ᠴᠠᠭᠠᠨ ᠰᠠᠷ᠎ᠠ-ᠬᠡᠷᠡᠢᠳ ᠭᠸᠯᠢᠬ᠌ᠰᠠᠩᠪᠤᠤ Цагаан сар-Хэрэйд Гелигсамбуу
ᠴᠠᠭᠠᠨ ᠰᠠᠷ᠎ᠠ
ᠬᠡᠷᠡᠢᠳ ᠭᠸᠯᠢᠬ᠌ᠰᠠᠩᠪᠤᠤ
ᠴᠠᠩ ᠲᠠᠢ ᠡᠪᠦᠯ ᠴᠠᠭᠠᠰᠢᠯᠠᠭᠠᠳ
ᠴᠠᠰᠤᠨ ᠤ᠋ ᠨᠦᠮᠵᠦᠭ ᠲᠦ᠍ ᠢᠷᠭᠤᠢ ᠨᠢᠳᠦᠯᠡᠳᠡᠭ
ᠴᠠᠭ ᠤ᠋ᠨ ᠰᠠᠢᠬᠠᠨ ᠬᠠᠪᠤᠷ ᠲᠠᠢ ᠪᠠᠨ
ᠴᠠᠭᠠᠨ ᠰᠠᠷ᠎ᠠ ᠪᠣᠱᠣᠭ᠎ᠠ ᠪᠠᠷ ᠠᠢᠰᠤᠢ
ᠵᠡᠯᠢᠭᠦᠳ ᠬᠣᠯᠠ ᠶ᠋ᠢᠨ ᠭᠠᠵᠠᠷ ᠠ᠋ᠴᠠ
ᠵᠢᠰᠦᠮ ᠦ᠋ᠨ ᠤᠨᠤᠭ᠎ᠠ ᠳᠠᠪᠬᠢᠯᠳᠤᠨ
ᠵᠢᠯ ᠦ᠋ᠨ ᠲᠣᠭᠣᠷᠢᠯᠲᠠ ᠪᠠᠷ ᠵᠣᠴᠢᠳ
ᠵᠡᠯ᠎ᠡ ᠳ᠋ᠦ᠍ ᠪᠠᠭᠤᠭᠰᠠᠨ ᠴᠠᠭᠠᠨ ᠰᠠᠷ᠎ᠠ
ᠨᠣᠮᠯᠠᠨ ᠢᠪᠡᠭᠡᠭᠴᠢ ᠪᠤᠷᠬᠠᠳ ᠨᠢ
ᠨᠤᠲᠤᠭ ᠤ᠋ᠨ ᠲᠡᠭᠷᠢ ᠳ᠋ᠦ᠍ ᠵᠠᠪᠢᠯᠠᠨ
ᠨᠣᠮᠣᠬᠠᠨ ᠰᠢᠳᠤᠷᠭᠤ ᠲᠦᠮᠡᠨ ᠢ᠋ᠶ᠋ᠡᠨ
ᠨᠠᠮᠠᠨᠴᠢᠯᠠᠨ ᠰᠣᠶᠣᠷᠬᠠᠭᠰᠠᠨ ᠴᠠᠭᠠᠨ ᠰᠠᠷ᠎ᠠ
ᠨᠣᠶᠠᠨ ᠰᠠᠭᠤᠳᠠᠯ ᠲᠠᠢ ᠠᠭᠤᠯᠠᠰ ᠨᠢ
ᠨᠣᠮᠢᠨ ᠵᠡᠷᠭᠡᠯᠭᠡᠨ ᠢ᠋ᠶ᠋ᠡᠷ ᠵᠣᠯᠭᠠᠯᠳᠤᠭᠠᠳ
ᠨᠤᠭᠤ ᠶ᠋ᠢᠨ ᠰᠢᠮᠡᠯᠢᠭ ᠬᠥᠷᠥᠰᠥᠨ ᠡᠴᠡ
ᠨᠣᠭᠣᠭ᠎ᠠ ᠰᠣᠶᠣᠭᠠᠯᠠᠳᠠᠭ ᠴᠠᠭᠠᠨ ᠰᠠᠷ᠎ᠠ
ᠦᠶᠡᠯᠵᠡᠨ ᠴᠡᠩᠬᠡᠷᠯᠡᠬᠦ ᠭᠣᠣᠯ ᠨᠢ
ᠥᠯᠵᠡᠢ ᠵᠠᠩᠭᠢᠶᠠᠯᠠᠨ ᠤᠷᠤᠰᠤᠭᠠᠳ
ᠥᠨᠢᠷ ᠣᠨ ᠢ᠋ᠶ᠋ᠠᠨ ᠵᠥᠩᠨᠡᠭᠰᠡᠨ
ᠥᠶᠥᠭ ᠴᠠᠳᠬᠤᠯᠠᠩ ᠴᠠᠭᠠᠨ ᠰᠠᠷ᠎ᠠ
ᠠᠶᠠᠭ᠎ᠠ ᠲᠡᠷᠭᠡᠯ ᠨᠠᠭᠤᠷ ᠨᠢ
ᠠᠷᠢᠭᠤᠨ ᠰᠦ ᠰᠢᠭ ᠮᠡᠯᠮᠡᠯᠵᠡᠭᠡᠳ
ᠠᠯᠤᠰ ᠠ᠋ᠴᠠ ᠳᠡᠭᠡᠰᠦᠯᠡᠬᠦ ᠭᠠᠯᠠᠭᠤᠳ ᠤ᠋ᠨ ᠢ᠋ᠶ᠋ᠠᠨ
ᠠᠶᠠᠨ ᠤ᠋ ᠪᠡᠯᠭᠡᠳᠡᠯ ᠲᠡᠢ ᠴᠠᠭᠠᠨ ᠰᠠᠷ᠎ᠠ
ᠬᠣᠯᠣᠩ ᠤ᠋ᠨ ᠴᠡᠩᠬᠡᠷ ᠤᠲᠤᠭ᠎ᠠ ᠨᠢ
ᠡᠭᠦᠯᠡᠨ ᠤᠭᠠᠯᠵᠠ ᠭᠤᠭᠴᠤᠭᠯᠠᠨ
ᠬᠣᠲᠠ ᠠᠢᠯ ᠨᠢ ᠵᠢᠷᠭᠠᠯᠠᠩ ᠲᠠᠢ
ᠡᠩᠬᠡ ᠠᠮᠤᠭᠤᠯᠠᠩ ᠴᠠᠭᠠᠨ ᠰᠠᠷ᠎ᠠ
ᠬᠥᠬᠡᠭᠴᠢᠨ ᠮᠣᠭᠠᠢ ᠵᠢᠯ ᠦ᠋ᠨ ᠴᠠᠭᠠᠨ ᠰᠠᠷ᠎ᠠ ᠳ᠋ᠤ᠌
ᠬᠢᠨᠠᠭᠴᠢ᠄ ᠴᠠᠬᠠᠷ ᠪᠠᠲᠤ᠂ ᠤᠷᠢᠶᠠᠩᠬᠠᠢ ᠨᠠᠷᠠᠨᠮᠠᠨᠳᠠ
