1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠯᠢᠭᠡᠷ - ᠸᠠᠴᠢᠷᠪᠠᠲᠤ ᠶ᠋ᠢᠨ ᠳᠠᠰᠢᠪᠠᠯᠪᠠᠷ Үлгэр - Очирбатын Дашбалбар

ᠦᠯᠢᠭᠡᠷ - ᠸᠠᠴᠢᠷᠪᠠᠲᠤ ᠶ᠋ᠢᠨ ᠳᠠᠰᠢᠪᠠᠯᠪᠠᠷ Үлгэр - Очирбатын Дашбалбар

2025-01-26

322

ᠦᠯᠢᠭᠡᠷ

ᠦᠯᠢᠭᠡᠷ

 
           ᠨᠢᠭᠡ 

 ᠳᠣᠯᠭᠢᠶᠠᠨᠲᠤ ᠴᠡᠩᠬᠡᠷ ᠨᠠᠭᠤᠷ ᠲᠤ᠌ ᠬᠠᠪᠤᠷ ᠢ᠋ᠶ᠋ᠠᠷ 
 ᠳᠣᠯᠣᠭᠠᠨ ᠴᠠᠭᠠᠨ ᠬᠤᠨ ᠨᠢᠰᠴᠦ ᠢᠷᠡᠯ᠎ᠡ 
 ᠳᠣᠯᠣᠭᠠᠨ ᠪᠤᠷᠬᠠᠨ ᠣᠳᠣᠳ ᠤ᠋ᠨ ᠳᠣᠣᠷ᠎ᠠ 
 ᠳᠣᠯᠣᠭᠠᠨ ᠴᠠᠭᠠᠨ ᠴᠡᠴᠡᠭ ᠬᠥᠦ᠋ᠪᠴᠦ ᠶᠠᠪᠤᠯ᠎ᠠ  

 ᠳᠣᠯᠣᠭᠠᠨ ᠴᠠᠭᠠᠨ ᠴᠡᠴᠡᠭ ᠰᠥᠨᠢ ᠪᠡᠷ 
 ᠳᠣᠯᠣᠭᠠᠨ ᠬᠥᠭᠡᠷᠦᠬᠦᠨ ᠥᠬᠢᠨ ᠪᠣᠯᠤᠭᠠᠳ 
 ᠡᠷᠭᠢ ᠶ᠋ᠢᠨ ᠵᠦᠯᠭᠡᠨ ᠳ᠋ᠦ᠍ ᠪᠠᠶᠠᠯᠠᠨ ᠨᠠᠭᠠᠳᠴᠤ 
 ᠡᠯᠡᠰᠦᠨ ᠦ᠌ ᠬᠡ ᠳ᠋ᠦ᠍ ᠮᠥᠷ ᠢ᠋ᠶ᠋ᠡᠨ ᠦᠯᠡᠳᠡᠭᠡᠯ᠎ᠡ  

 ᠳᠣᠯᠣᠭᠠᠨ ᠠᠯᠲᠠᠨ ᠣᠳᠣ ᠤᠰᠤᠨ ᠳ᠋ᠤ᠌ ᠱᠤᠮᠪᠠᠵᠤ 
 ᠳᠣᠯᠣᠭᠠᠨ ᠴᠠᠭᠠᠨ ᠴᠡᠴᠡᠭ ᠲᠦ᠍ ᠭᠡᠷᠡᠯᠲᠦᠨ᠎ᠡ 
 ᠳᠣᠯᠣᠭᠠᠨ ᠤᠶᠠᠬᠠᠨ ᠬᠥᠮᠦᠨ ᠬᠥᠪᠦᠭᠰᠡᠨ 
 ᠳᠣᠷᠣᠨ᠎ᠠ ᠶ᠋ᠢᠨ ᠨᠠᠭᠤᠷ ᠬᠡ ᠲᠡᠳᠡᠨ ᠮᠢᠷᠠᠯᠵᠠᠨ᠎ᠠ  

 ᠳᠣᠯᠣᠭᠠᠨ ᠴᠠᠭᠠᠨ ᠴᠡᠴᠡᠭ ᠨᠢ 
 ᠳᠣᠯᠣᠭᠠᠨ ᠬᠥᠭᠡᠷᠦᠬᠦᠨ ᠥᠬᠢᠨ ᠶᠦᠮ 
 ᠳᠣᠯᠣᠭᠠᠨ ᠬᠥᠭᠡᠷᠦᠬᠦᠨ ᠥᠬᠢᠨ ᠨᠢ 
 ᠳᠣᠯᠣᠭᠠᠨ ᠴᠠᠭᠠᠨ ᠬᠤᠨ ᠶᠤᠮ  

 ᠳᠣᠯᠣᠭᠠᠨ ᠴᠠᠭᠠᠨ ᠬᠤᠨ ᠨᠢ 
 ᠳᠣᠯᠣᠭᠠᠨ ᠴᠠᠭᠠᠨ ᠣᠳᠣ ᠶᠤᠮ  
 ᠳᠣᠯᠣᠭᠠᠨ ᠴᠠᠭᠠᠨ ᠣᠳᠣ ᠨᠢ 
 ᠳᠣᠯᠣᠭᠠᠨ ᠴᠠᠭᠠᠨ ᠰᠢᠯᠦᠭ ᠶᠦᠮ  

 ᠳᠣᠷᠣᠨ᠎ᠠ ᠶ᠋ᠢᠨ ᠪᠤᠭᠤᠷᠤᠯ ᠰᠥᠨᠢ ᠪᠡᠷ 
 ᠳᠣᠮᠣᠭ ᠢᠩᠭᠢᠵᠦ ᠮᠡᠨᠳᠦᠯᠡᠳᠡᠭ ᠶᠦᠮ 
 ᠦᠯᠢᠭᠡᠷ ᠪᠢᠰᠢ ᠭᠡᠵᠦ ᠦᠨᠡᠨ ᠢ᠋ ᠬᠡᠯᠡᠬᠦ ᠤᠤ? 
 ᠦᠨᠡᠨ ᠪᠢᠰᠢ ᠭᠡᠵᠦ ᠦᠯᠢᠭᠡᠷ ᠢ᠋ ᠨᠤᠲᠠᠯᠠᠬᠤ ᠤᠤ?  

         ᠬᠣᠶᠠᠷ 

 ᠵᠤᠨ ᠨᠠᠮᠤᠷ ᠤ᠋ᠨ ᠲᠣᠷᠭᠠᠨ ᠵᠠᠭᠠᠭ ᠢ᠋ ᠬᠡᠨ ᠮᠡᠳᠡᠨ᠎ᠡ 
 ᠵᠢᠷᠤᠭᠰᠠᠨ ᠲᠥᠷᠥᠭᠰᠡᠨ ᠦ᠌ ᠬᠢᠯᠢ ᠬᠢᠵᠠᠭᠠᠷ ᠢ᠋ ᠬᠡᠨ ᠢᠯᠭᠠᠨ᠎ᠠ 
 ᠬᠤᠳᠠᠯ ᠦᠨᠡᠨ ᠢ᠋ ᠬᠡᠨ ᠰᠢᠭᠦᠵᠦ ᠮᠡᠳᠡᠭᠦᠯᠦᠨ᠎ᠡ 
 ᠬᠤᠭᠤᠷ ᠶᠠᠲᠤᠭ᠎ᠠ ᠠᠯᠢ ᠨᠢ ᠢᠯᠡᠭᠦᠦ ᠶ᠋ᠢ ᠶᠠᠭᠠᠬᠢᠵᠤ ᠮᠡᠳᠡᠨ᠎ᠡ  

 ᠦᠯᠢᠭᠡᠷ ᠲᠡᠭᠦᠰᠦᠭᠰᠡᠨ ᠭᠠᠵᠠᠷ ᠠ᠋ᠴᠠ ᠦᠨᠡᠨ ᠡᠬᠢᠯᠡᠨ᠎ᠡ ᠤᠤ 
 ᠦᠨᠡᠨ ᠳᠠᠭᠤᠰᠤᠭᠰᠠᠨ ᠮᠥᠴᠡ ᠡᠴᠡ ᠦᠯᠢᠭᠡᠷ ᠠᠮᠢᠯᠭ᠎ᠠ ᠤᠤ? 
 ᠬᠠᠷ᠎ᠠ ᠶ᠋ᠢ ᠴᠠᠭᠠᠨ ᠭᠡᠪᠡᠯ ᠬᠠᠮᠤᠭ ᠠ᠋ᠴᠠ ᠦᠨᠡᠨ ᠴᠦ᠍ ᠶᠦ᠍ᠮ ᠤᠤ 
 ᠬᠠᠲᠠᠭᠤ ᠶ᠋ᠢ ᠵᠥᠭᠡᠯᠡᠨ ᠭᠡᠪᠡᠯ ᠬᠢᠵᠠᠭᠠᠷ ᠢ᠋ ᠲᠠᠨᠢᠬᠤ ᠴᠤ᠌ ᠶᠤᠮ ᠤᠤ?  

 ᠲᠥᠷᠥᠬᠦ ᠶ᠋ᠢ ᠦᠬᠦᠬᠦ ᠶ᠋ᠢᠨ ᠡᠬᠢᠯᠡᠯ ᠭᠡᠪᠡᠯ ᠦᠨᠡᠮᠰᠢᠬᠦ ᠤᠤ 
 ᠲᠥᠭᠡᠷᠢᠬᠦ ᠶ᠋ᠢ ᠣᠯᠬᠤ ᠶ᠋ᠢᠨ ᠦᠵᠦᠭᠦᠷ ᠭᠡᠪᠡᠯ ᠢᠲᠡᠭᠡᠬᠦ  ᠤᠤ 
 ᠦᠬᠦᠬᠦ ᠶ᠋ᠢ ᠲᠥᠷᠥᠬᠦ ᠶ᠋ᠢᠨ ᠡᠭᠦᠳᠬᠡᠯ ᠭᠡᠪᠡᠯ ᠵᠥᠪᠰᠢᠶᠡᠷᠡᠬᠦ ᠤᠤ 
 ᠦᠢᠯᠡ ᠶ᠋ᠢᠨ ᠦᠷ᠎ᠡ ᠶ᠋ᠢ ᠵᠣᠪᠠᠯᠠᠩ ᠭᠡᠪᠡᠯ ᠮᠠᠷᠭᠤᠬᠤ ‍ᠤᠣ?  

 ᠤᠰᠤ ᠶ᠋ᠢ ᠴᠠᠰᠤ ᠭᠡᠪᠡᠯ ᠰᠣᠯᠢᠶᠠᠷᠠᠯ᠎ᠠ ᠭᠡᠬᠦ ᠤᠤ 
 ᠠᠭᠤᠯᠠ ᠶ᠋ᠢ ᠰᠢᠷᠣᠢ ᠭᠡᠪᠡᠯ ᠭᠠᠯᠵᠠᠭᠤᠷᠠᠯ᠎ᠠ ᠭᠡᠬᠦ ᠤᠤ 
 ᠠᠨᠳᠠ ᠶ᠋ᠢ ᠳᠠᠢᠰᠤᠨ ᠭᠡᠪᠡᠯ ᠠᠨᠳᠠᠭᠤᠷᠠᠯ᠎ᠠ ᠭᠡᠬᠦ ᠤᠤ 
 ᠠᠷᠢᠶᠠᠲᠠᠨ ᠢ᠋ ᠨᠥᠬᠥᠷ ᠭᠡᠪᠡᠯ ᠡᠨᠳᠡᠭᠦᠷᠡᠯ᠎ᠡ ᠭᠡᠬᠦ ᠤᠤ?  

 ᠰᠠᠷᠢᠳᠠᠭ ᠥᠨᠳᠥᠷ ᠠᠭᠤᠯᠠᠰ ᠢ᠋ ᠳᠣᠪᠣᠴᠠᠭ ᠪᠠᠢᠭᠰᠠᠨ ᠳ᠋ᠤ᠌ ᠢᠲᠡᠭᠡᠬᠦ ᠤᠤ 
 ᠰᠠᠷᠠᠭᠤᠯ ᠲᠠᠯ᠎ᠠ ᠶ᠋ᠢᠨ ᠲᠤᠯᠤᠭᠠᠳ ᠢ᠋ ᠣᠷᠭᠢᠯ ᠪᠠᠢᠭᠰᠠᠨ ᠳ᠋ᠤ᠌ ᠦᠨᠡᠮᠰᠢᠬᠦ ᠤᠤ 
 ᠰᠠᠮᠠᠭᠠᠨ ᠪᠤᠭᠤᠷᠤᠯ ᠡᠵᠢ ᠪᠡᠨ ᠵᠠᠯᠠᠭᠤ ᠪᠠᠢᠭᠰᠠᠨ ᠢ᠋ ᠬᠤᠳᠠᠯ ᠭᠡᠬᠦ ᠤᠤ? 
 ᠰᠠᠢᠬᠠᠨ ᠪᠤᠭᠤᠷᠤᠯ ᠠᠪᠤ ᠪᠠᠨ ᠬᠡᠦᠬᠡᠳ ᠪᠠᠢᠭᠰᠠᠨ ᠢ᠋ ᠪᠤᠷᠤᠭᠤ ᠭᠡᠬᠦ ᠤᠤ? 

 ᠳᠣᠷᠣᠨ᠎ᠠ ᠶ᠋ᠢᠨ ᠪᠤᠭᠤᠷᠤᠯ ᠰᠥᠨᠢ ᠪᠡᠷ ᠳᠣᠮᠣᠭ ᠨᠢ ᠦᠨᠡᠨ ᠪᠣᠯᠳᠠᠭ ᠶᠤᠮ 
 ᠦᠢ ᠲᠦᠮᠡᠨ ᠣᠳᠣᠳ ᠤ᠋ᠨ ᠳᠣᠣᠷ᠎ᠠ ᠦᠨᠡᠨ ᠨᠢ ᠦᠯᠢᠭᠡᠷ ᠪᠣᠯᠳᠠᠭ ᠶᠤᠮ᠃