ᠰ ᠪᠢᠮᠪᠠᠰᠦ᠋ᠷᠦᠩ ᠶᠠᠫᠣᠨ ᠪ 74 ᠳ᠋ᠡᠬᠢ ᠶᠣᠺᠣᠽᠦᠨᠠ᠂ ᠮᠣᠩᠭᠣᠯ ᠊ᠤᠨ ᠵᠢᠷᠭᠤᠳᠠᠬᠢ ᠶᠡᠬᠡ ᠠᠪᠤᠷᠭᠤ ᠴᠣᠯᠠᠲᠠᠨ ᠪᠣᠯᠣᠯ᠎ᠠ С бямбасүрэн Японы 74 дэх Ёкозүна, Монголын зургаа дахь их аварга цолтон боллоо
ᠰ ᠪᠢᠮᠪᠠᠰᠦ᠋ᠷᠦᠩ ᠶᠠᠫᠣᠨ ᠤ 74 ᠳ᠋ᠡᠬᠢ ᠶᠣᠺᠣᠽᠦᠨᠠ
ᠵᠢᠩᠬᠢᠨᠢ ᠨᠡᠷ᠎ᠡ ᠨᠢ ᠰ ᠪᠢᠮᠪᠠᠰᠦ᠋ᠷᠦᠩ ᠬᠡᠮᠡᠬᠦ ᠬᠣᠣᠰᠢᠶᠣᠷᠢᠶᠦ (25) ᠮᠣᠩᠭᠣᠯ ᠤᠯᠤᠰ ᠤ᠋ᠨ ᠢᠷᠭᠡᠨ ᠪᠥᠭᠡᠳ ᠶᠠᠫᠣᠨ ᠤ᠋ ᠶᠡᠬᠡ ᠰᠦᠮᠤ ᠶ᠋ᠢᠨ ᠡᠨᠡ ᠵᠢᠯ ᠦ᠋ᠨ ᠠᠩᠬᠠᠨ ᠤ᠋ ᠲᠡᠮᠡᠴᠡᠭᠡᠨ ᠳ᠋ᠦ᠍ ᠬᠣᠶᠠᠳᠠᠬᠢ ᠲᠦᠷᠦᠭᠦᠦ ᠪᠡᠨ ᠠᠪᠴᠤ᠂ᠳᠡᠭᠡᠷ᠎ᠡ ᠤᠳᠠᠭ᠎ᠠ 13ᠳᠠᠪᠠᠭ᠎ᠠ᠂ 2 ᠤᠨᠠᠭ᠎ᠠ᠂ ᠡᠨᠡ ᠤᠳᠠᠭ᠎ᠠ 12 ᠳᠠᠪᠠᠭ᠎ᠠ᠂ 3 ᠤᠨᠠᠭ᠎ᠠ ᠲᠠᠢ ᠪᠠᠷ ᠶᠣᠺᠣᠽᠦᠨᠠ ᠴᠣᠯᠠᠨ ᠤ᠋ ᠪᠣᠯᠵᠣᠯ ᠬᠠᠩᠭᠠᠯ᠎ᠠ᠃
ᠶᠠᠫᠣᠨ ᠤ᠋ ᠰᠦᠮᠤ ᠶ᠋ᠢᠨ ᠬᠣᠯᠪᠣᠭ᠎ᠠ᠂ 27 ᠤ᠋ ᠦᠳᠡ ᠡᠴᠡ ᠬᠣᠢᠰᠢ ᠶᠣᠺᠣᠽᠦᠨᠠ ᠶ᠋ᠢᠨ ᠵᠥᠪᠯᠡᠯᠳᠦᠬᠦ ᠬᠣᠷᠢᠶᠠᠨ ᠳ᠋ᠤ᠌ (ᠶᠣᠺᠣᠽᠦᠨᠠ) ᠴᠣᠯᠠ ᠠᠬᠢᠭᠤᠯᠬᠤ ᠠᠰᠠᠭᠤᠳᠠᠯ ᠢ᠋ᠶ᠋ᠠᠷ ᠵᠥᠪᠯᠡᠯᠳᠦᠬᠦ ᠪᠣᠯᠤᠨ᠎ᠠ᠃ ᠣᠷᠣᠯᠴᠠᠭᠰᠠᠨ ᠬᠣᠷᠢᠶᠠᠨ ᠤ᠋ ᠭᠡᠰᠢᠭᠦᠳ ᠦ᠋ᠨ ᠭᠤᠷᠪᠠᠨ ᠤ᠋ ᠬᠣᠶᠠᠷ ᠪᠤᠶᠤ ᠲᠡᠭᠦᠨ ᠡᠴᠡ ᠳᠡᠭᠡᠭᠰᠢ ᠨᠢ ᠬᠢᠨᠠᠯᠲᠠ ᠳ᠋ᠤ᠌ ᠰᠠᠨᠠᠯ ᠨᠢᠭᠡᠳᠪᠡᠯ ᠵᠥᠪᠯᠡᠮᠵᠢ ᠶ᠋ᠢ ᠰᠢᠢᠳᠪᠦᠷᠢᠯᠡᠵᠦ᠂ ᠬᠠᠪᠤᠷ ᠤ᠋ᠨ ᠲᠡᠮᠡᠴᠡᠭᠡᠨ ᠦ᠌ (3 ᠳ᠋ᠤᠭᠠᠷ ᠰᠠᠷ᠎ᠠ ᠶ᠋ᠢᠨ 9 ᠦ᠌ ᠡᠳᠦᠷ᠂ ᠣᠰᠠᠺᠠ) ᠵᠥᠪᠯᠡᠯ ᠡᠴᠡ 74 ᠳ᠋ᠡᠬᠢ ᠶᠣᠺᠣᠽᠦᠨᠠ᠂ ᠮᠣᠩᠭᠣᠯ ᠤ᠋ᠨ ᠵᠢᠷᠭᠤᠳᠠᠬᠢ ᠶᠡᠬᠡ ᠠᠪᠤᠷᠭᠤ ᠴᠣᠯᠠᠲᠠᠨ ᠪᠣᠯᠤᠨ᠎ᠠ᠃ ᠲᠡᠷᠡ ᠪᠡᠷ ᠠᠪᠠᠭ᠎ᠠ ᠠᠬ᠎ᠠ᠂ ᠶᠣᠺᠣᠽᠦᠨᠠ ᠠᠰᠠᠰᠢᠶᠣᠷᠢᠶᠦ ᠳ ∙ ᠳᠠᠭᠪᠠᠳᠣᠷᠵᠢ ᠲᠡᠢ ᠵᠡᠷᠭᠡᠴᠡᠨ ᠬᠠᠮᠤᠭ ᠤ᠋ᠨ ᠥᠨᠳᠥᠷ ᠳᠡᠰ ᠦ᠋ᠨ ᠲᠠᠮᠢᠷᠴᠢᠨ ᠪᠣᠯᠤᠨ᠎ᠠ᠃