ᠤᠷᠢᠬᠠᠨ ᠬᠠᠪᠤᠷ ᠬᠦᠷᠦᠭᠡᠳ ᠢᠷᠡᠯ᠎ᠡ -ᠠᠰᠤᠷᠤ Урьхан хавар гөрөөд ирлээ-Асару
ᠤᠷᠢᠬᠠᠨ ᠬᠠᠪᠤᠷ ᠬᠦᠷᠦᠭᠡᠳ ᠢᠷᠡᠯ᠎ᠡ
ᠦᠭᠡ᠄ ᠳᠡᠯᠡᠬᠡᠢ
ᠠᠶ᠎ᠠ᠄ ᠬᠠᠰ
ᠬᠥᠭᠵᠢᠮ ᠨᠠᠢᠷᠠᠭᠤᠯᠤᠭᠰᠠᠨ ᠨᠢ᠄ ᠠᠯᠲᠠᠨᠭᠡᠷᠡᠯ
ᠳᠠᠭᠤᠴᠢᠨ᠄ ᠠᠰᠤᠷᠤ
ᠤᠷᠢᠬᠠᠨ ᠬᠠᠪᠤᠷ ᠬᠦᠷᠦᠭᠡᠳ ᠢᠷᠡᠯ᠎ᠡ
ᠠᠭᠤᠯᠠ ᠶ᠋ᠢᠨ ᠴᠠᠰᠤ ᠬᠡᠰᠦᠭᠡᠳ ᠢᠷᠡᠯ᠎ᠡ
ᠤᠷᠠᠨ ᠪᠣᠯᠵᠣᠮᠣᠷ ᠵᠢᠷᠭᠢᠨ ᠵᠢᠷᠭᠢᠭᠡᠳ
ᠠᠭᠤᠳᠠᠮ ᠳᠡᠯᠡᠬᠡᠢ ᠨᠣᠭᠣᠭᠠᠷᠠᠭᠠᠳ ᠢᠷᠡᠯ᠎ᠡ
ᠠ᠁ ᠠ᠂ ᠬᠠᠪᠤᠷ ᠢᠷᠡᠯ᠎ᠡ
ᠬᠡᠦᠬᠡᠨ ᠬᠠᠪᠤᠷ ᠬᠦᠷᠦᠭᠡᠳ ᠢᠷᠡᠯ᠎ᠡ
ᠬᠥᠷ ᠴᠠᠰᠤ ᠬᠡᠰᠦᠭᠡᠳ ᠢᠷᠡᠯ᠎ᠡ
ᠬᠦᠰᠡᠯ ᠰᠡᠳᠬᠢᠯ ᠪᠠᠶᠠᠷ ᠢ᠋ᠶ᠋ᠠᠷ ᠳᠦᠭᠦᠷᠡᠩ
ᠬᠥᠷᠥᠰᠥᠲᠦ ᠳᠡᠯᠡᠬᠡᠢ ᠨᠣᠭᠣᠭᠠᠷᠠᠭᠠᠳ ᠢᠷᠡᠯ᠎ᠡ
ᠠ᠁ ᠠ᠂ ᠬᠠᠪᠤᠷ ᠢᠷᠡᠯ᠎ᠡ
ᠬᠠᠪᠤᠷ ᠤ᠋ᠨ ᠰᠠᠢᠬᠠᠨ ᠤᠯᠠᠷᠢᠯ ᠢᠷᠡᠯ᠎ᠡ
ᠴᠠᠰᠤ ᠮᠥᠰᠥ ᠤᠷᠤᠰᠤᠭᠠᠳ ᠢᠷᠡᠯ᠎ᠡ
ᠬᠠᠮᠤᠭ ᠪᠣᠳᠠᠰ ᠠᠮᠢᠯᠠᠭᠠᠳ ᠢᠷᠡᠯ᠎ᠡ
ᠬᠠᠢᠷᠬᠠᠨ ᠠᠭᠤᠯᠠ ᠮᠢᠨᠢ ᠨᠣᠭᠣᠭᠠᠷᠠᠭᠠᠳ ᠢᠷᠡᠯ᠎ᠡ
ᠠ᠁ ᠠ᠂ ᠬᠠᠪᠤᠷ ᠢᠷᠡᠯ᠎ᠡ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
