ᠬᠢᠲᠠᠳ ᠤ᠋ᠨ ᠪᠣᠬᠢᠷ ᠬᠥᠷᠥᠰᠥᠨ ᠳ᠋ᠦ᠍ ᠤᠷᠭᠤᠭᠤᠯᠤᠭᠰᠠᠨ ᠬᠦᠨᠡᠰᠦᠨ ᠦ᠌ ᠨᠣᠭᠣᠭ᠎ᠠ ᠶ᠋ᠢ ᠮᠣᠩᠭᠣᠯᠴᠤᠳ ᠠᠪᠳᠠᠭ ᠭᠡᠵᠦ ᠰᠣᠯᠣᠩᠭᠣᠰ ᠬᠥᠮᠦᠨ ᠶᠠᠷᠢᠯ᠎ᠠХятадын бохир хөрсөнд ургуулсан хүнсний ногоог Монголчууд авдаг Гэж Солонгос хүн ярилаа ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠲᠠᠳ ᠤ᠋ᠨ ᠪᠣᠬᠢᠷ ᠬᠥᠷᠥᠰᠥᠨ ᠳ᠋ᠦ᠍ ᠤᠷᠭᠤᠭᠤᠯᠤᠭᠰᠠᠨ ᠬᠦᠨᠡᠰᠦᠨ ᠦ᠌ ᠨᠣᠭᠣᠭ᠎ᠠ ᠶ᠋ᠢ ᠮᠣᠩᠭᠣᠯᠴᠤᠳ ᠠᠪᠳᠠᠭ ᠭᠡᠵᠦ ᠰᠣᠯᠣᠩᠭᠣᠰ ᠬᠥᠮᠦᠨ ᠶᠠᠷᠢᠯ᠎ᠠХятадын бохир хөрсөнд ургуулсан хүнсний ногоог Монголчууд авдаг Гэж Солонгос хүн ярилаа

ᠬᠢᠲᠠᠳ ᠤ᠋ᠨ ᠪᠣᠬᠢᠷ ᠬᠥᠷᠥᠰᠥᠨ ᠳ᠋ᠦ᠍ ᠤᠷᠭᠤᠭᠤᠯᠤᠭᠰᠠᠨ ᠬᠦᠨᠡᠰᠦᠨ ᠦ᠌ ᠨᠣᠭᠣᠭ᠎ᠠ ᠶ᠋ᠢ ᠮᠣᠩᠭᠣᠯᠴᠤᠳ ᠠᠪᠳᠠᠭ ᠭᠡᠵᠦ ᠰᠣᠯᠣᠩᠭᠣᠰ ᠬᠥᠮᠦᠨ ᠶᠠᠷᠢᠯ᠎ᠠХятадын бохир хөрсөнд ургуулсан хүнсний ногоог Монголчууд авдаг Гэж Солонгос хүн ярилаа

ᠠᠩᠭᠢᠯᠠᠯ:ᠠᠵᠤ ᠠᠬᠤᠢ
2022-08-08

385

ᠰᠣᠯᠣᠩᠭᠣᠰ ᠬᠥᠮᠦᠨ ᠺᠢᠮ ᠰᠤᠨ ᠴᠢᠯ ᠮᠣᠩᠭᠣᠯ ᠳ᠋ᠤ᠌ ᠤᠰᠤᠨ ᠦᠵᠦᠮ ᠲᠠᠷᠢᠶᠠᠯᠠᠵᠤ ᠴᠢᠳᠠᠭᠰᠠᠨ

ᠣᠯᠠᠨ ᠵᠢᠯ ᠦ᠋ᠨ
ᠰᠤᠳᠤᠯᠭᠠᠨ ᠤ᠋ ᠦᠷ᠎ᠡ ᠳ᠋ᠦᠩ ᠳ᠋ᠦ᠍ ᠤᠷᠭᠤᠭᠤᠯᠤᠭᠰᠠᠨ ᠤᠰᠤᠨ ᠦᠵᠦᠮ ᠦ᠋ᠨ ᠵᠢᠷᠭᠤᠭ᠎ᠠ ᠰᠣᠰᠢᠠᠯ ᠣᠷᠴᠢᠨ ᠳ᠋ᠤ᠌
ᠲᠠᠯᠪᠢᠭᠰᠠᠨ ᠢ᠋ᠶ᠋ᠠᠷ ᠣᠯᠠᠨ ᠨᠡᠢᠲᠡ ᠶᠡᠬᠡ ᠪᠡᠷ
ᠰᠣᠨᠢᠷᠬᠠᠵᠤ᠂ ᠰᠠᠢᠬᠠᠨ ᠰᠡᠳᠬᠢᠭᠳᠡᠯ ᠲᠥᠷᠥᠭᠦᠯᠦᠨ᠎ᠡ ᠭᠡᠵᠦ ᠲᠥᠰᠥᠭᠡᠯᠡᠭᠡ ᠦᠭᠡᠢ ᠭᠡᠮᠡᠨ ᠡᠩ ᠦ᠋ᠨ ᠶᠠᠷᠢᠬᠤ
ᠡᠷᠬᠢᠮ ᠪᠣᠯ ᠡᠷᠳᠡᠮᠲᠡᠨ᠂ ᠰᠤᠳᠤᠯᠤᠭᠠᠴᠢ ᠺᠢᠮ ᠰᠤᠩ-ᠴᠢᠯ᠃ ᠲᠡᠭᠦᠨ ᠢ᠋ ᠪᠢᠳᠡ 《ᠥᠨᠥᠳᠥᠷ ᠦ᠋ᠨ ᠣᠨᠴᠠᠯᠢᠭ》 ᠵᠣᠴᠢᠨ ᠢ᠋ᠶ᠋ᠠᠷ ᠤᠷᠢᠵᠤ᠂ ᠮᠣᠩᠭᠣᠯᠴᠤᠳ ᠴᠢᠨᠠᠷᠲᠠᠢ ᠬᠦᠨᠡᠰᠦᠨ ᠦ᠌ ᠨᠣᠭᠣᠭ᠎ᠠ
ᠬᠡᠷᠡᠭᠯᠡᠵᠦ ᠴᠢᠳᠠᠳᠠᠭ᠂ ᠡᠰᠡᠬᠦ ᠪᠣᠯᠤᠨ ᠳᠣᠲᠣᠭᠠᠳᠤ ᠳ᠋ᠤ᠌ ᠪᠠᠨ ᠨᠠᠷᠢᠨ ᠨᠣᠭᠣᠭ᠎ᠠ ᠶ᠋ᠢ ᠪᠡᠨ ᠪᠦᠷᠢᠨ
ᠬᠠᠩᠭᠠᠬᠤ ᠪᠣᠯᠤᠮᠵᠢ ᠪᠢᠳᠡᠨ ᠳ᠋ᠦ᠍ ᠪᠣᠢ ᠤᠤ ᠭᠡᠳᠡᠭ ᠰᠡᠳᠦᠪ ᠢ᠋ᠶ᠋ᠡᠷ ᠶᠠᠷᠢᠯᠴᠠᠯ᠎ᠠ᠃ ᠲᠡᠷᠡᠪᠡᠷ᠂ ᠰᠡᠯᠡᠩᠭᠡ ᠠᠢᠮᠠᠭ ᠤ᠋ᠨ
ᠪᠠᠶᠠᠩ ᠢᠶᠠᠯ ᠰᠤᠮᠤ ᠶ᠋ᠢᠨ ᠨᠤᠲᠤᠭ ᠲᠤ᠌ 30 ᠮᠢᠩᠭᠠᠨ ᠮᠧᠲ᠋ᠷ ᠳᠥᠷᠪᠡᠯᠵᠢᠨ ᠲᠠᠯᠠᠪᠠᠢ ᠳ᠋ᠤ᠌ ᠡᠮ ᠦ᠋ᠨ ᠤᠷᠭᠤᠮᠠᠯ᠂ ᠨᠠᠷᠢᠨ
ᠨᠣᠭᠣᠭ᠎ᠠ᠂ ᠠᠮᠲᠠᠲᠤ ᠲᠥᠮᠦᠰᠦᠨ ᠡᠴᠡ ᠡᠬᠢᠯᠡᠭᠦᠯᠦᠭᠡᠳ ᠴᠢᠪᠠᠭ᠎ᠠ᠂ ᠭᠦᠵᠡᠭᠡᠯᠵᠡᠭᠡᠨ᠎ᠡ᠂ ᠤᠰᠤᠨ ᠦᠵᠦᠮ
ᠵᠡᠷᠭᠡ 30 ᠭᠠᠷᠤᠢ ᠲᠥᠷᠥᠯ ᠦ᠋ᠨ
ᠨᠠᠷᠢᠨ ᠨᠣᠭᠣᠭ᠎ᠠ ᠲᠠᠷᠢᠳᠠᠭ᠃ ᠮᠣᠩᠭᠣᠯ ᠳ᠋ᠤ᠌ ᠢᠷᠡᠭᠡᠳ 22 ᠵᠢᠯ ᠪᠣᠯᠵᠤ ᠪᠠᠢᠭ᠎ᠠ ᠶᠤᠮ᠃ ᠠᠩᠬ᠎ᠠ 《ᠢᠣᠨᠰᠧᠢ ᠨᠠᠢᠷᠠᠮᠳᠠᠯ》 ᠡᠮᠨᠡᠯᠭᠡ ᠶ᠋ᠢᠨ ᠢᠨᠵᠧᠨᠧᠷ ᠢ᠋ᠶ᠋ᠡᠷ ᠢᠷᠡᠵᠦ᠂ 3 ᠵᠢᠯ ᠪᠣᠯᠤᠭᠠᠳ 2002 ᠣᠨ ᠡᠴᠡ ᠬᠦᠷ᠎ᠡ ᠳᠡᠭᠡᠳᠦ ᠰᠤᠷᠭᠠᠭᠤᠯᠢ ᠳ᠋ᠤ᠌ ᠪᠠᠭᠰᠢ ᠪᠠᠷ ᠠᠵᠢᠯᠯᠠᠵᠤ ᠡᠬᠢᠯᠡᠭᠰᠡᠨ
ᠠᠵᠢ᠃ ᠬᠠᠷᠢᠨ 2001 ᠣᠨ ᠡᠴᠡ
ᠪᠦᠬᠦ ᠲᠥᠷᠥᠯ ᠦ᠋ᠨ ᠬᠦᠨᠡᠰᠦᠨ ᠦ᠌ ᠨᠣᠭᠣᠭ᠎ᠠ ᠶ᠋ᠢ ᠲᠠᠷᠢᠵᠤ ᠤᠷᠭᠤᠭᠤᠯᠵᠤ ᠡᠬᠢᠯᠡᠭᠰᠡᠨ ᠪᠠᠢᠨ᠎ᠠ᠃