ᠪᠤᠷᠢᠶᠠᠳ ᠡᠬᠡ ᠬᠡᠯᠡ ᠪᠡᠷ ᠶ᠋ᠢᠨᠨ ᠬᠡᠯᠡᠨ ᠳ᠋ᠤ᠌ ᠣᠷᠣᠶ᠎ᠠ-ᠲᠣᠨᠲᠣᠭ ᠊ᠤᠨ ᠨᠠᠨᠵᠢᠯᠮᠠБУРИАД ЭХ ХЭЛЭЭРЭЭ ХЭЛЭНД ОРОЕЭ-Дондогой Намжилмаа
ᠪᠤᠷᠢᠶᠠᠳ ᠡᠬᠡ ᠬᠡᠯᠡ ᠪᠡᠷ ᠶ᠋ᠢᠨᠨ ᠬᠡᠯᠡᠨ ᠳ᠋ᠤ᠌ ᠣᠷᠣᠶ᠎ᠠ
ᠰᠢᠯᠦᠭ ᠵᠣᠬᠢᠶᠠᠭᠴᠢ᠄ ᠴᠠᠭᠠᠩᠭᠤᠳ ᠤᠭ ᠊ᠤᠨ ᠲᠣᠨᠲᠣᠭ ᠊ᠤᠨ ᠨᠠᠨᠵᠢᠯᠮᠠ
ᠰᠢᠯᠦᠭ ᠤᠩᠰᠢᠭᠴᠢ᠄ ᠬᠦᠪᠳᠦᠭᠦᠳ ᠤᠭ ᠊ᠤᠨ ᠪᠠᠲᠤᠬᠤᠶᠠᠭ ᠊ᠤᠨ ᠨᠣᠮᠢᠨᠡᠷᠳᠡᠨᠢ
Шүлэгые зохиоhон Сагаангууд угай Дондогой Намжилмаа
Шүлэгые уншаhан Хүгдүүл угай Батхуягай Номин-Эрдэни
ᠪᠤᠷᠬᠠᠨ ᠪᠣᠮᠪᠣ ᠶ᠋ᠢᠨ ᠪᠡᠯᠡᠭᠯᠡᠭᠰᠡᠨ
ᠪᠤᠷᠢᠶᠠᠳ ᠬᠡᠯᠡ ᠪᠡᠷ ᠢ᠋ᠶ᠋ᠡᠨ ᠬᠡᠯᠡᠨ ᠳ᠋ᠦ᠍ ᠣᠷᠣᠶ᠎ᠠ
ᠪᠤᠯᠠᠭ ᠭᠣᠷᠣᠬ᠎ᠠ ᠶ᠋ᠢᠨ ᠮᠢᠷᠠᠯᠵᠠᠭᠠᠨ ᠰᠢᠭ᠋
ᠪᠣᠯᠠᠢ ᠵᠣᠬᠢᠳᠬᠠᠨ ᠠᠪᠢᠶ᠎ᠠ ᠲᠠᠢ ᠳᠠ
ᠣᠳᠣ ᠲᠠᠢ ᠲᠩᠷᠢ ᠶ᠋ᠢᠨ ᠵᠠᠶᠠᠭᠠᠭᠰᠠᠨ
ᠣᠷᠳᠣᠨ ᠤ᠋ ᠬᠡᠯᠡ ᠪᠡᠷ ᠢ᠋ᠶ᠋ᠡᠨ ᠬᠡᠯᠡᠨ ᠳ᠋ᠦ᠍ ᠣᠷᠣᠶ᠎ᠠ
ᠤᠷᠭᠤᠬᠤ ᠨᠠᠷᠠᠨ ᠤ᠋ ᠲᠦᠮᠡᠨ ᠰᠠᠴᠤᠷᠠᠭ ᠰᠢᠭ᠋
ᠤᠩᠰᠢᠵᠤ ᠶᠠᠪᠤᠬᠤ ᠳ᠋ᠤ᠌ ᠭᠡᠷᠡᠯᠲᠡᠢ ᠳᠡ
ᠤᠭᠤᠷᠠᠭ ᠰᠦᠨ ᠦ᠌ ᠦᠨᠦᠷ ᠲᠡᠢ
ᠤᠭ ᠤ᠋ᠨ ᠬᠡᠯᠡ ᠪᠡᠷ ᠢ᠋ᠶ᠋ᠡᠨ ᠬᠡᠯᠡᠨ ᠳ᠋ᠦ᠍ ᠣᠷᠣᠶ᠎ᠠ
ᠤᠶᠠᠩᠭ᠎ᠠ ᠲᠠᠢ ᠭᠣᠶᠣᠬᠠᠨ ᠬᠥᠬᠥᠭᠡ ᠶ᠋ᠢᠨ ᠳᠠᠭᠤᠨ ᠰᠢᠭ᠋
ᠤᠷᠤᠰᠤᠮ᠎ᠠ ᠲᠣᠷᠭᠠᠨ ᠨᠤᠭᠤᠯᠪᠤᠷᠢ ᠲᠠᠢ ᠳᠠ
ᠨᠠᠮᠲᠠᠷ ᠲᠡᠦᠬᠡ ᠶ᠋ᠢᠨ ᠳᠤᠤᠯᠢᠶᠠᠨ ᠲᠠᠢ
ᠨᠠᠮᠵᠢᠷ ᠵᠣᠬᠢᠳ ᠬᠡᠯᠡ ᠪᠡᠷ ᠢ᠋ᠶ᠋ᠡᠨ ᠬᠡᠯᠡᠨ ᠳ᠋ᠦ᠍ ᠣᠷᠣᠶ᠎ᠠ
ᠨᠠᠬᠢᠶᠠᠯᠠᠵᠤ ᠴᠡᠴᠡᠭᠯᠡᠳᠡᠭ ᠮᠣᠳᠣᠳ ᠰᠢᠭ᠋
ᠨᠠᠰᠤ ᠪᠠᠷ ᠢ᠋ᠶ᠋ᠠᠨ ᠮᠥᠩᠬᠡᠷᠡᠬᠦ ᠦᠨᠳᠦᠰᠦᠨ ᠳᠡ
ᠰᠢᠮ᠎ᠡ ᠲᠡᠢ ᠢᠳᠡᠭᠡᠨ ᠦ᠌ ᠠᠮᠲᠠ ᠲᠠᠢ
ᠰᠢᠯᠢᠮᠡᠯ ᠬᠡᠯᠡ ᠪᠡᠷ ᠢ᠋ᠶ᠋ᠡᠨ ᠬᠡᠯᠡᠨ ᠳ᠋ᠦ᠍ ᠣᠷᠣᠶ᠎ᠠ
ᠰᠢᠪᠰᠢᠶ᠎ᠡ ᠵᠥᠭᠡᠯᠡᠨ ᠰᠠᠯᠬᠢᠨ ᠰᠢᠭ᠋
ᠰᠢᠯᠦᠭᠯᠡᠵᠦ ᠤᠶᠠᠩᠭᠠᠯᠠᠬᠤ ᠳ᠋ᠤ᠌ ᠱᠣᠯᠳᠣᠮᠬᠠᠨ ᠳᠠ
ᠰᠣᠯᠣᠩᠭᠠᠷᠠᠭᠰᠠᠨ ᠬᠤᠪᠴᠠᠰᠤᠨ ᠤ᠋ ᠣᠬᠢ ᠲᠠᠢ
ᠰᠣᠳᠣᠨ ᠬᠡᠯᠡ ᠪᠡᠷ ᠢ᠋ᠶ᠋ᠡᠨ ᠬᠡᠯᠡᠨ ᠳ᠋ᠦ᠍ ᠣᠷᠣᠶ᠎ᠠ
ᠰᠤᠪᠤᠳᠷᠠᠵᠤ ᠣᠷᠣᠭᠰᠠᠨ ᠪᠣᠷᠣᠭᠠᠨ ᠰᠢᠭ᠋
ᠰᠤᠭᠤᠷᠠᠵᠤ ᠤᠷᠭᠤᠬᠤ ᠳ᠋ᠤ᠌ ᠮᠢᠨᠢ ᠬᠡᠷᠡᠭᠲᠡᠢ ᠳᠡ
ᠣᠭᠲᠠᠷᠭᠤᠢ ᠶ᠋ᠢᠨ ᠮᠠᠨᠳᠤᠯ ᠳ᠋ᠤ᠌ ᠴᠣᠴᠠᠭᠠᠬᠤ ᠦᠭᠡᠢ
ᠵᠢᠭᠦᠷ ᠪᠣᠯᠬᠤ ᠡᠬᠡ ᠪᠤᠷᠢᠶᠠᠳ ᠬᠡᠯᠡᠨ ᠮᠢᠨᠢ
ᠤᠰᠤᠨ ᠤ᠋ ᠴᠡᠭᠡᠯ ᠳ᠋ᠦ᠍ ᠴᠠᠴᠠᠭᠠᠬᠤ ᠦᠭᠡᠢ
ᠰᠡᠯᠢᠭᠦᠷ ᠪᠣᠯᠬᠤ ᠡᠬᠡ ᠪᠤᠷᠢᠶᠠᠳ ᠬᠡᠯᠡᠨ ᠮᠢᠨᠢ
ᠤᠨᠠᠭᠠᠨ ᠬᠥᠷᠥᠰᠥᠨ ᠳ᠋ᠦ᠍ ᠤᠨᠠᠭᠠᠬᠤ ᠦᠭᠡᠢ
ᠤᠨᠤᠭ᠎ᠠ ᠪᠣᠯᠬᠤ ᠡᠬᠡ ᠪᠤᠷᠢᠶᠠᠳ ᠬᠡᠯᠡᠨ ᠮᠢᠨᠢ
ᠣᠯᠠᠨ ᠤ᠋ ᠳᠤᠮᠳᠠ ᠲᠥᠭᠡᠷᠢᠬᠦ ᠦᠭᠡᠢ
ᠵᠤᠯᠠ ᠪᠣᠯᠬᠤ ᠡᠬᠡ ᠪᠤᠷᠢᠶᠠᠳ ᠬᠡᠯᠡᠨ ᠮᠢᠨᠢ
ᠪᠤᠯᠲᠤ ᠪᠠᠷ ᠢ᠋ᠶ᠋ᠠᠨ ᠬᠥᠭᠡᠷᠦᠯᠳᠦᠵᠦ
ᠪᠣᠯᠣᠷ ᠰᠢᠭ᠋ ᠪᠤᠷᠢᠶᠠᠳ ᠢ᠋ᠶ᠋ᠠᠷ ᠢ᠋ᠶ᠋ᠠᠨ ᠬᠡᠯᠡᠨ ᠳ᠋ᠦ᠍ ᠣᠷᠣᠶ᠎ᠠ
ᠬᠥᠭᠰᠢᠶᠡ ᠠᠪᠤ ᠮᠢᠨᠢ ᠴᠢᠬᠢ ᠪᠡᠨ ᠲᠠᠯᠪᠢᠵᠤ
ᠬᠥᠬᠡ ᠲᠩᠷᠢ ᠲᠡᠢ ᠪᠡᠨ ᠬᠥᠬᠡᠷᠡᠨ ᠳᠡᠪᠢᠭᠡ
ᠬᠥᠭᠰᠢᠶᠡ ᠡᠵᠢ ᠮᠢᠨᠢ ᠬᠣᠷᠮᠣᠢ ᠪᠠᠨ ᠬᠡᠢᠰᠬᠡᠵᠦ
ᠬᠥᠷᠥᠰᠥᠲᠦ ᠳᠡᠯᠡᠬᠡᠢ ᠲᠡᠢ ᠪᠡᠨ ᠬᠥᠬᠢᠨ ᠨᠠᠮᠢᠷᠠᠬᠤ ᠠ᠋
ᠦᠰᠦᠭ ᠠᠮᠢᠯᠠᠭᠤᠯᠤᠭᠴᠢ᠄ ᠭᠡᠭᠡᠷᠡᠯ
ᠦᠰᠦᠭ ᠬᠠᠲᠠᠭᠴᠢ᠄ ᠭᠡᠭᠡᠷᠡᠯ
ᠬᠢᠨᠠᠭᠴᠢ᠄ ᠨᠠᠨᠵᠢᠯᠮᠠ᠂ ᠭᠡᠭᠡᠷᠡᠯ