷᠪᠠᠨ ᠭᠠᠷ ᠲᠠᠢ
ᠠᠵᠢᠭᠴᠢ ᠬᠥᠮᠦᠨ ᠳᠦ ᠠᠷᠪᠠᠨ ᠨᠢᠳᠦ ᠲᠠᠢ᠃
ᠠᠶᠠᠭᠠᠨ ᠤ ᠠᠯᠠᠭ ᠠᠴᠠ
ᠠᠳᠤᠭᠤᠨ ᠤ ᠠᠯᠠᠭ ᠳᠡᠭᠡᠷ᠎ᠡ᠃
ᠠᠶᠤᠪᠠᠯ ᠪᠤᠤ ᠬᠢ
ᠬᠢᠪᠡᠯ ᠪᠤᠤ ᠠᠶᠤ᠃
ᠠᠶᠤᠭᠰᠠᠨ ᠬᠦᠮᠦᠨ ᠠᠳᠤᠭᠤ ᠦᠷᠭᠦᠭᠡᠵᠦ
ᠢᠴᠢᠭᠰᠡᠨ ᠬᠦᠮᠦᠨ ᠬᠦᠮᠦᠨ ᠠᠯᠠᠬᠤ᠃
ᠠᠶᠤᠬᠤ ᠪᠠᠨ ᠠᠷᠠᠰᠤᠨ ᠳᠤ ᠪᠣᠭᠣᠵᠤ
ᠢᠴᠢᠬᠦ ᠪᠡᠨ ᠢᠰᠡᠭᠡᠢ ᠳᠦ ᠪᠣᠭᠣᠵᠤ᠃
ᠠᠷᠪᠠᠨ ᠠᠭᠲᠠ ᠲᠠᠢ ᠶᠠᠪᠤᠬᠤ ᠪᠠᠷ
ᠠᠷᠪᠠᠨ ᠠᠨᠳᠠ ᠲᠠᠢ ᠶᠠᠪᠤ᠃