ᠡᠳ᠋ ᠦ᠋ᠨ ᠳᠡᠭᠡᠳᠦ ᠬᠠᠳᠠᠭЭдийн дээд хадаг
ᠡᠳ᠋ ᠦ᠋ᠨ ᠳᠡᠭᠡᠳᠦ ᠬᠠᠳᠠᠭ
ᠰᠠᠢᠨ ᠪᠠᠢᠨ᠎ᠠ ᠤᠤ? ᠡᠷᠬᠢᠮ ᠬᠦᠨᠳᠦᠲᠦ ᠲᠠ ᠨᠠᠷ ᠲᠤ᠌ ᠪᠠᠨ ᠥᠨᠥᠳᠥᠷ ᠦ᠋ᠨ ᠰᠠᠢᠬᠠᠨ ᠮᠡᠨᠳᠦ ᠶ᠋ᠢ ᠳᠡᠪᠰᠢᠭᠦᠯᠦᠶ᠎ᠡ!
ᠪᠢ ᠪᠣᠯ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠤ᠋ ᠪᠠᠶᠠᠨ ᠥᠨᠳᠥᠷ ᠪᠠᠭ᠎ᠠ ᠰᠤᠷᠭᠠᠭᠤᠯᠢ ᠶ᠋ᠢᠨ2᠂1 ᠳ᠋ᠦ᠍ᠭᠡᠷ ᠠᠩᠭᠢ ᠶ᠋ᠢᠨ ᠰᠦᠮᠠᠨ ᠪᠣᠯᠤᠨ᠎ᠠ᠃
ᠪᠢ ᠲᠠ ᠨᠠᠷ ᠲᠤ᠌ ᠪᠠᠨ ᠡᠳ᠋ ᠦ᠋ᠨ ᠳᠡᠭᠡᠳᠦ ᠬᠠᠳᠠᠭ ᠢ᠋ ᠤᠩᠰᠢᠨ ᠰᠣᠨᠢᠷᠬᠠᠭᠤᠯᠤᠶ᠎ᠠ᠃
ᠡᠳ᠋ ᠦ᠋ᠨ ᠳᠡᠭᠡᠳᠦ ᠬᠠᠳᠠᠭ
ᠮᠣᠩᠭᠣᠯᠴᠤᠳ ᠶᠡᠷᠦ ᠨᠢ ᠡᠳ᠋ ᠦ᠋ᠨ ᠳᠡᠭᠡᠳᠦ ᠬᠠᠳᠠᠭ᠂ ᠢᠳᠡᠭᠡᠨ ᠦ᠌ ᠳᠡᠭᠡᠳᠦ ᠴᠠᠢ ᠭᠡᠵᠦ ᠬᠠᠳᠠᠭ ᠢ᠋ ᠶᠡᠬᠡᠳᠡᠨ ᠳᠡᠭᠡᠳᠦᠯᠡᠳᠡᠭ᠃ ᠬᠠᠳᠠᠭ ᠢ᠋ ᠭᠣᠣᠯᠳᠠᠭᠤ ᠴᠠᠭᠠᠨ ᠰᠠᠷ᠎ᠠ᠂ ᠬᠤᠷᠢᠮ ᠨᠠᠢᠷ᠂ ᠣᠪᠣᠭ᠎ᠠ ᠲᠠᠬᠢᠯᠭ᠎ᠠ ᠳ᠋ᠤ᠌ ᠬᠡᠷᠡᠭᠯᠡᠳᠡᠭ᠃ ᠬᠠᠳᠠᠭ ᠢ᠋ ᠥᠭᠬᠦ ᠭᠡᠳᠡᠭ ᠦᠭᠡᠢ᠂ ᠬᠠᠳᠠᠭ ᠪᠠᠷᠢᠬᠤ ᠭᠡᠳᠡᠭ᠃ ᠬᠠᠳᠠᠭ ᠢ᠋ ᠬᠠᠮᠤᠭ ᠣᠨ ᠬᠦᠨᠳᠦᠲᠦ ᠵᠣᠴᠢᠨ᠂ ᠠᠬᠠᠮᠠᠳ ᠨᠠᠰᠤᠲᠠᠨ ᠳ᠋ᠤ᠌ ᠪᠠᠨ ᠪᠠᠷᠢᠳᠠᠭ᠃ ᠬᠠᠳᠠᠭ ᠢ᠋ ᠪᠠᠷᠢᠬᠤ ᠳ᠋ᠤ᠌ ᠪᠠᠨ ᠬᠣᠶᠠᠷ ᠭᠠᠷ ᠣᠨ ᠠᠯᠠᠭᠠᠨ ᠳ᠋ᠤ᠌ ᠪᠠᠨ ᠳᠡᠯᠭᠡᠵᠦ ᠬᠠᠳᠠᠭ ᠣᠨ ᠢ᠋ᠶ᠋ᠠᠨ ᠠᠮᠠ ᠶ᠋ᠢ ᠬᠦᠨᠳᠦᠲᠦ ᠵᠣᠴᠢᠨ ᠤ᠋ ᠪᠠᠨ ᠥᠭᠡᠳᠡ ᠬᠠᠨᠳᠤᠭᠤᠯᠵᠤ ᠪᠠᠷᠢᠨ᠎ᠠ᠃ ᠬᠠᠳᠠᠭ ᠲᠤ᠌ ᠬᠥᠬᠡ᠂ ᠴᠠᠭᠠᠨ᠂ ᠰᠢᠷ᠎ᠠ᠂ ᠨᠣᠭᠣᠭᠠᠨ᠂ ᠤᠯᠠᠭᠠᠨ ᠲᠠᠪᠤᠨ ᠥᠩᠭᠡ ᠪᠠᠢᠳᠠᠭ᠃ ᠥᠩᠭᠡ ᠪᠦᠷᠢ ᠶ᠋ᠢᠨ ᠬᠠᠳᠠᠭ ᠨᠢ ᠥᠭᠡᠷ᠎ᠡ ᠥᠭᠡᠷ᠎ᠡ ᠶ᠋ᠢᠨ ᠵᠥᠩᠨᠡᠯ ᠪᠡᠯᠭᠡᠳᠡᠯ ᠲᠡᠢ᠃ ᠮᠠᠨ ᠤ᠋ ᠶᠡᠷᠦ ᠳ᠋ᠤ᠌ ᠪᠡᠨ ᠬᠡᠷᠡᠭᠯᠡᠳᠡᠭ ᠨᠢ ᠬᠥᠬᠡ ᠥᠩᠭᠡ ᠶ᠋ᠢᠨ ᠬᠠᠳᠠᠭ ᠪᠣᠯᠤᠨ᠎ᠠ᠃ ᠮᠣᠩᠭᠣᠯᠴᠤᠳ ᠬᠠᠳᠠᠭ ᠢ᠋ ᠡᠨᠳᠡ ᠲᠡᠨᠳᠡ ᠬᠠᠶᠠᠳᠠᠭ ᠦᠭᠡᠢ᠂ ᠬᠠᠳᠠᠭ ᠳᠡᠭᠡᠭᠦᠷ ᠠᠯᠬᠤᠵᠤ ᠭᠢᠰᠬᠢᠬᠦ ᠶ᠋ᠢ ᠶᠡᠬᠡᠳᠡ ᠴᠡᠭᠡᠷᠯᠡᠳᠡᠭ ᠶᠣᠰᠣ ᠵᠠᠩᠰᠢᠯ ᠲᠠᠢ᠃
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
