1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ - ᠪᠣᠷᠵᠢᠭᠢᠨ ᠬᠤᠪᠢᠰᠬᠠᠯᠲᠤЦагаан сар-Боржгин Хувьсгалт

ᠴᠠᠭᠠᠨ ᠰᠠᠷ᠎ᠠ - ᠪᠣᠷᠵᠢᠭᠢᠨ ᠬᠤᠪᠢᠰᠬᠠᠯᠲᠤЦагаан сар-Боржгин Хувьсгалт

2025-01-29

1204

ᠴᠠᠭᠠᠨ ᠰᠠᠷ᠎ᠠ

    ᠵᠣᠬᠢᠶᠠᠭᠴᠢ᠄ ᠪᠣᠷᠵᠢᠭᠢᠨ ᠬᠤᠪᠢᠰᠬᠠᠯᠲᠤ 
    ᠤᠶᠠᠩᠭᠠᠯᠠᠭᠴᠢ᠄ ᠡᠷᠬᠡ 
ᠥᠯᠵᠡᠢ ᠪᠡᠯᠭᠡᠲᠦ ᠴᠠᠭᠠᠨ ᠰᠠᠷ᠎ᠠ ᠪᠠᠨ 
ᠥᠭᠡᠳᠡᠷᠡᠭ ᠠᠯᠠᠭᠠᠨ ᠳᠡᠭᠡᠷ᠎ᠡ ᠪᠡᠨ ᠲᠤᠰᠤᠨ᠎ᠠ ᠭᠡᠮᠡᠨ 
ᠨᠠᠢᠭᠠᠯ ᠬᠥᠬᠡ ᠲᠩᠷᠢ ᠪᠡᠨ ᠰᠢᠷᠲᠡᠨ ᠠᠭᠤᠵᠢᠷᠠᠵᠤ 
ᠨᠠᠷᠠᠨ ᠰᠠᠷᠠᠨ ᠤ᠋ ᠵᠦᠭ ᠡᠴᠡ ᠰᠢᠷᠤᠩᠬᠠᠢ ᠲᠠᠲᠠᠨ᠎ᠠ 
ᠴᠡᠴᠡᠭᠡᠰ ᠳᠠᠭᠠᠭᠠᠯᠠᠭᠰᠠᠨ ᠥᠷᠲᠡᠭᠡ ᠳᠠᠮᠵᠢᠨ 
ᠴᠡᠭᠡᠯᠰᠢᠬᠦ ᠬᠠᠭᠤᠴᠢᠨ ᠵᠢᠯ ᠢ᠋ᠶ᠋ᠡᠨ ᠦᠳᠡᠬᠦ ᠳ᠋ᠦ᠍ 
ᠬᠣᠷᠮᠣᠢ ᠳ᠋ᠤ᠌ ᠪᠥᠵᠢᠭᠰᠡᠨ ᠢᠷᠠᠭᠤᠬᠠᠨ ᠰᠠᠯᠬᠢ 
ᠬᠣᠩᠭᠣᠷ ᠤᠶᠠᠬᠠᠨ ᠰᠡᠳᠬᠢᠯ ᠴᠠᠯᠭᠢᠭᠤᠯᠵᠤ 
ᠬᠠᠩᠭᠠᠢ ᠶ᠋ᠢᠨ ᠰᠠᠢᠬᠠᠨ ᠨᠤᠲᠤᠭ ᠲᠤ᠌ 
ᠬᠠᠢᠷ᠎ᠠ ᠶ᠋ᠢᠨ ᠪᠦᠲᠦᠨ ᠡᠬᠡᠰᠢᠭ ᠪᠡᠯᠡᠭᠯᠡᠨ 
ᠬᠣᠢᠲᠤᠨ ᠬᠡᠮᠡᠬᠦ ᠭᠡᠷᠡᠯᠲᠦ ᠮᠡᠯᠮᠡᠢ ᠳ᠋ᠦ᠍
ᠬᠣᠪᠣᠷᠬᠠᠨ ᠲᠣᠬᠢᠶᠠᠬᠤ ᠤᠴᠠᠷᠠᠯ ᠢᠷᠥᠭᠡᠨ᠎ᠡ᠃
ᠭᠠᠵᠠᠷ ᠤ᠋ᠨ ᠬᠣᠯᠠ ᠶ᠋ᠢ ᠡᠪᠬᠡᠭᠰᠡᠨ
ᠭᠠᠩ ᠳᠥᠷᠦᠭᠡᠨ ᠦ᠌ ᠶᠦᠷᠭᠦᠭᠡ
ᠭᠠᠩᠰᠠᠷᠠᠭᠰᠠᠨ ᠰᠡᠳᠬᠢᠯ ᠢ᠋ ᠨᠡᠭᠡᠭᠡᠭᠰᠡᠨ
ᠭᠠᠯᠪᠢᠷ ᠲᠥᠷᠬᠦ ᠶ᠋ᠢᠨ ᠡᠷᠬᠢᠮᠰᠦᠭ
ᠭᠠᠷᠬᠤ ᠣᠷᠣᠬᠤ ᠶ᠋ᠢ ᠲᠡᠩᠴᠡᠭᠦᠯᠦᠭᠰᠡᠨ
ᠭᠠᠩᠭᠠᠩ ᠪᠠᠢᠭᠠᠯᠢ ᠶ᠋ᠢᠨ ᠰᠡᠪᠰᠢᠶ᠎ᠡ
ᠭᠠᠯ ᠤ᠋ᠨ ᠪᠤᠷᠬᠠᠨ ᠢ᠋ᠶ᠋ᠠᠨ ᠪᠠᠶᠠᠰᠬᠠᠭᠰᠠᠨ
ᠭᠠᠢᠬᠠᠰᠢ ᠲᠥᠷᠥᠭᠦᠯᠦᠭᠰᠡᠨ ᠤᠬᠠᠭ᠎ᠠ
ᠭᠠᠴᠠᠭᠠᠯ ᠦᠭᠡᠢ ᠬᠠᠢᠷ᠎ᠠ ᠢᠪᠡᠭᠡᠭᠰᠡᠨ
ᠭᠠᠯᠪᠠ ᠳᠡᠯᠡᠬᠡᠢ ᠶ᠋ᠢᠨ ᠥᠭᠭᠦᠭᠡᠵᠢ
ᠭᠠᠳᠠᠨ᠎ᠠ ᠡᠴᠡ ᠡᠬᠢᠯᠡᠨ ᠳᠤᠷᠠᠢᠭᠰᠠᠨ
ᠭᠠᠢᠬᠠᠮᠰᠢᠭᠲᠤ ᠴᠠᠭ ᠤ᠋ᠨ ᠲᠦᠭᠡᠭᠡᠵᠡᠢ᠃
ᠡᠪᠦᠭᠡ ᠳᠡᠭᠡᠳᠦ ᠪᠡᠨ ᠤᠳᠤᠮᠰᠢᠯ ᠳᠡᠭᠡᠷ᠎ᠡ
ᠡᠩᠬᠡ ᠮᠥᠩᠬᠡ ᠶ᠋ᠢᠨ ᠰᠢᠪᠰᠢᠯᠭᠡ ᠳᠡᠭᠡᠷ᠎ᠡ
ᠡᠭᠦᠷᠢᠳᠡ ᠠᠰᠠᠬᠤ ᠲᠤᠯᠭᠠᠨ ᠤ᠋ ᠳᠥᠯᠥ ᠳᠡᠭᠡᠷ᠎ᠡ
ᠡᠷᠬᠢᠮᠯᠡᠨ ᠳᠡᠭᠡᠳᠦᠯᠡᠬᠦ ᠬᠠᠳᠠᠭ ᠤ᠋ᠨ ᠢᠷᠦᠭᠡᠯ ᠳᠡᠭᠡᠷ᠎ᠡ
ᠥᠯᠵᠡᠢ ᠮᠥᠷ ᠢ᠋ᠶ᠋ᠡᠨ ᠭᠠᠷᠭᠠᠵᠤ ᠳᠣᠮᠨᠣᠭᠰᠠᠨ
ᠥᠭᠡᠳᠡ ᠡᠰᠡᠷᠡᠭ ᠶᠠᠪᠤᠬᠤ ᠶ᠋ᠢᠨ ᠵᠥᠩᠨᠡᠯ
ᠥᠭᠡᠳᠡᠷᠡᠭ ᠪᠣᠳᠣᠯ ᠤ᠋ᠨ ᠵᠢᠯᠣᠭᠣ ᠮᠢᠯᠢᠶᠠᠭᠰᠠᠨ
ᠥᠷᠨᠢᠨ ᠬᠥᠭᠵᠢᠵᠦ ᠳᠡᠯᠭᠡᠷᠡᠬᠦ ᠶ᠋ᠢᠨ ᠢᠲᠡᠭᠡᠯ
ᠥᠨᠢᠳᠡ ᠣᠷᠣᠰᠢᠬᠤ ᠶ᠋ᠢᠨ ᠭᠣᠯᠣᠮᠲᠠ ᠪᠠᠳᠠᠷᠠᠭᠤᠭᠰᠠᠨ
ᠦᠨᠭᠰᠢᠩ ᠰᠠᠢᠬᠠᠨ ᠨᠤᠲᠤᠭ ᠤ᠋ᠨ ᠮᠢᠨᠢ ᠢᠪᠡᠭᠡᠯ
ᠦᠢᠯᠡᠰ ᠵᠢᠳᠬᠦᠯ ᠦ᠋ᠨ ᠮᠥᠷ ᠢ᠋ ᠲᠠᠮᠠᠭᠠᠯᠠᠭᠰᠠᠨ
ᠥᠶᠥᠭ ᠲᠠᠪᠠᠲᠠᠢ ᠠᠮᠢᠳᠤᠷᠠᠬᠤ ᠶ᠋ᠢᠨ ᠬᠦᠰᠡᠯ
ᠰᠠᠷ᠎ᠠ ᠰᠢᠨ᠎ᠡ ᠶ᠋ᠢᠨ ᠰᠠᠢᠬᠠᠨ ᠮᠥᠴᠡ ᠪᠡᠷ
ᠰᠠᠭᠭᠠᠯᠲᠠ ᠲᠦᠮᠡᠨ ᠦ᠌ ᠴᠠᠢᠯᠭᠠᠨ ᠠᠷᠠᠨᠰᠢᠨ
ᠰᠠᠭᠠᠲᠠᠭᠠᠵᠤ ᠪᠣᠯᠬᠤ ᠦᠭᠡᠢ ᠠᠷᠢᠭᠤᠨ ᠵᠢᠷᠤᠮ ᠢ᠋
ᠰᠠᠨᠠᠵᠤ ᠪᠣᠳᠣᠬᠤ ᠪᠠᠷ ᠰᠡᠳᠬᠢᠯ ᠭᠡᠭᠡᠯᠵᠡᠨ᠎ᠡ
ᠠᠪᠤ ᠡᠵᠢ ᠠᠬᠠᠮᠠᠳ ᠲᠣᠮᠣᠭᠠᠲᠠᠨ ᠳ᠋ᠤ᠌ ᠪᠠᠨ
ᠮᠥᠷᠭᠥᠨ ᠵᠣᠯᠭᠠᠵᠤ ᠠᠳᠢᠰ ᠬᠦᠷᠲᠡᠬᠦ ᠪᠡᠷ
ᠠᠢᠯ ᠠᠢᠮᠠᠭ ᠰᠠᠳᠤᠨ ᠲᠥᠷᠥᠯ ᠳ᠋ᠦ᠍ ᠪᠡᠨ
ᠮᠣᠷᠢᠯᠠᠨ ᠬᠦᠷᠴᠦ ᠤᠴᠠᠷᠠᠨ ᠨᠠᠢᠷᠠᠯᠳᠤᠬᠤ ᠪᠠᠷ
ᠰᠠᠢᠨ ᠶᠠᠪᠤᠬᠤ ᠶ᠋ᠢᠨ ᠢᠷᠦᠭᠡᠯ ᠬᠦᠰᠡᠵᠦ
ᠬᠤᠷᠠᠨ ᠨᠠᠢᠷᠯᠠᠬᠤ ᠶ᠋ᠢᠨ ᠭᠡᠮ ᠢ᠋ᠶ᠋ᠡᠨ ᠰᠡᠷᠵᠢᠮᠯᠡᠵᠦ
ᠰᠠᠢᠬᠠᠨ ᠪᠦᠬᠦᠨ ᠡᠭᠦᠷᠢᠳᠡ ᠣᠷᠣᠰᠢᠬᠤ ᠶ᠋ᠢᠨ
ᠬᠠᠮᠤᠭ ᠤ᠋ᠨ ᠬᠦᠨᠳᠦᠳᠬᠡᠯᠲᠦ ᠴᠠᠭᠠᠨ ᠰᠠᠷ᠎ᠠ ᠢᠷᠡᠯ᠎ᠡ!

  ᠦᠰᠦᠭ ᠠᠮᠢᠯᠠᠭᠤᠯᠤᠭᠠᠴᠢ᠄ ᠪᠦᠷᠢᠨᠵᠢᠷᠭᠠᠯ
  ᠦᠰᠦᠭ ᠬᠠᠲᠠᠭᠴᠢ᠄ ᠪᠦᠷᠢᠨᠵᠢᠷᠭᠠᠯ