ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 18 Нэгэн ном тавцан үн өдөр үн тэмдэглэлээс – 18
ᠡᠪᠦᠯ ᠪᠣᠯᠬᠤ ᠳ᠋ᠤ᠌ ᠲᠠᠷᠢᠶᠠᠴᠢᠨ ᠬᠡᠷᠡᠮ ᠲᠦᠰᠢᠵᠦ ᠨᠠᠷᠠᠨ ᠳ᠋ᠤ᠌ ᠡᠭᠡᠭᠡᠵᠦ ᠪᠠᠢᠯ᠎ᠠ᠃ ᠲᠡᠷᠡ ᠬᠡᠷᠡᠮ ᠨᠢ ᠶᠠᠭ ᠨᠤᠷᠠᠬᠤ ᠭᠡᠵᠦ ᠪᠠᠢᠭ᠎ᠠ ᠶ᠋ᠢ ᠲᠠᠷᠢᠶᠠᠴᠢᠨ ᠣᠯᠵᠤ ᠮᠡᠳᠡᠭᠰᠡᠨ ᠦᠭᠡᠢ᠃ ᠶᠠᠭ ᠡᠨᠡ ᠦᠶᠡᠰ ᠨᠢᠭᠡᠨ ᠡᠯᠢᠶ᠎ᠡ ᠨᠢᠰᠦᠨ ᠢᠷᠡᠵᠦ ᠮᠠᠯᠠᠭᠠᠢ ᠶ᠋ᠢ ᠨᠢ ᠱᠦᠭᠦᠷᠡᠨ ᠠᠪᠴᠤ ᠨᠢᠰᠦᠭᠰᠡᠨ ᠭᠡᠨ᠎ᠡ᠃ ᠲᠠᠷᠢᠶᠠᠴᠢᠨ ᠥᠪᠡᠷ ᠦ᠋ᠨ ᠠᠪᠤᠷᠠᠭᠰᠠᠨ ᠲᠡᠷᠡᠬᠦ ᠡᠯᠢᠶ᠎ᠡ ᠪᠣᠯᠬᠤ ᠶ᠋ᠢ ᠮᠡᠳᠡᠵᠦ ᠶᠡᠬᠡᠳᠡ ᠠᠭᠤᠷᠯᠠᠨ ᠬᠣᠢᠨ᠎ᠠ ᠠ᠋ᠴᠠ ᠨᠢ ᠬᠥᠭᠡᠭᠡᠵᠦ᠄《ᠦᠬᠦᠯ ᠳᠠᠭᠠᠷᠢᠭᠰᠠᠨ ᠮᠠᠭᠤ ᠠᠮᠢᠲᠠᠨ᠂ ᠪᠢ ᠴᠢᠨᠦ ᠠᠮᠢ ᠶ᠋ᠢ ᠠᠪᠤᠷᠠᠭᠰᠠᠨ ᠪᠠᠢᠬᠤ ᠳ᠋ᠤ᠌ ᠨᠠᠳᠠ ᠳ᠋ᠤ᠌ ᠲᠠᠯᠠᠷᠬᠠᠬᠤ ᠦᠭᠡᠢ ᠮᠥᠷᠲᠡᠭᠡᠨ ᠪᠠᠰᠠ ᠮᠢᠨᠦ ᠮᠠᠯᠠᠭᠠᠢ ᠶ᠋ᠢ ᠪᠤᠯᠢᠶᠠᠨ᠎ᠠ᠁》 ᠭᠡᠵᠦ ᠦᠭᠡ ᠪᠡᠨ ᠶᠠᠷᠢᠵᠤ ᠪᠠᠷᠠᠬᠤ ᠠ᠋ᠴᠠ ᠡᠮᠦᠨ᠎ᠡ ᠲᠦᠵᠢᠭᠢᠨᠡᠭᠰᠡᠨ ᠳᠠᠭᠤᠨ ᠭᠠᠷᠪᠠ᠃ ᠲᠠᠷᠢᠶᠠᠴᠢᠨ ᠬᠣᠢᠰᠢ ᠡᠷᠭᠢᠭᠡᠳ ᠬᠠᠷᠠᠬᠤ ᠳ᠋ᠤ᠌ ᠰᠠᠶᠢ ᠶ᠋ᠢᠨ ᠲᠦᠰᠢᠵᠦ ᠪᠠᠢᠭᠰᠠᠨ ᠬᠡᠷᠡᠮ ᠨᠢ ᠪᠦᠬᠦᠨ ᠢ᠋ᠶ᠋ᠡᠷ ᠢ᠋ᠶ᠋ᠡᠨ ᠨᠤᠷᠠᠭᠰᠠᠨ ᠪᠠᠢᠯ᠎ᠠ᠃ ᠲᠡᠭᠦᠨ ᠦ᠌ ᠮᠠᠯᠠᠭᠠᠢ ᠨᠢ ᠡᠨᠡ ᠦᠶᠡᠰ ᠡᠮᠦᠨ᠎ᠡ ᠨᠢ ᠤᠨᠠᠯ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
