ᠲᠠᠪᠢᠯᠠᠩ - ᠳ᠂ ᠪᠤᠷᠮ᠎ᠠАрдын дууч Д.Бурмаа - Тавилан Burmaa - Tavilan
ᠲᠠᠪᠢᠯᠠᠩ
ᠦᠭᠡ᠄ ᠪᠠᠳᠤᠰᠠᠢᠬᠠᠨ
ᠠᠶ᠎ᠠ᠄ ᠭᠡ᠊ ·ᠪᠠᠳᠤᠰᠦᠢ᠍ᠮᠪᠤᠷ
ᠳᠠᠭᠤᠴᠢᠨ᠄ ᠳ · ᠪᠤᠷᠮ᠎ᠠ
ᠡᠩᠬᠦᠷᠡᠢᠬᠡᠨ ᠴᠡᠴᠡᠭᠡᠰ ᠦ᠋ᠨ ᠦᠨᠦᠷ ᠨᠢ ᠬᠦ
ᠨᠤᠲᠤᠭ ᠤ᠋ᠨ ᠬᠢ ᠮᠢᠨᠢ ᠪᠠᠢᠯ᠎ᠠ ᠳᠠ ᠬᠣᠷᠸ᠎ᠠ ᠮᠢᠨᠢ ᠬᠦ
ᠢᠪᠢᠯᠦᠭᠰᠡᠨ ᠰᠦᠨ ᠦ᠌ ᠠᠮᠲᠠ ᠨᠢ ᠬᠦ
ᠡᠵᠢ ᠶ᠋ᠢᠨ ᠬᠢ ᠮᠢᠨᠢ ᠪᠠᠢᠯ᠎ᠠ ᠳᠠ ᠲᠠᠪᠢᠯᠠᠩ ᠮᠢᠨᠢ ᠠ᠋
ᠡᠵᠢ ᠨᠤᠲᠤᠭ ᠬᠣᠶᠠᠷ ᠢ᠋ᠶ᠋ᠠᠨ ᠪᠢ
ᠢᠵᠢᠯᠢᠬᠡᠨ ᠰᠠᠨᠠᠬᠤ ᠯᠠ ᠶᠤᠮ ᠳᠠ ᠰᠠᠨᠠᠬᠤ ᠯᠠ ᠶᠤᠮ ᠳᠠ᠃
ᠠᠶᠠᠯᠭᠤ ᠲᠠᠲᠠᠭᠰᠠᠨ ᠬᠤᠭᠤᠷ ᠮᠢᠨᠢ ᠬᠦ
ᠠᠪᠤ ᠶ᠋ᠢᠨ ᠬᠢ ᠮᠢᠨᠢ ᠪᠠᠢᠯ᠎ᠠ ᠳᠠ ᠳᠡᠯᠡᠬᠡᠢ ᠮᠢᠨᠢ ᠬᠦ
ᠠᠳᠤᠭᠤ ᠦᠤᠷᠰᠩᠰᠠᠨ ᠲᠠᠯ᠎ᠠ ᠨᠢ ᠬᠦ
ᠮᠣᠩᠭᠣᠯ ᠤ᠋ᠨ ᠬᠢ ᠮᠢᠨᠢ ᠪᠠᠢᠯ᠎ᠠ ᠳᠠ ᠵᠠᠶᠠᠭ᠎ᠠ ᠮᠢᠨᠢ ᠠ᠋
ᠠᠪᠤ ᠨᠤᠲᠤᠭ ᠬᠣᠶᠠᠷ ᠢ᠋ᠶ᠋ᠠᠨ ᠪᠢ
ᠠᠳᠠᠯᠢᠬᠠᠨ ᠰᠠᠨᠠᠬᠤ ᠯᠠ ᠶᠤᠮ ᠳᠠ ᠰᠠᠨᠠᠬᠤ ᠯᠠ ᠶᠤᠮ ᠳᠠ᠃
ᠰᠣᠯᠣᠩᠭ᠎ᠠ ᠡᠷᠬᠡᠯᠡᠭᠦᠯᠦᠭᠰᠡᠨ ᠬᠠᠷᠠᠴᠠ ᠨᠢ ᠬᠦ
ᠬᠠᠢᠷ᠎ᠠ ᠶ᠋ᠢᠨ ᠬᠢ ᠮᠢᠨᠢ ᠪᠠᠢᠯ᠎ᠠ ᠳᠠ ᠰᠡᠳᠬᠢᠯ ᠮᠢᠨᠢ ᠬᠦ
ᠰᠣᠳᠣᠨ ᠬᠥᠬᠡ ᠮᠡᠩᠭᠡ ᠮᠢᠨᠢ ᠬᠦ
ᠲᠩᠷᠢ ᠶ᠋ᠢᠨ ᠬᠢ ᠮᠢᠨᠢ ᠪᠠᠢᠯ᠎ᠠ ᠳᠠ ᠽᠠᠮᠪᠤᠲᠢᠪ ᠮᠢᠨᠢ ᠠ᠋
ᠬᠠᠢᠷ᠎ᠠ ᠲᠩᠷᠢ ᠬᠣᠶᠠᠷ ᠢ᠋ᠶ᠋ᠠᠨ ᠪᠢ
ᠬᠠᠷᠠᠮᠯᠠᠵᠤ ᠰᠠᠨᠠᠬᠤ ᠯᠠ ᠶᠤᠮ ᠳᠠ ᠰᠠᠨᠠᠬᠤ ᠯᠠ ᠶᠤᠮ ᠳᠠ᠃
ᠠᠪᠤ ᠡᠵᠢ ᠨᠤᠲᠤᠭ ᠢ᠋ᠶ᠋ᠠᠨ ᠪᠢ
ᠠᠳᠠᠯᠢᠬᠠᠨ ᠰᠠᠨᠠᠬᠤ ᠯᠠ ᠶᠤᠮ ᠳᠠ ᠰᠠᠨᠠᠬᠤ ᠯᠠ ᠶᠤᠮ ᠳᠠ᠃
ᠦᠰᠦᠭ ᠬᠠᠳᠠᠭᠴᠢ᠄ ᠰᠠᠴᠠᠡᠬᠡᠷᠠᠯ
ᠦᠰᠦᠭ ᠠᠮᠢᠯᠠᠭᠤᠯᠤᠭᠴᠢ᠄ ᠰᠠᠴᠠᠡᠭᠡᠷᠠᠯ
ᠬᠢᠨᠠᠭᠴᠢ ᠪᠠᠭᠰᠢ᠄ ᠮᠠᠨᠳᠠᠷᠠᠸ᠎ᠠ
