ᠰᠢᠨ᠎ᠡ ᠣᠨ ᠪ ᠵᠥᠩᠨᠡᠯ - ᠣᠳᠬᠣᠨᠪᠠᠶᠠᠷшинэ оны зөгнөл-Отгонбаяр
ᠰᠢᠨ᠎ᠡ ᠣᠨ ᠤ᠋ ᠵᠥᠩᠨᠡᠯ
ᠣᠷᠣᠨ ᠤ᠋ ᠳᠡᠰ ᠦ᠋ᠨ ᠪᠣᠳᠠᠰ ᠤ᠋ᠨ ᠪᠤᠰᠤ ᠰᠣᠶᠣᠯ ᠤ᠋ᠨ ᠥᠪ ᠢ᠋ ᠤᠯᠠᠮᠵᠢᠯᠠᠭᠴᠢ— ᠣᠳᠬᠣᠨᠪᠠᠶᠠᠷ
ᠬᠥᠳᠡᠯᠮᠦᠷᠢ ᠶ᠋ᠢᠨ ᠪᠦᠲᠦᠭᠡᠯ ᠲᠡᠢ ᠬᠥᠬᠡ ᠯᠤᠤ ᠵᠢᠯ
ᠬᠥᠷᠥᠩᠭᠡ ᠶ᠋ᠢ ᠪᠡᠨ ᠦᠯᠡᠳᠡᠭᠡᠭᠡᠳ ᠠᠶᠠᠷᠯᠠᠯ᠎ᠠ
ᠬᠥᠭᠵᠢᠯᠲᠡ ᠶ᠋ᠢᠨ ᠳᠠᠭᠤᠨ ᠲᠠᠢ ᠬᠥᠬᠡᠭᠴᠢᠨ ᠮᠣᠭᠠᠢ ᠵᠢᠯ
ᠬᠦᠰᠡᠯ ᠢ᠋ ᠬᠥᠭᠵᠢᠭᠡᠭᠰᠡᠭᠡᠷ ᠰᠠᠭᠠᠲᠠᠯ᠎ᠠ
ᠬᠥᠷᠥᠰᠥᠲᠦ ᠳᠡᠯᠡᠬᠡᠢ ᠪᠡᠷ ᠭᠦᠷᠪᠡᠯᠵᠡᠭᠰᠡᠭᠡᠷ
ᠬᠡᠪᠲᠡᠭᠡᠯ ᠳ᠋ᠦ᠍ ᠪᠡᠨ ᠦᠷᠭᠦᠯᠵᠢ ᠴᠠᠭᠠᠷᠢᠭᠯᠠᠭᠰᠠᠭᠠᠷ
ᠬᠤᠷᠴᠠ ᠬᠡᠯᠡ ᠪᠡᠨ ᠭᠢᠯᠪᠠᠯᠵᠠᠭᠤᠯᠤᠭᠰᠠᠭᠠᠷ
ᠬᠦᠴᠦᠨ ᠰᠦᠷᠲᠦ ᠭᠠᠢᠬᠠᠮᠰᠢᠭᠲᠤ ᠬᠦᠷᠦᠭᠡᠳ ᠢᠷᠡᠯ᠎ᠡ
ᠨᠠᠰᠤᠨ ᠤ᠋ ᠪᠤᠶᠠᠨ ᠰᠠᠢᠨ ᠰᠠᠢᠬᠠᠨ
ᠬᠥᠬᠡᠭᠴᠢᠨ ᠮᠣᠭᠠᠢ ᠵᠢᠯ ᠡᠴᠡ ᠳᠡᠯᠭᠡᠷᠡᠭ ᠳᠡ
ᠨᠣᠮ ᠤ᠋ᠨ ᠪᠤᠶᠠᠨ ᠰᠠᠢᠨ ᠰᠠᠢᠬᠠᠨ
ᠬᠥᠬᠡᠭᠴᠢᠨ ᠮᠣᠭᠠᠢ ᠵᠢᠯ ᠡᠴᠡ ᠪᠠᠳᠠᠷᠠᠭ ᠳᠠ
ᠡᠳ᠋ ᠦ᠋ᠨ ᠪᠤᠶᠠᠨ ᠰᠠᠢᠨ ᠰᠠᠢᠬᠠᠨ
ᠬᠥᠬᠡᠭᠴᠢᠨ ᠮᠣᠭᠠᠢ ᠵᠢᠯ ᠡᠴᠡ ᠴᠤᠭᠯᠠᠷᠠᠭ ᠳᠠ
ᠦᠯᠡᠮᠵᠢ ᠶ᠋ᠢᠨ ᠪᠤᠶᠠᠨ ᠰᠠᠢᠨ ᠰᠠᠢᠬᠠᠨ
ᠬᠥᠬᠡᠭᠴᠢᠨ ᠮᠣᠭᠠᠢ ᠵᠢᠯ ᠡᠴᠡ ᠴᠣᠭᠴᠠᠯᠠᠭᠳᠠᠭ ᠳᠠ
ᠰᠠᠢᠨ ᠰᠠᠨᠠᠭ᠎ᠠ ᠲᠠᠢ ᠪᠦᠬᠦᠨ ᠢ᠋ᠶ᠋ᠡᠷ ᠢ᠋ᠶ᠋ᠡᠨ
ᠰᠡᠳᠬᠢᠭᠰᠡᠨ ᠶᠠᠪᠤᠳᠠᠯ ᠨᠢ ᠪᠦᠲᠦᠮᠵᠢ ᠲᠡᠢ
ᠰᠠᠢᠬᠠᠨ ᠵᠠᠩ ᠲᠠᠢ ᠣᠯᠠᠨ ᠢ᠋ᠶ᠋ᠠᠷ ᠢ᠋ᠶ᠋ᠠᠨ
ᠰᠡᠳᠬᠢᠭᠰᠡᠨ ᠦᠢᠯᠡ ᠨᠢ ᠠᠮᠵᠢᠯᠲᠠ ᠲᠠᠢ
ᠠᠢᠯ ᠭᠡᠷ ᠦ᠋ᠨ ᠠᠮᠢᠳᠤᠷᠠᠯ ᠴᠢᠨᠢ
ᠢᠨᠢᠶᠡᠳᠦ ᠪᠠᠶᠠᠰᠤᠯ ᠢ᠋ᠶ᠋ᠠᠷ ᠪᠢᠯᠬᠠᠭ ᠳᠠ
ᠠᠢᠮᠠᠭ ᠦᠨᠳᠦᠰᠦᠲᠡᠨ ᠬᠠᠮᠢᠭ᠎ᠠ ᠴᠤ᠌ ᠭᠡᠰᠡᠨ
ᠡᠶ᠎ᠡ ᠲᠡᠢ ᠨᠠᠢᠷ ᠢ᠋ᠶ᠋ᠠᠷ ᠲᠥᠪᠬᠢᠨᠡᠭ ᠳᠡ
ᠲᠩᠷᠢ ᠶ᠋ᠢᠨ ᠢᠪᠡᠭᠡᠯ ᠭᠠᠵᠠᠷ ᠤ᠋ᠨ ᠬᠡᠰᠢᠭ
ᠲᠡᠭᠰᠢᠬᠡᠨ ᠰᠣᠶᠣᠷᠬᠠᠬᠤ ᠪᠣᠯᠲᠤᠭᠠᠢ
ᠵᠦᠢᠯ ᠦ᠋ᠨ ᠠᠮᠢᠰᠬᠤᠯ ᠴᠠᠭ ᠠᠭᠤᠷ ᠢ᠋
ᠲᠡᠩᠴᠡᠭᠦᠬᠡᠨ ᠵᠣᠬᠢᠴᠠᠭᠤᠯᠬᠤ ᠪᠣᠯᠲᠤᠭᠠᠢ
ᠳᠥᠷᠪᠡᠨ ᠵᠦᠭ ᠨᠠᠢ᠍ᠮᠠᠨ ᠵᠣᠪᠬᠢᠰ ᠠ᠋ᠴᠠ
ᠲᠦᠭᠡᠮᠡᠯ ᠬᠡᠰᠢᠭ ᠢ᠋ᠶ᠋ᠡᠷ ᠢᠪᠡᠭᠡᠲᠦᠭᠡᠢ
ᠲᠠᠩᠰᠤᠭ ᠪᠠᠶᠠᠨ ᠨᠤᠲᠤᠭ ᠣᠷᠣᠨ ᠮᠢᠨᠢ
ᠲᠦᠪᠰᠢᠨ ᠠᠮᠤᠭᠤᠯᠠᠩ ᠢ᠋ᠶ᠋ᠠᠷ ᠵᠢᠷᠭᠠᠲᠤᠭᠠᠢ
ᠦᠰᠦᠭ ᠠᠮᠢᠯᠠᠭᠤᠯᠤᠭᠴᠢ᠄ᠤᠷᠢᠶᠠᠩᠬᠠᠢ ᠨᠠᠷᠠᠨᠮᠠᠨᠳᠠ