ᠪᠢᠯᠢᠭ ᠪᠠᠷᠠᠮᠢᠳ-ᠮᠡᠷᠭᠡᠨ ᠬᠡᠢᠳ ᠤᠨ ᠮᠣᠩᠭᠣᠯ ᠤᠩᠰᠢᠯᠭ᠎ᠠБилиг барамид-Мэргэн гийдийн монгол уншлага
ᠪᠢᠯᠢᠭ ᠪᠠᠷᠠᠮᠢᠳ ᠤ᠋ᠨ ᠵᠢᠷᠦᠬᠡ ᠬᠡᠮᠡᠬᠦ ᠣᠷᠣᠰᠢᠪᠠ ᠤᠮ ᠠ ᠬᠣᠩ
ᠡᠨᠡᠳᠬᠡᠭ ᠦ᠋ᠨ ᠬᠡᠯᠡ ᠪᠡᠷ᠃ ᠪᠠᠭᠠᠸᠠᠳᠢ ᠪᠠᠷᠠᠨᠵᠠ ᠪᠠᠷᠠᠮᠢᠳᠠ ᠾᠷᠢ ᠳ᠋ᠠᠶᠠ᠃ ᠲᠥᠪᠡᠳ ᠦ᠋ᠨ ᠬᠡᠯᠡ ᠪᠡᠷ᠃ ᠵᠣᠮᠳᠠ ᠳ᠋ᠠᠢᠮᠠ ᠰᠢᠷᠠᠪᠵᠢ ᠫᠡᠷᠤᠯᠳᠤᠢ ᠴᠢᠨᠪᠢ ᠨᠢᠩᠪᠦ᠃ ᠮᠣᠩᠭᠣᠯ ᠤ᠋ᠨ ᠬᠡᠯᠡ ᠪᠡᠷ᠃ ᠢᠯᠠᠵᠤ ᠲᠡᠭᠦᠰ ᠨᠥᠭᠴᠢᠭᠰᠡᠨ ᠡᠬᠡ ᠪᠢᠯᠢᠭ ᠪᠠᠷᠠᠮᠢᠳ ᠤ᠋ᠨ ᠵᠢᠷᠦᠬᠡᠨ᠃
ᠪᠢᠯᠢᠭ ᠪᠠᠷᠠᠮᠢᠳ
ᠬᠡᠯᠡᠯ ᠰᠠᠨᠠᠯ ᠦᠭᠡᠰ ᠦᠭᠡᠢ ᠡᠬᠡ ᠪᠢᠯᠢᠭ ᠪᠠᠷᠠᠮᠢᠳ᠃ ᠡᠰᠡ ᠲᠥᠷᠥᠨ ᠦᠯᠦ ᠰᠦᠢᠳᠬᠦ ᠣᠭᠲᠠᠷᠭᠤᠢ ᠶ᠋ᠢᠨ ᠦ᠌ ᠮᠥᠨ ᠴᠢᠨᠠᠷ᠃ ᠲᠤᠰ ᠲᠤᠰ ᠥᠪᠡᠷ ᠤᠬᠠᠭᠠᠨ ᠤ᠋ ᠪᠡᠯᠭᠡ ᠪᠢᠯᠢᠭ ᠸᠢᠱᠡᠢᠳᠦ᠃ ᠭᠤᠷᠪᠠᠨ ᠴᠠᠭ ᠤ᠋ᠨ ᠢᠯᠭᠤᠭᠰᠠᠳ ᠤ᠋ᠨ ᠡᠬᠡ ᠲᠠᠨ ᠳ᠋ᠤᠷ ᠮᠥᠷᠭᠥᠮᠦ᠅ ᠡᠢᠨ ᠭᠡᠮᠡᠨ ᠮᠢᠨᠦ ᠰᠣᠨᠣᠰᠤᠭᠰᠠᠨ ᠨᠢᠭᠡᠨ ᠴᠠᠭ ᠲᠤᠷ ᠢᠯᠠᠵᠤ ᠲᠡᠭᠦᠰ ᠨᠥᠭᠴᠢᠭᠰᠡᠨ ᠪᠤᠷᠬᠠᠨ᠃ ᠬᠠᠭᠠᠨ ᠤ ᠣᠷᠳᠣᠨ ᠬᠠᠴᠠᠷ ᠰᠢᠪᠠᠭᠤᠨ ᠤ᠋ ᠴᠣᠭᠴᠠ ᠶ᠋ᠢᠨ ᠠᠭᠤᠯᠠᠨ ᠳ᠋ᠤᠷᠡ᠃ ᠠᠶᠠᠭ ᠬᠠ ᠲᠠᠬᠢᠮᠯᠢᠭ᠌ ᠤ᠋ᠨ ᠶᠡᠬᠡ ᠬᠤᠸᠠᠷᠠᠭ ᠪᠠ᠃ ᠪᠣᠳᠢᠰᠠᠳ᠋ᠸ᠎ᠠ ᠶ᠋ᠢᠨ ᠶᠡᠬᠡ ᠬᠤᠸᠠᠷᠠᠭ ᠤ᠋ᠳ ᠯᠤᠭ᠎ᠠ ᠬᠠᠮᠲᠤ ᠰᠠᠭᠤᠨ ᠪᠥᠯᠥᠭᠡ᠃ ᠲᠡᠷᠡ ᠴᠠᠭ ᠲᠤᠷ ᠢᠯᠠᠵᠤ ᠲᠡᠭᠦᠰ ᠨᠥᠭᠴᠢᠭᠰᠡᠨ ᠪᠤᠷᠬᠠᠨ ᠭᠦᠨ ᠭᠡᠭᠡᠨ ᠬᠡᠮᠡᠭᠳᠡᠬᠦ ᠨᠣᠮ ᠤ᠋ᠨ ᠵᠦᠢᠯ ᠦ᠋ᠨ ᠰᠠᠮᠠᠳᠢ ᠳ᠋ᠤᠷ ᠲᠡᠭᠰᠢ ᠠᠭᠤᠯᠪᠠᠢ᠃ᠪᠠᠰᠠ ᠲᠡᠷᠡ ᠴᠠᠭ ᠲᠤᠷ ᠪᠣᠳᠢᠰᠠᠳ᠋ᠸ᠎ᠠ ᠮᠠᠬᠠᠰᠠᠳᠤᠠ ᠠᠷᠢᠶᠠᠪᠠᠯᠤ᠃ ᠭᠦᠨ ᠪᠢᠯᠢᠭ ᠪᠠᠷᠠᠮᠢᠳ ᠤ᠋ᠨ ᠶᠠᠪᠤᠳᠠᠯ ᠢ᠋ ᠰᠠᠢᠲᠤᠷ ᠥᠴᠢᠭᠡᠳ᠃ ᠲᠡᠳᠡᠭᠡᠷ ᠲᠠᠪᠤᠨ ᠴᠣᠭᠴᠠ ᠶ᠋ᠢ ᠴᠦ᠍ ᠴᠢᠨᠠᠷ ᠢ᠋ᠶ᠋ᠠᠷ ᠬᠣᠭᠤᠰᠤᠨ᠎ᠠ ᠦᠵᠡᠪᠡᠢ᠃ ᠲᠡᠨᠳᠡ ᠡᠴᠡ ᠪᠤᠷᠬᠠᠨ ᠪᠠᠭᠰᠢ ᠶ᠋ᠢᠨ ᠬᠦᠴᠦᠨ ᠢ᠋ᠶ᠋ᠡᠷ ᠠᠮᠢᠨ ᠭᠠᠪᠢᠶᠠᠲᠤ ᠱᠠᠷᠢ ᠶ᠋ᠢᠨ ᠬᠥᠪᠡᠭᠦᠨ᠃ ᠪᠣᠳᠢᠰᠠᠳ᠋ᠸ᠎ᠠ ᠮᠠᠬᠠᠰᠠᠳᠣᠠ ᠠᠷᠢᠶᠠᠪᠠᠯᠤ ᠡᠷᠬᠡᠲᠦ ᠳᠡ ᠡᠢᠨ ᠭᠡᠮᠡᠨ ᠥᠭᠦᠯᠡᠪᠡᠢ᠃ ᠢᠵᠠᠭᠤᠷᠲᠠᠨ ᠤ᠋ ᠬᠥᠪᠡᠭᠦᠨ ᠪᠠ ᠢᠵᠠᠭᠤᠷᠲᠠᠨ ᠤ᠋ ᠣᠭᠢᠨ ᠬᠡᠳᠪᠡᠷ ᠪᠥᠭᠡᠰᠦ᠃ ᠭᠦᠨ ᠪᠢᠯᠢᠭ ᠪᠠᠷᠠᠮᠢᠳ ᠤ᠋ᠨ ᠶᠠᠪᠤᠳᠠᠯ ᠢ᠋ᠶ᠋ᠠᠷ ᠶᠠᠪᠤᠬᠤᠢ ᠶ᠋ᠢ ᠲᠠᠭᠠᠯᠠᠭᠴᠢᠳ ᠶᠠᠮᠪᠠᠷ ᠮᠡᠲᠦ ᠰᠤᠷᠤᠯᠴᠠᠮᠤᠢ ᠭᠡᠮᠡᠨ ᠥᠭᠦᠯᠡᠭᠰᠡᠨ ᠳ᠋ᠦ᠍ᠷ᠃ ᠪᠣᠳᠢᠰᠠᠳ᠋ᠸ᠎ᠠ ᠮᠠᠬᠠᠰᠠᠳᠤᠠ ᠠᠷᠢᠶᠠᠪᠠᠯᠤ᠃ ᠠᠮᠢᠨ ᠭᠠᠪᠢᠶᠠᠲᠤ ᠱᠠᠷᠢᠪᠤᠳᠠᠷᠢ ᠳᠠ ᠡᠢᠨ ᠭᠡᠮᠡᠨ ᠥᠭᠦᠯᠡᠪᠡᠢ᠃ ᠱᠠᠷᠢᠪᠤᠳᠠᠷᠢ ᠠ᠋᠃ ᠢᠵᠠᠭᠤᠷᠲᠠᠨ ᠤ᠋ ᠬᠥᠪᠡᠭᠦᠨ ᠪᠠ ᠢᠵᠠᠭᠤᠷᠲᠠᠨ ᠤ᠋ ᠣᠬᠢᠨ ᠬᠡᠳᠪᠡᠷ ᠪᠥᠭᠡᠰᠦ ᠭᠦᠨ ᠪᠢᠯᠢᠭ ᠪᠠᠷᠠᠮᠢᠳ ᠤ᠋ᠨ ᠶᠠᠪᠤᠳᠠᠯ ᠢ᠋ᠶ᠋ᠠᠷ ᠶᠠᠪᠤᠬᠤᠢ ᠶ᠋ᠢ ᠳᠠᠭᠠᠯᠠᠭᠴᠢᠳ ᠡᠨᠡ ᠮᠡᠲᠦ ᠦᠵᠡᠭᠳᠡᠬᠦ᠃ ᠲᠡᠳᠡᠭᠡᠷ ᠦ᠋ᠨ ᠲᠠᠪᠤᠨ ᠴᠣᠭᠴᠠ ᠶ᠋ᠢ ᠴᠦ᠍ ᠴᠢᠨᠠᠷ ᠢ᠋ᠶ᠋ᠠᠷ ᠬᠣᠭᠣᠰᠣᠨ ᠳ᠋ᠤᠷ ᠦᠨᠡᠭᠡᠷᠡ ᠳᠠᠭᠠᠨ ᠦᠵᠡᠮᠦ᠃
ᠳᠦᠷᠰᠦ ᠪᠥᠭᠡᠳ ᠬᠣᠭᠣᠰᠣᠨ᠃ ᠬᠣᠭᠣᠰᠣᠨ ᠴᠤ᠌ ᠳᠦᠷᠰᠦ ᠮᠥᠨ᠃ ᠳᠦᠷᠰᠦᠨ ᠯᠦ᠍ᠭᠡ ᠬᠣᠭᠣᠰᠣᠨ ᠬᠦ᠌ ᠢᠯᠭᠠᠯ ᠦᠭᠡᠢ᠃ ᠬᠣᠭᠤᠰᠤᠨ᠎ᠠ ᠳᠦᠷᠰᠦ ᠪᠠᠰᠠ ᠢᠯᠭᠠᠯ ᠦᠭᠡᠢ᠃ ᠲᠡᠭᠦᠨᠴᠢᠯᠡᠨ ᠰᠡᠷᠡᠬᠦ ᠪᠠ᠃ ᠰᠡᠳᠬᠢᠬᠦ ᠪᠠ᠃ ᠦᠢᠯᠡᠳᠬᠦ ᠪᠠ᠃ ᠮᠡᠳᠡᠭᠦᠨ ᠴᠦ᠍ ᠬᠣᠭᠣᠰᠣᠨ᠃ ᠱᠠᠷᠢᠪᠦᠳᠠᠷᠢ ᠠ᠋᠃ ᠲᠡᠷᠡ ᠮᠡᠲᠦ ᠬᠠᠮᠤᠭ ᠨᠣᠮ ᠤ᠋ᠳ ᠬᠣᠭᠣᠰᠣᠨ ᠳ᠋ᠤᠷ᠃ ᠪᠡᠯᠬᠡᠰ ᠦᠭᠡᠢ᠃ ᠲᠥᠷᠥᠬᠦ ᠦᠭᠡᠢ᠃ ᠲᠦᠷᠢᠳᠬᠦ ᠦᠭᠡᠢ᠃ ᠭᠬᠢᠷ ᠦ᠋ᠳ ᠦᠭᠡᠢ᠃ ᠭᠬᠢᠷ ᠦ᠋ᠳ ᠡᠴᠡ ᠬᠠᠭᠠᠴᠠᠭᠰᠠᠨ ᠦᠭᠡᠢ᠃ ᠪᠠᠷᠠᠬᠤ ᠦᠭᠡᠢ᠃ ᠨᠡᠮᠡᠬᠦ ᠦᠭᠡᠢ ᠪᠣᠯᠠᠢ᠃ ᠱᠠᠷᠢᠪᠤᠳᠠᠷᠢ ᠠ᠋᠃ ᠲᠡᠢᠮᠦ ᠶ᠋ᠢᠨ ᠲᠤᠯᠠ ᠬᠣᠭᠣᠰᠣᠨ ᠳ᠋ᠤᠷ᠃ ᠳᠦᠷᠰᠦ ᠦᠭᠡᠢ᠃ ᠰᠡᠷᠡᠬᠦ ᠦᠭᠡᠢ᠃ ᠰᠡᠳᠬᠢᠬᠦ ᠦᠭᠡᠢ᠃ ᠦᠢᠯᠡᠳᠬᠦ ᠦᠭᠡᠢ᠃ ᠮᠡᠳᠡᠬᠦ ᠦᠭᠡᠢ᠃ ᠨᠢᠳᠦᠨ ᠦᠭᠡᠢ᠃ ᠴᠢᠬᠢᠨ ᠦᠭᠡᠢ᠃ ᠬᠠᠪᠠᠷ ᠦᠭᠡᠢ᠃ ᠬᠡᠯᠡᠨ ᠦᠭᠡᠢ᠃ ᠪᠡᠶ᠎ᠡ ᠦᠭᠡᠢ᠃ ᠳᠤᠷᠠᠨ ᠦᠭᠡᠢ᠃ ᠳᠦᠷᠰᠦᠨ ᠦᠭᠡᠢ᠃ ᠳᠠᠭᠤᠨ ᠦᠭᠡᠢ᠃ ᠦᠨᠦᠷ ᠦᠭᠡᠢ᠃ ᠠᠮᠲᠠᠨ ᠦᠭᠡᠢ᠃ ᠬᠦᠷᠳᠡᠯ ᠦᠭᠡᠢ᠃ ᠨᠣᠮ ᠦᠭᠡᠢ ᠪᠣᠯᠠᠢ᠃
ᠨᠢᠳᠦᠨ ᠣᠷᠣᠨ ᠦᠭᠡᠢ ᠡᠴᠡ ᠳᠤᠷᠠᠨ ᠣᠷᠣᠨ ᠦᠭᠡᠢ᠃ ᠳᠤᠷᠠᠨ ᠮᠡᠳᠡᠭᠦᠨ ᠦ᠌ ᠣᠷᠣᠨ ᠬᠦᠷᠲᠡᠯ᠎ᠡ ᠴᠦ᠍ ᠦᠭᠡᠢ ᠪᠣᠯᠠᠢ᠃ ᠮᠤᠩᠬᠠᠭ ᠦᠭᠡᠢ᠃ ᠮᠤᠩᠬᠠᠭ ᠪᠠᠷᠠᠬᠤ ᠦᠭᠡᠢ ᠡᠴᠡ᠃ ᠵᠢᠱ᠌ᠢᠯ ᠦᠬᠦᠯ ᠦᠭᠡᠢ᠃ ᠵᠢᠱ᠌ᠢᠯ ᠦᠬᠦᠯ ᠪᠠᠷᠠᠬᠤ ᠶ᠋ᠢ ᠬᠦᠷᠲᠡᠯ᠎ᠡ ᠴᠦ᠍ ᠦᠭᠡᠢ ᠪᠣᠯᠠᠢ᠃ ᠲᠡᠭᠦᠨᠴᠢᠯᠡᠨ ᠵᠣᠪᠠᠯᠠᠩ ᠪᠠ᠃ ᠨᠢᠰᠸᠠᠨᠢᠰ ᠪᠠ᠃ ᠲᠦᠷᠢᠳᠬᠡᠯ ᠪᠠ᠃ ᠮᠥᠷ ᠦ᠋ᠳ ᠦᠭᠡᠢ᠃ ᠪᠡᠯᠭᠡ ᠪᠢᠯᠢᠭ ᠦᠭᠡᠢ᠃ ᠣᠯᠬᠤ ᠦᠭᠡᠢ᠃ ᠦᠯᠦ ᠣᠯᠬᠤ ᠪᠠᠰᠠ ᠦᠭᠡᠢ ᠪᠣᠯᠠᠢ᠃ ᠱᠠᠷᠢᠪᠤᠳᠠᠷᠢ ᠠ᠋᠃ ᠲᠡᠢᠮᠦ ᠶ᠋ᠢᠨ ᠲᠤᠯᠠ ᠪᠣᠳᠢᠰᠠᠳ᠋ᠸ᠎ᠠ ᠨᠠᠷ ᠤ᠋ᠳ ᠣᠯᠬᠤ ᠦᠭᠡᠢ ᠶ᠋ᠢᠨ ᠲᠤᠯᠠ ᠪᠢᠯᠢᠭ ᠪᠠᠷᠠᠮᠢᠳ ᠲᠤᠷ ᠰᠢᠳᠦᠨ ᠠᠵᠤ᠃ ᠰᠡᠳᠬᠢᠯ ᠳ᠋ᠡᠭᠡᠨ ᠲᠦᠢᠳᠬᠡᠷ ᠦᠭᠡᠢ ᠶ᠋ᠢᠨ ᠲᠤᠯᠠ ᠠᠶᠤᠬᠤ ᠦᠭᠡᠢ ᠪᠤᠶᠤ᠃ ᠴᠢᠩᠭ᠎ᠠ ᠪᠤᠷᠤᠭᠤ ᠠ᠋ᠴᠠ ᠮᠠᠰᠢ ᠨᠥᠭᠴᠢᠨ ᠨᠢᠷᠸᠠᠨ ᠳ᠋ᠤᠷ ᠭᠦᠷᠦᠨ ᠪᠣᠢ᠃ ᠭᠤᠷᠪᠠᠨ ᠴᠠᠭ ᠲᠤᠷ ᠣᠷᠣᠰᠢᠭᠴᠢ ᠬᠠᠮᠤᠭ ᠪᠤᠷᠬᠠᠳ ᠪᠢᠯᠢᠭ ᠪᠠᠷᠠᠮᠢᠳ ᠢ᠋ ᠰᠢᠲᠦᠬᠦᠢ ᠪᠡᠷ ᠳᠡᠩᠰᠡᠯ ᠦᠭᠡᠢ ᠦᠨᠡᠬᠡᠷ ᠲᠤᠭᠤᠯᠤᠭᠰᠠᠨ ᠪᠣᠳᠢ ᠬᠤᠲᠤᠭ ᠢᠯᠡᠳᠬᠡᠵᠦ ᠪᠤᠷᠬᠠᠨ ᠪᠣᠯᠪᠠᠢ᠅ ᠲᠡᠢᠮᠦ ᠶ᠋ᠢᠨ ᠲᠤᠯᠠ ᠪᠢᠯᠢᠭ ᠪᠠᠷᠠᠮᠢᠳ ᠤ᠋ᠨ ᠲᠠᠷᠨᠢ᠃ ᠶᠡᠬᠡ ᠤᠬᠠᠭᠠᠨ ᠤ᠋ ᠲᠠᠷᠨᠢ᠃ ᠲᠡᠩᠰᠡᠯ ᠦᠭᠡᠢ ᠲᠠᠷᠨᠢ᠃ ᠰᠡᠴᠡ ᠪᠤᠰᠤ ᠯᠤᠭ᠎ᠠ ᠰᠡᠴᠡ ᠲᠠᠷᠨᠢ᠃ ᠬᠠᠮᠤᠭ ᠵᠣᠪᠠᠯᠠᠩ ᠢ᠋ ᠮᠠᠰᠢ ᠠᠮᠤᠷᠯᠢᠭᠤᠯᠤᠭᠴᠢ ᠲᠠᠷᠨᠢ᠃ ᠬᠤᠳᠠᠯ ᠪᠤᠰᠤ ᠶ᠋ᠢᠨ ᠲᠤᠯᠠ ᠦᠨᠡᠨ ᠭᠡᠮᠡᠨ ᠮᠡᠳᠡᠭᠳᠡᠬᠦᠢ᠃ ᠪᠢᠯᠢᠭ ᠪᠠᠷᠠᠮᠢᠳ ᠤ᠋ᠨ ᠲᠠᠷᠨᠢ ᠥᠭᠦᠯᠡᠷᠦᠨ᠃ ᠳ᠋ᠠᠳᠶᠠᠲ᠋ᠠ ᠣᠮ ᠭᠠᠳᠢ ᠭᠠᠳᠢ ᠪᠠᠷ᠎ᠠ ᠭᠠᠳᠢ ᠪᠠᠷᠠᠰᠠᠮ ᠭᠠᠳᠢ ᠪᠣᠳᠢ ᠰᠤᠤᠬ᠎ᠠ᠃ ᠪᠣᠳᠢᠰᠠᠳ᠋ᠸ᠎ᠠ ᠮᠠᠬᠠᠰᠠᠳᠤᠠ ᠨᠠᠷ ᠲᠡᠷᠡ ᠮᠡᠲᠦ ᠭᠦᠨ ᠪᠢᠯᠢᠭ ᠪᠠᠷᠠᠮᠢᠳ ᠢ᠋ ᠰᠤᠷᠤᠯᠴᠠᠮᠤᠢ᠃ ᠲᠡᠨᠳᠡ ᠡᠴᠡ ᠢᠯᠠᠵᠤ ᠲᠡᠭᠦᠰ ᠨᠥᠭᠴᠢᠭᠰᠡᠨ ᠪᠤᠷᠬᠠᠨ ᠲᠡᠷᠡ ᠰᠠᠮᠠᠳᠢ ᠪᠠᠨ ᠲᠠᠢᠯᠤᠭᠠᠳ᠃ ᠪᠣᠳᠢᠰᠠᠳ᠋ᠸ᠎ᠠ ᠮᠠᠬᠠᠰᠠᠳᠤᠠ ᠠᠷᠢᠶᠠᠪᠠᠯᠤ ᠡᠷᠬᠡᠲᠦ ᠶ᠋ᠢ ᠰᠠᠢᠨ ᠭᠡᠮᠡᠨ ᠵᠥᠪᠰᠢᠶᠡᠵᠦ᠃ ᠰᠠᠢᠨ ᠰᠠᠢᠨ ᠢᠵᠠᠭᠤᠷᠲᠠᠨ ᠤ᠋ ᠬᠥᠪᠡᠭᠦᠨ ᠲᠡᠷᠡ ᠲᠡᠭᠦᠨᠴᠢᠯᠡᠨ ᠪᠣᠯᠠᠢ᠃ ᠢᠵᠠᠭᠤᠷᠲᠠᠨ ᠤ᠋ ᠬᠥᠪᠡᠭᠦᠨ ᠲᠡᠷᠡ ᠲᠡᠭᠦᠨᠴᠢᠯᠡᠨ ᠪᠥᠭᠡᠳ᠃ ᠶᠠᠮᠪᠠᠷ ᠴᠢᠨᠦ ᠥᠭᠦᠯᠡᠭᠰᠡᠨ ᠠᠳᠠᠯᠢ ᠪᠠᠷ ᠭᠦᠨ ᠪᠢᠯᠢᠭ ᠪᠠᠷᠠᠮᠢᠳ ᠲᠤᠷ ᠶᠠᠪᠤᠭᠳᠠᠬᠤᠢ᠃ ᠲᠡᠭᠦᠨᠴᠢᠯᠡᠨ ᠢᠷᠡᠭᠰᠡᠳ ᠴᠦ᠍ ᠳᠠᠭᠠᠨ ᠪᠡᠶᠡᠰᠦᠮᠦᠢ᠃ ᠢᠯᠠᠵᠤ ᠲᠡᠭᠦᠰ ᠨᠥᠭᠴᠢᠭᠰᠡᠨ ᠲᠡᠢᠨ ᠵᠠᠷᠯᠢᠭ ᠪᠣᠯᠤᠭᠰᠠᠨ ᠳ᠋ᠤᠷ᠃ ᠠᠮᠢᠨ ᠭᠠᠪᠢᠶᠠᠲᠤ ᠱᠠᠷᠢᠪᠦᠳᠠᠷᠢ ᠪᠠ᠃ ᠪᠣᠳᠢᠰᠠᠳ᠋ᠸ᠎ᠠ ᠮᠠᠬᠠᠰᠠᠳᠤᠠ ᠠᠷᠢᠶᠠᠪᠠᠯᠤ ᠃ ᠬᠠᠮᠤᠭ ᠯᠤᠭ᠎ᠠ ᠲᠡᠭᠦᠰ ᠲᠡᠳᠡ ᠨᠥᠬᠥᠳ ᠯᠤᠭᠡ᠃ ᠲᠡᠭᠷᠢ ᠬᠥᠮᠦᠨ ᠠᠰᠤᠷᠢ ᠨᠠᠷ ᠭᠠᠨᠳᠠᠷᠢ ᠨᠠᠷ ᠰᠡᠯᠲᠡ ᠶᠢᠷᠳᠢᠨᠴᠦᠳᠡᠨ ᠳᠠᠭᠠᠨ ᠪᠠᠶᠠᠰᠤᠭᠠᠳ᠃ ᠢᠯᠠᠵᠤ ᠲᠡᠭᠦᠰ ᠨᠥᠭᠴᠢᠭᠰᠡᠨ ᠦ᠌ ᠵᠠᠷᠯᠢᠭ ᠢ᠋ ᠢᠯᠡ ᠮᠠᠭᠲᠠᠪᠠᠢ ᠅ ᠢᠯᠠᠵᠤ ᠲᠡᠭᠦᠰ ᠨᠥᠭᠴᠢᠭᠰᠡᠨ ᠡᠬᠡ ᠪᠢᠯᠢᠭ ᠪᠠᠷᠠᠮᠢᠳ ᠤ᠋ᠨ ᠵᠢᠷᠦᠬᠡᠨ ᠲᠡᠭᠦᠰᠪᠡ᠃
ᠨᠠᠮᠤ᠃ ᠯᠠᠮᠠ ᠳ᠋ᠤᠷ ᠮᠥᠷᠭᠥᠮᠦ᠃ ᠪᠤᠷᠬᠠᠨ ᠳ᠋ᠤᠷ ᠮᠥᠷᠭᠥᠮᠦ᠃ ᠨᠣᠮ ᠳ᠋ᠤᠷ ᠮᠥᠷᠭᠥᠮᠦ᠃ ᠬᠤᠸᠠᠷᠠᠭ ᠲᠤᠷ ᠮᠥᠷᠭᠥᠮᠦ᠃ ᠢᠯᠠᠵᠤ ᠲᠡᠭᠦᠰ ᠨᠥᠭᠴᠢᠭᠰᠡᠨ ᠡᠬᠡ ᠪᠢᠯᠢᠭ ᠪᠠᠷᠠᠮᠢᠳ ᠲᠤᠷ ᠮᠥᠷᠭᠥᠮᠦ᠃ ᠲᠡᠳᠡᠭᠡᠷ ᠲᠣᠷ ᠮᠥᠷᠭᠥᠨ ᠰᠢᠲᠦᠭᠰᠡᠨ ᠢ᠋ᠶ᠋ᠡᠷ ᠮᠢᠨᠦ ᠡᠨᠡ ᠦᠨᠡᠨ ᠦᠭᠡᠰ ᠪᠦᠲᠦᠲᠦᠭᠡᠢ᠃ ᠶᠠᠮᠪᠠᠷ ᠡᠷᠲᠡ ᠲᠡᠭᠷᠢᠰ ᠦ᠋ᠨ ᠬᠠᠭᠠᠨ ᠬᠤᠷᠮᠤᠰᠲᠠ᠃ ᠭᠦᠨ ᠪᠢᠯᠢᠭ ᠪᠠᠷᠠᠮᠢᠳ ᠤ᠋ᠨ ᠤᠳᠬ᠎ᠠ ᠰᠡᠳᠬᠢᠨ ᠦᠭᠡᠰ ᠤᠩᠰᠢᠭᠰᠠᠨ ᠳ᠋ᠤᠷ ᠰᠢᠲᠦᠵᠦ᠃ ᠴᠢᠪᠠᠯ ᠰᠢᠮᠨᠤᠰ ᠲᠡᠷᠢᠭᠦᠲᠡᠨ ᠵᠣᠬᠢᠰ ᠦᠭᠡᠢ ᠬᠠᠮᠤᠭ ᠵᠦᠭ ᠦ᠋ᠳ ᠬᠠᠷᠢᠭᠰᠠᠨ ᠤ᠋ ᠶᠣᠰᠣᠭᠠᠷ᠃ ᠪᠢ ᠪᠡᠷ ᠭᠦᠨ ᠪᠢᠯᠢᠭ ᠪᠠᠷᠠᠮᠢᠳ ᠤ᠋ᠨ ᠤᠳᠬ᠎ᠠ ᠰᠡᠳᠬᠢᠨ ᠦᠭᠡᠰ ᠤᠩᠰᠢᠭᠰᠠᠨ ᠳ᠋ᠤᠷ ᠰᠢᠲᠦᠵᠦ᠃ ᠴᠢᠪᠠᠯ ᠰᠢᠮᠨᠤᠰ ᠲᠡᠷᠢᠭᠦᠲᠡᠨ ᠵᠣᠬᠢᠰ ᠦᠭᠡᠢ ᠬᠠᠮᠤᠭ ᠵᠦᠭ ᠦ᠋ᠳ᠃ ᠬᠠᠷᠢᠲᠤᠭᠠᠢ᠃ ᠠᠷᠢᠯᠲᠤᠭᠠᠢ᠃ ᠰᠥᠨᠥᠲᠦᠭᠡᠢ᠃ ᠰᠠᠢᠲᠤᠷ ᠰᠥᠨᠥᠲᠦᠭᠡᠢ᠃ ᠰᠥᠨᠥᠭᠰᠡᠭᠡᠷ ᠱᠠᠨᠳᠢᠩ ᠬᠦᠷᠦ ᠰᠤᠤᠬ᠎ᠠ ᠅ ᠰᠥᠨᠥᠲᠦᠭᠡᠢ ᠰᠢᠮᠨᠤ ᠶ᠋ᠢᠨ ᠠᠢᠮᠠᠭᠳᠠᠨ ᠃ ᠬᠦᠩᠬᠡᠲᠦᠭᠡᠢ ᠮᠠᠭᠤ ᠵᠠᠶᠠᠭᠠᠳ᠃ ᠳᠡᠯᠭᠡᠷᠡᠲᠦᠭᠡᠢ ᠳᠡᠭᠡᠳᠦᠰ ᠦ᠋ᠨ ᠨᠣᠮ᠃ ᠵᠢᠷᠭᠠᠲᠤᠭᠠᠢ ᠬᠠᠮᠤᠭ ᠠᠮᠢᠲᠠᠨ᠃ ᠪᠣᠳᠢᠰᠠᠳ᠋ᠸ᠎ᠠ ᠠᠯᠢ ᠠᠭᠰᠠᠨ ᠪᠦᠭᠦᠳᠡ ᠶ᠋ᠢᠨ ᠢᠷᠦᠭᠡᠯ ᠦ᠋ᠳ ᠪᠦᠲᠦᠬᠦᠶ᠎ᠡ ᠪᠣᠯᠲᠤᠭᠠᠢ ᠅
ᠲᠣᠳᠬᠠᠷ ᠵᠦᠢᠯ ᠦ᠋ᠨ ᠨᠠᠶᠠᠨ ᠮᠢᠩᠭᠠᠨ ᠲᠣᠭᠠᠲᠠᠨ ᠢ᠋ᠶ᠋ᠠᠷ ᠠᠮᠤᠷᠯᠢᠨ᠃ ᠵᠣᠬᠢᠰ ᠦᠭᠡᠢ ᠬᠣᠣᠷᠯᠠᠭᠳᠠᠬᠤᠢ ᠤᠴᠢᠷ ᠠ᠋ᠴᠠ ᠬᠠᠭᠠᠴᠠᠨ᠃ ᠵᠣᠬᠢᠰᠲᠠᠶᠠ ᠪᠦᠲᠦᠬᠦᠢ ᠪᠠ ᠪᠦᠷᠢᠨ ᠲᠡᠭᠦᠰ ᠪᠣᠯᠤᠭᠴᠢ ᠃ ᠲᠡᠢᠮᠦ ᠥᠯᠵᠡᠢ ᠡᠨᠳᠡ ᠮᠠᠨ ᠳ᠋ᠤᠷ ᠠᠮᠤᠭᠤᠯᠠᠩ ᠪᠣᠯᠲᠤᠭᠠᠢ ᠅ ᠡᠨᠳᠡᠰ ᠵᠦᠢᠯ ᠦ᠋ᠨ ᠭᠤᠷᠪᠠᠨ ᠵᠠᠭᠤᠨ ᠵᠢᠷᠠᠨ ᠨᠤᠭᠤᠳ ᠠᠮᠤᠷᠯᠢᠨ᠃ ᠵᠣᠬᠢᠰ ᠦᠭᠡᠢ ᠬᠣᠣᠷᠯᠠᠭᠳᠠᠬᠤᠢ ᠤᠴᠢᠷ ᠠ᠋ᠴᠠ ᠬᠠᠭᠠᠴᠠᠨ᠃ ᠵᠣᠬᠢᠰᠲᠠᠶᠠ ᠪᠦᠲᠦᠬᠦᠢ ᠪᠠ ᠪᠦᠷᠢᠨ ᠲᠡᠭᠦᠰ ᠪᠣᠯᠤᠭᠴᠢ᠃ ᠲᠡᠢᠮᠦ ᠥᠯᠵᠡᠢ ᠡᠨᠳᠡ ᠮᠠᠨ ᠳ᠋ᠤᠷ ᠠᠮᠤᠭᠤᠯᠠᠩ ᠪᠣᠯᠲᠤᠭᠠᠢ ᠅ ᠡᠮᠭᠡᠭ ᠵᠦᠢᠯ ᠦ᠋ᠨ ᠳᠥᠷᠪᠡᠨ ᠵᠠᠭᠤᠨ ᠳᠥᠷᠪᠡᠨ ᠨᠦ᠍ᠭᠦᠳ ᠠᠮᠤᠷᠯᠢᠨ᠃ ᠵᠣᠬᠢᠰ ᠦᠭᠡᠢ ᠬᠣᠣᠷᠯᠠᠭᠳᠠᠬᠤᠢ ᠤᠴᠢᠷ ᠠ᠋ᠴᠠ ᠬᠠᠭᠠᠴᠠᠨ᠃ ᠵᠣᠬᠢᠰᠲᠠᠶᠠ ᠪᠦᠲᠦᠬᠦᠢ ᠪᠠ ᠪᠦᠷᠢᠨ ᠲᠡᠭᠦᠰ ᠪᠣᠯᠤᠭᠴᠢ᠃ ᠲᠡᠢᠮᠦ ᠥᠯᠵᠡᠢ ᠡᠨᠳᠡ ᠮᠠᠨ ᠳ᠋ᠤᠷ ᠠᠮᠤᠭᠤᠯᠠᠩ ᠪᠣᠯᠲᠤᠭᠠᠢ ᠅ ᠪᠤᠷᠬᠠᠨ ᠪᠠᠭᠰᠢ ᠭᠤᠷᠪᠠᠨ ᠪᠡᠶ᠎ᠡ ᠣᠯᠤᠭᠰᠠᠨ ᠤ᠋ ᠠᠳᠢᠰᠲᠠᠳ᠃ ᠨᠣᠮ ᠤ᠋ᠨ ᠴᠢᠨᠠᠷ ᠤᠷᠪᠠᠯ ᠦᠭᠡᠢ ᠦᠨᠡᠨ ᠵᠠᠷᠯᠢᠭ ᠠᠳᠢᠰᠲᠠᠳ᠃ ᠬᠤᠸᠠᠷᠠᠭ ᠤ᠋ᠨ ᠰᠠᠯᠤᠯ ᠦᠭᠡᠢ ᠴᠢᠭᠤᠯᠤᠭᠰᠠᠨ ᠠᠳᠢᠰ ᠢ᠋ᠶ᠋ᠠᠷ᠃ ᠶᠠᠮᠪᠠᠷ ᠮᠡᠲᠦ ᠢᠷᠦᠭᠡᠭᠰᠡᠳ ᠪᠦᠲᠦᠬᠦᠶ᠎ᠡ ᠪᠣᠯᠲᠤᠭᠠᠢ ᠅᠃ ᠅
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠭᠢᠨᠠᠭᠴᠢ᠄ ᠱᠠᠰᠢᠨ ᠰᠢᠲᠦᠯᠭᠡ ᠬᠤᠯᠪᠤᠭ᠎ᠠ
