ᠬᠣᠷᠢᠨ ᠨᠢᠭᠡᠨ ᠳ᠋ᠠᠷ᠎ᠠ ᠡᠬᠡ ᠶ᠋ᠢᠨ ᠠᠴᠢᠯᠠᠯХорин нэгэн дарь эхийн ачлал ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠢᠨ ᠨᠢᠭᠡᠨ ᠳ᠋ᠠᠷ᠎ᠠ ᠡᠬᠡ ᠶ᠋ᠢᠨ ᠠᠴᠢᠯᠠᠯХорин нэгэн дарь эхийн ачлал

ᠬᠣᠷᠢᠨ ᠨᠢᠭᠡᠨ ᠳ᠋ᠠᠷ᠎ᠠ ᠡᠬᠡ ᠶ᠋ᠢᠨ ᠠᠴᠢᠯᠠᠯХорин нэгэн дарь эхийн ачлал

2025-01-26

1177

ᠬᠣᠷᠢᠨ ᠨᠢᠭᠡᠨ ᠳ᠋ᠠᠷ᠎ᠠ ᠡᠬᠡ ᠶ᠋ᠢᠨ ᠠᠴᠢᠯᠠᠯ

   ᠦᠭᠡ᠄ ᠳ᠂ ᠪᠠᠶᠠᠨᠳᠠᠯᠠᠢ 
   ᠠᠶ᠎ᠠ᠄ ᠭ᠂ ᠡᠷᠳᠡᠨᠢᠴᠢᠯᠠᠭᠤᠨ  

00᠄13 ᠡᠬᠢᠯᠡᠯ - ᠺ᠂ ᠨᠣᠮᠢᠨᠵᠢᠨ 
01᠄09 ᠡᠷᠢᠬᠡᠨ ᠳ᠋ᠦ᠍ ᠬᠤᠷᠢᠶᠠᠭᠴᠢ ᠳ᠋ᠠᠷ᠎ᠠ ᠡᠬᠡ - ᠳ᠂ ᠵᠢᠷᠭᠠᠯᠰᠠᠢᠬᠠᠨ 
01᠄52 ᠠᠳᠠ ᠨᠣᠮᠣᠬᠠᠷᠠᠭᠤᠯᠤᠭᠴᠢ ᠳ᠋ᠠᠷ᠎ᠠ ᠡᠬᠡ - ᠱ᠂ ᠴᠢᠮᠡᠳᠰᠡᠶᠡ 
02᠄35 ᠲᠡᠭᠦᠰ ᠡᠳ᠋ᠯᠡᠯ ᠢ᠋ ᠳᠡᠯᠭᠡᠷᠡᠭᠦᠯᠦᠭᠴᠢ ᠳ᠋ᠠᠷ᠎ᠠ ᠡᠬᠡ - ᠭ᠂ ᠦᠨᠡᠨᠬᠦᠦ 
03᠄31 ᠨᠠᠰᠤ ᠠᠷᠪᠢᠳᠬᠠᠬᠤ ᠳ᠋ᠠᠷ᠎ᠠ ᠡᠬᠡ - ᠮ᠂ ᠡᠩᠬᠡᠴᠡᠴᠡᠭ 
04᠄14 ᠰᠡᠳᠬᠢᠯ ᠪᠤᠯᠢᠶᠠᠭᠴᠢ ᠳ᠋ᠠᠷ᠎ᠠ ᠡᠬᠡ - ᠰ᠂ ᠡᠷᠬᠢᠮᠪᠠᠶᠠᠷ 
04᠄56 ᠪᠣᠳᠣ ᠨᠠᠷᠠ ᠰᠠᠷᠠ ᠶ᠋ᠢ ᠰᠣᠭᠲᠣᠭᠤᠷᠠᠭᠤᠯᠤᠭᠴᠢ ᠳ᠋ᠠᠷ᠎ᠠ ᠡᠬᠡ - ᠪ᠂ ᠰᠠᠷᠠᠨᠲᠤᠶᠠᠭ᠎ᠠ 
05᠄52 ᠬᠣᠣᠷᠯᠠᠯ ᠵᠦᠬᠡᠯ ᠢ᠋ ᠳᠠᠯᠳᠠᠯᠠᠨ ᠳᠠᠷᠤᠭᠴᠢ ᠳ᠋ᠠᠷ᠎ᠠ ᠡᠬᠡ -  ᠪ᠂ ᠪᠠᠲᠤᠵᠢᠷᠭᠠᠯ
06᠄35 ᠰᠢᠮᠨᠤᠰ ᠳᠠᠢᠰᠤᠨ ᠢ᠋ ᠳᠠᠷᠤᠨ ᠰᠥᠨᠥᠭᠡᠭᠴᠢ ᠳ᠋ᠠᠷ᠎ᠠ ᠡᠬᠡ - ᠴ᠂ ᠴᠢᠯᠠᠭᠤᠨᠴᠡᠴᠡᠭ
07᠄18 ᠠᠶᠤᠯ ᠠ᠋ᠴᠠ ᠠᠪᠤᠷᠠᠭᠴᠢ ᠳ᠋ᠠᠷ᠎ᠠ ᠡᠬᠡ -  ᠪ᠂ ᠪᠠᠲᠤᠮᠡᠨᠳᠦ 
08᠄14 ᠴᠢᠳᠬᠥᠷ ᠢ᠋ ᠡᠷᠭᠢᠨ ᠳ᠋ᠦ᠍ ᠪᠡᠨ ᠣᠷᠣᠭᠤᠯᠤᠭᠴᠢ ᠳ᠋ᠠᠷ᠎ᠠ ᠡᠬᠡ - ᠴ᠂ ᠣᠶᠤᠨᠴᠡᠴᠡᠭ
08᠄56 ᠦᠭᠡᠭᠦᠦ ᠬᠣᠭᠣᠰᠣᠷᠠᠬᠤ ᠶ᠋ᠢ ᠦᠳᠲᠡᠷ ᠠᠷᠢᠯᠭᠠᠭᠴᠢ ᠳ᠋ᠠᠷ᠎ᠠ ᠡᠬᠡ - ᠴ᠂ ᠲᠦᠪᠰᠢᠨᠲᠡᠭᠦᠰ
09᠄39 ᠥᠯᠵᠡᠢ ᠬᠤᠲᠤᠭ ᠢ᠋ ᠪᠠᠳᠠᠷᠠᠭᠤᠯᠤᠭᠴᠢ ᠳ᠋ᠠᠷ᠎ᠠ ᠡᠬᠡ - ᠳ᠂ ᠰᠢᠷᠡᠮᠦᠨᠲᠤᠶᠠᠭ᠎ᠠ 
10᠄35 ᠰᠠᠬᠢᠩ ᠬᠠᠮᠠᠭᠠᠯᠠᠭᠴᠢ ᠳ᠋ᠠᠷ᠎ᠠ ᠡᠬᠡ -  ᠪ᠂ ᠪᠣᠯᠣᠳᠪᠠᠭᠠᠲᠤᠷ
11᠄18 ᠲᠣᠳᠬᠠᠷ ᠳᠠᠷᠤᠭᠴᠢ ᠳ᠋ᠠᠷ᠎ᠠ ᠡᠬᠡ -  ᠪ᠂ ᠮᠢᠭᠮᠠᠷᠰᠦ᠋ᠷᠦᠩ
12᠄01 ᠬᠢᠯᠢᠨᠴᠡ ᠨᠣᠮᠣᠬᠠᠷᠠᠭᠤᠯᠤᠭᠴᠢ ᠳ᠋ᠠᠷ᠎ᠠ ᠡᠬᠡ - ᠮ᠂ ᠠᠷᠢᠭᠤᠨᠲᠤᠯᠭ᠎ᠠ
12᠄57 ᠪᠢᠯᠢᠭ ᠬᠢᠭᠡᠳ ᠲᠠᠷᠨᠢ ᠪᠠᠨ ᠠᠷᠪᠢᠳᠬᠠᠭᠴᠢ ᠳ᠋ᠠᠷ᠎ᠠ ᠡᠬᠡ - ᠯᠡ᠊᠂ ᠴᠣᠭᠵᠢᠯᠮ᠎ᠠ
13᠄39 ᠳᠠᠢᠰᠤᠨ ᠬᠢᠭᠡᠳ ᠬᠤᠯᠠᠭᠠᠢ ᠳᠠᠷᠤᠭᠴᠢ ᠳ᠋ᠠᠷ᠎ᠠ ᠡᠬᠡ - ᠴ᠂ ᠥᠯᠵᠡᠢ ᠣᠷᠣᠰᠢᠬᠤ
14᠄22 ᠯᠤᠤᠰ ᠰᠠᠪᠳᠠᠭ ᠤ᠋ᠨ ᠬᠣᠣᠷ ᠢ᠋ ᠠᠷᠢᠯᠭᠠᠭᠴᠢ ᠳ᠋ᠠᠷ᠎ᠠ ᠡᠬᠡ - ᠠ᠊᠂ ᠨᠡᠷᠡᠭᠦᠢ
15᠄18 ᠮᠠᠭᠤ ᠵᠡᠭᠦᠳᠦ ᠬᠡᠷᠡᠭᠦᠯ ᠢ᠋ ᠠᠷᠢᠯᠭᠠᠭᠴᠢ ᠳ᠋ᠠᠷ᠎ᠠ ᠡᠬᠡ - ᠴ᠂ ᠪᠠᠲᠤᠲᠥᠷᠥ 
16᠄01 ᠬᠢᠵᠢᠭ ᠡᠪᠡᠳᠴᠢᠨ ᠦ᠌ ᠬᠣᠣᠷ ᠢ᠋ ᠠᠷᠢᠯᠭᠠᠭᠴᠢ ᠳ᠋ᠠᠷ᠎ᠠ ᠡᠬᠡ - ᠯᠡ᠊᠂ ᠴᠢᠯᠠᠭᠤᠨᠴᠢᠮᠡᠭ
16᠄43 ᠠᠯᠢᠪᠠ ᠦᠢᠯᠡᠰ ᠪᠦᠬᠦᠨ ᠢ᠋ ᠪᠦᠲᠦᠭᠡᠭᠴᠢ ᠳ᠋ᠠᠷ᠎ᠠ ᠡᠬᠡ - ᠠ᠊᠂ ᠳᠣᠯᠭᠠᠷ 
ᠡᠬᠢᠯᠡᠯ 
ᠬᠣᠷᠯᠣ ᠡᠷᠳᠡᠨᠢ ᠶ᠋ᠢᠨ ᠱᠦᠩᠰᠢᠭᠲᠤ 
ᠬᠣᠷᠢᠨ ᠨᠢᠭᠡᠨ ᠳ᠋ᠠᠷ᠎ᠠ ᠡᠬᠡ ᠮᠢᠨᠢ 
ᠬᠣᠣᠷᠯᠠᠯ ᠳᠠᠪ( ᠪᠤᠵᠠᠷ) ᠢ᠋ ᠠᠷᠢᠭᠤᠰᠬᠠᠭᠴᠢ 
ᠬᠣᠷᠢᠨ ᠨᠢᠭᠡᠨ ᠪᠤᠷᠬᠠᠨ ᠮᠢᠨᠢ 
ᠰᠢᠳᠢ ᠤᠪᠠᠳᠢᠰ ᠲᠤ᠌ ᠲᠠᠨᠢ ᠪᠢᠰᠢᠷᠡᠵᠦ 
ᠰᠢᠪᠰᠢᠯᠭᠡ ᠲᠠᠷᠨᠢ ᠶ᠋ᠢ ᠲᠠᠨᠢ ᠬᠡᠯᠡᠶ᠎ᠡ 
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ 

1. ᠡᠷᠬᠡᠨ ᠳ᠋ᠦ᠍ ᠬᠤᠷᠢᠶᠠᠭᠴᠢ ᠳ᠋ᠠᠷ᠎ᠠ ᠡᠬᠡ 
ᠡᠷᠡᠮᠡᠰᠢ ᠰᠡᠳᠬᠢᠯ ᠢ᠋ ᠨᠣᠮᠣᠬᠠᠳᠬᠠᠬᠤ
ᠡᠪᠳᠡᠷᠡᠭᠰᠡᠨ ᠪᠦᠬᠦᠨ ᠢ᠋ ᠡᠪᠯᠡᠭᠦᠯᠬᠦ
ᠲᠥᠭᠡᠷᠭᠡ ᠵᠠᠶᠠᠭ᠎ᠠ ᠶ᠋ᠢ ᠲᠡᠭᠰᠢᠳᠬᠡᠬᠦ
ᠲᠥᠷᠥ ᠶ᠋ᠢᠨ ᠵᠠᠶᠢᠭ ᠢ᠋ ᠲᠦᠪᠰᠢᠳᠬᠡᠬᠦ
ᠡᠷᠬᠡᠨ ᠳ᠋ᠦ᠍ ᠬᠤᠷᠢᠶᠠᠭᠴᠢ ᠳ᠋ᠠᠷ᠎ᠠ ᠡᠬᠡ ᠶ᠋ᠢᠨ
ᠡᠷᠳᠡᠮ ᠴᠢᠳᠠᠯ ᠳ᠋ᠤ᠌ ᠰᠥᠬᠥᠷᠡᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

2.ᠠᠳᠠ ᠨᠣᠮᠣᠬᠠᠷᠠᠭᠤᠯᠤᠭᠴᠢ ᠳ᠋ᠠᠷ᠎ᠠ ᠡᠬᠡ
ᠵᠢᠷᠭᠤᠭᠠᠨ ᠰᠦᠪᠡ ᠲᠠᠪᠤᠨ ᠴᠤᠯᠤ ᠳ᠋ᠤ᠌
ᠵᠣᠪᠠᠯᠠᠩ ᠬᠤᠷᠠᠵᠤ ᠡᠪᠡᠳᠴᠢᠨ ᠠᠲᠠᠯᠠᠬᠤ
ᠰᠢᠨᠠᠯᠤᠯ ᠤ᠋ᠨ ᠲᠦᠮᠡᠨ ᠪᠠᠷᠴᠢᠳ ᠢ᠋
ᠰᠢᠳᠢᠲᠦ ᠲᠠᠷᠨᠢ ᠪᠠᠷ ᠢᠯᠠᠷᠠᠰᠢᠭᠤᠯᠤᠭᠴᠢ
ᠠᠳᠠ ᠨᠣᠮᠣᠬᠠᠷᠠᠭᠤᠯᠤᠭᠴᠢ ᠳ᠋ᠠᠷ᠎ᠠ ᠡᠬᠡ ᠶ᠋ᠢᠨ
ᠠᠭᠤᠤ ᠬᠦᠴᠦᠨ ᠳ᠋ᠦ᠍ ᠪᠢᠰᠢᠷᠡᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

3. ᠲᠡᠭᠦᠰ ᠡᠳ᠋ᠯᠡᠯ ᠢ᠋ ᠳᠡᠯᠭᠡᠷᠡᠭᠦᠯᠦᠭᠴᠢ ᠳ᠋ᠠᠷ᠎ᠠ ᠡᠬᠡ
ᠲᠥᠷᠥᠭᠰᠡᠨ ᠪᠠᠶᠠᠨ ᠳ᠋ᠤ᠌ ᠪᠤᠶᠠᠨ ᠬᠤᠷᠠᠵᠤ
ᠲᠦᠮᠡᠨ ᠦ᠌ ᠦᠢᠯᠡᠰ ᠲᠦ᠍ ᠭᠠᠴᠢᠶᠠᠯ ᠪᠠᠭᠠᠰᠴᠤ
ᠪᠤᠭᠤᠷᠤᠯ ᠬᠣᠷᠸ᠎ᠠ ᠶ᠋ᠢᠨ ᠪᠤᠮᠪᠠ ᠪᠢᠯᠬᠠᠵᠤ
ᠪᠤᠴᠠᠯᠤᠨ ᠣᠷᠭᠢᠯᠬᠤ ᠭᠣᠮᠣᠳᠠᠯ ᠰᠠᠷᠨᠢᠬᠤ
ᠲᠡᠭᠦᠰ ᠡᠳ᠋ᠯᠡᠯ ᠢ᠋ ᠳᠡᠯᠭᠡᠷᠡᠭᠦᠯᠦᠭᠴᠢ
ᠲᠡᠭᠦᠯᠳᠡᠷ ᠳ᠋ᠠᠷ᠎ᠠ ᠡᠬᠡ ᠳ᠋ᠦ᠍ ᠰᠥᠭᠥᠳᠦᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

4. ᠨᠠᠰᠤ ᠠᠷᠪᠢᠳᠬᠠᠬᠤ ᠳ᠋ᠠᠷ᠎ᠠ ᠡᠬᠡ
ᠳᠣᠲᠣᠷ᠎ᠠ ᠰᠡᠳᠬᠢᠯ ᠠᠷᠢᠭᠤᠰᠴᠤ
ᠳᠣᠷᠣᠢ ᠦᠵᠡᠯ ᠦᠭᠡᠢᠷᠡᠵᠦ
ᠤᠳᠠᠭᠠᠨ ᠵᠢᠷᠭᠠᠬᠤ ᠮᠥᠷ ᠵᠣᠬᠢᠶᠠᠬᠤ
ᠤᠳᠤᠮ ᠰᠠᠢᠵᠢᠷᠠᠬᠤ ᠦᠢᠯᠡ ᠪᠦᠲᠦᠭᠡᠬᠦ
ᠨᠠᠰᠤ ᠠᠷᠪᠢᠳᠬᠠᠬᠤ ᠳ᠋ᠠᠷ᠎ᠠ ᠡᠬᠡ ᠳ᠋ᠦ᠍
ᠨᠠᠮᠠᠨᠴᠢᠯᠠᠨ ᠪᠠᠢᠵᠤ ᠰᠥᠭᠥᠳᠦᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

5. ᠰᠡᠳᠬᠢᠯ ᠪᠤᠯᠢᠶᠠᠭᠴᠢ ᠳ᠋ᠠᠷ᠎ᠠ ᠡᠬᠡ
ᠠᠷᠭ᠎ᠠ ᠪᠢᠯᠢᠭ ᠦ᠋ᠨ ᠠᠯᠠᠭ ᠮᠡᠯᠮᠡᠢ
ᠠᠵᠠ ᠲᠠᠪᠢᠯᠠᠩᠲᠤ ᠦᠨᠡᠨᠴᠢ ᠬᠠᠢᠷ᠎ᠠ
ᠠᠭᠤᠤ ᠰᠠᠢᠬᠠᠨ ᠤ᠋ ᠡᠷᠬᠢᠮ ᠴᠢᠨᠠᠷ
ᠠᠰᠤᠷᠢ ᠲᠩᠷᠢ ᠶ᠋ᠢᠨ ᠠᠯᠲᠠᠨ ᠵᠠᠭᠠᠳᠠᠰᠤ
ᠰᠡᠳᠬᠢᠯ ᠪᠤᠯᠢᠶᠠᠭᠴᠢ ᠳ᠋ᠠᠷ᠎ᠠ ᠡᠬᠡ ᠲᠠᠨ ᠤ᠋
ᠰᠡᠪ ᠦᠭᠡᠢ ᠯᠠᠭᠱᠠᠨ ᠳ᠋ᠤ᠌ ᠰᠥᠭᠥᠳᠦᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

6. ᠪᠤᠳ᠋ ᠨᠠᠷᠠ ᠰᠠᠷᠠ ᠶ᠋ᠢ ᠰᠣᠭᠲᠣᠭᠤᠷᠠᠭᠤᠯᠤᠭᠴᠢ ᠳ᠋ᠠᠷ᠎ᠠ ᠡᠬᠡ
ᠶᠢᠰᠦᠨ ᠭᠠᠷᠠᠭ ᠡᠷᠭᠢᠨ ᠭᠡᠢᠬᠦ
ᠶᠡᠷᠦ ᠪᠤᠰᠤ ᠪᠠᠷ ᠢᠯᠪᠢᠨ ᠲᠠᠭᠠᠯᠠᠬᠤ
ᠢᠷᠣ᠎ᠠ ᠶ᠋ᠢᠨ ᠮᠠᠭᠤ ᠢᠯᠴᠢᠨ ᠳ᠋ᠦ᠍ ᠡᠭᠳᠡᠭᠦᠴᠡᠬᠦ
ᠶᠢᠷᠲᠢᠨᠴᠦ ᠶ᠋ᠢᠨ ᠣᠳᠣᠨ ᠤ᠋ ᠭᠦᠶᠦᠳᠡᠯ ᠳ᠋ᠦ᠍ ᠰᠠᠭᠤᠬᠤ
ᠪᠤᠳ᠋ ᠨᠠᠷᠠ ᠰᠠᠷᠠ ᠶ᠋ᠢ ᠰᠣᠭᠲᠣᠭᠤᠷᠠᠭᠤᠯᠤᠭᠴᠢ
ᠪᠤᠮᠪᠠ ᠳ᠋ᠠᠷ᠎ᠠ ᠡᠬᠡ ᠳ᠋ᠦ᠍ ᠰᠥᠭᠥᠳᠦᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

7. ᠬᠣᠣᠷᠯᠠᠯ ᠵᠦᠬᠡᠯ ᠢ᠋ ᠳᠠᠯᠳᠠᠯᠠᠨ ᠳᠠᠷᠤᠭᠴᠢ ᠳ᠋ᠠᠷ᠎ᠠ ᠡᠬᠡ
ᠮᠠᠭᠤ ᠵᠦᠭ ᠦ᠋ᠨ ᠯᠠᠢ ᠲᠠᠲᠠᠬᠤ
ᠮᠤᠯᠭᠤᠤ ᠪᠣᠳᠣᠯ ᠤ᠋ᠨ ᠭᠠᠢ ᠬᠤᠷᠠᠬᠤ
ᠰᠠᠨᠠᠭᠠᠨ ᠳ᠋ᠤ᠌ ᠣᠷᠣᠮ ᠦᠭᠡᠢ ᠵᠠᠩ ᠭᠠᠷᠭᠠᠬᠤ
ᠰᠠᠯᠭ᠎ᠠ ᠵᠠᠶᠠᠭᠠᠨ ᠤ᠋ ᠪᠤᠵᠠᠷ ᠡᠭᠦᠷᠯᠡᠬᠦ
ᠬᠣᠣᠷᠯᠠᠯ ᠵᠦᠬᠡᠯ ᠢ᠋ ᠳᠠᠯᠳᠠᠯᠠᠨ ᠳᠠᠷᠤᠭᠴᠢ
ᠬᠣᠪᠣᠰᠣ ᠰᠢᠳᠢᠲᠦ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

8. ᠰᠢᠮᠨᠤᠰ ᠳᠠᠢᠰᠤᠨ ᠢ᠋ ᠳᠠᠷᠤᠨ ᠰᠥᠨᠥᠭᠡᠭᠴᠢ ᠳ᠋ᠠᠷ᠎ᠠ ᠡᠬᠡ
ᠨᠥᠬᠥᠷ ᠦ᠋ᠨ ᠢᠲᠡᠭᠡᠯ ᠢ᠋ ᠣᠯᠠᠨ ᠳ᠋ᠤ᠌ ᠭᠢᠰᠬᠢᠬᠦ
ᠨᠠᠷᠢᠨ ᠨᠢᠭᠤᠴᠠ ᠶ᠋ᠢ ᠠᠭᠤᠳᠠᠯᠤᠨ ᠰᠢᠨᠵᠢᠯᠡᠬᠦ
ᠨᠠᠷᠠ ᠰᠠᠷᠠ ᠶ᠋ᠢ ᠬᠡᠲᠦᠷᠡᠭᠦᠯᠦᠨ ᠰᠡᠪᠲᠦᠭᠡᠬᠦ
ᠨᠠᠢ᠍ᠮᠠᠨ ᠵᠦᠭ ᠲᠡᠢ ᠭᠠᠰᠠᠯᠠᠩ ᠢ᠋ ᠲᠠᠷᠢᠭᠴᠢ
ᠰᠢᠮᠨᠤᠰ ᠳᠠᠢᠰᠤᠨ ᠢ᠋ ᠳᠠᠷᠤᠨ ᠰᠥᠨᠥᠭᠡᠭᠴᠢ
ᠱᠠᠭᠵᠠᠮᠤᠨᠢ ᠳ᠋ᠠᠷ᠎ᠠ ᠡᠬᠡ ᠳ᠋ᠦ᠍ ᠳᠠᠭᠠᠳᠬᠠᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

9. ᠠᠶᠤᠯ ᠠᠴᠠ ᠠᠪᠤᠷᠠᠭᠴᠢ ᠳ᠋ᠠᠷ᠎ᠠ ᠡᠬᠡ
ᠭᠠᠯ ᠤᠰᠤᠨ ᠤ᠋ ᠠᠶᠤᠯᠲᠤ ᠭᠠᠰᠠᠯᠠᠩ
ᠭᠠᠩ ᠵᠤᠳ ᠤ᠋ᠨ ᠠᠮᠠᠷ ᠦᠭᠡᠢ ᠵᠣᠪᠠᠯᠠᠩ
ᠦᠷᠦ ᠵᠢᠷᠦᠬᠡ ᠰᠢᠷᠬᠠᠯᠠᠭᠤᠯᠤᠨ ᠲᠠᠮᠤᠯᠠᠭᠴᠢ
ᠡᠪᠡᠳᠴᠢᠨ ᠡᠮᠭᠡᠭ ᠵᠠᠢᠯᠠᠭᠤᠯᠤᠨ ᠥᠭᠬᠦ 
ᠠᠶᠤᠯ ᠠᠴᠠ ᠠᠪᠤᠷᠠᠭᠴᠢ ᠳ᠋ᠠᠷ᠎ᠠ ᠡᠬᠡ ᠶ᠋ᠢᠨ
ᠠᠯᠲᠠᠨ ᠮᠣᠳᠣᠷ᠎ᠠ᠋ᠴᠠ ᠠᠳᠢᠰ ᠠᠪᠴᠤ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

10. ᠴᠢᠳᠬᠥᠷ ᠢ᠋ ᠡᠷᠬᠡᠨ ᠳ᠋ᠦ᠍ ᠪᠡᠨ ᠣᠷᠣᠭᠤᠯᠤᠭᠴᠢ ᠳ᠋ᠠᠷ᠎ᠠ ᠡᠬᠡ
ᠮᠠᠭᠤ ᠵᠦᠭ ᠦ᠋ᠨ ᠠᠯᠢᠪᠠ ᠲᠣᠳᠬᠠᠷ
ᠮᠤᠩᠬᠠᠭ ᠵᠠᠩ ᠤ᠋ᠨ ᠠᠯᠪᠢᠨ ᠲᠠᠴᠢᠶᠠᠯ
ᠬᠥᠮᠦᠨ ᠵᠠᠶᠠᠭ᠎ᠠ ᠶ᠋ᠢ ᠬᠣᠣᠷᠯᠠᠨ ᠲᠡᠷᠰᠯᠡᠭᠴᠢ
ᠬᠦᠰᠡᠯ ᠬᠢᠰᠠᠯ ᠤ᠋ᠨ ᠨᠢᠭᠤᠷ ᠲᠤ᠌ ᠪᠠᠶᠠᠷᠯᠠᠭᠴᠢ
ᠴᠢᠳᠬᠥᠷ ᠢ᠋ ᠡᠷᠬᠡᠨ ᠳ᠋ᠦ᠍ ᠪᠡᠨ ᠣᠷᠣᠭᠤᠯᠤᠨ ᠬᠤᠷᠢᠶᠠᠭᠴᠢ
ᠴᠢᠳᠠᠮᠵᠢ ᠶᠡᠬᠡᠲᠦ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

11. ᠦᠭᠡᠢᠭᠦᠦ ᠬᠣᠭᠣᠰᠣᠷᠠᠬᠤ ᠶ᠋ᠢ ᠦᠳᠲᠡᠷ ᠠᠷᠢᠯᠭᠠᠭᠴᠢ ᠳ᠋ᠠᠷ᠎ᠠ ᠡᠬᠡ
ᠡᠳᠦᠷ ᠪᠦᠷᠢ ᠠᠮᠠᠨ ᠤ᠋ ᠬᠡᠰᠢᠭ ᠳᠡᠯᠭᠡᠷᠡᠵᠦ
ᠥᠭᠯᠢᠭᠡ ᠶ᠋ᠢᠨ ᠴᠠᠭᠠᠨ ᠪᠤᠶᠠᠨ ᠬᠤᠷᠢᠶᠠᠭᠴᠢ
ᠦᠯᠡᠮᠵᠢ ᠲᠠᠩᠰᠤᠭ ᠣᠷᠴᠢᠯᠠᠩ ᠢ᠋ ᠠᠮᠠᠷᠠᠭᠠᠬᠤ
ᠦᠢᠯᠡ ᠶ᠋ᠢᠨ ᠰᠠᠢᠨ ᠦᠢᠯᠡᠰ ᠦᠶᠡᠷᠯᠡᠭᠦᠯᠬᠦ
ᠦᠭᠡᠢᠭᠦᠦ ᠬᠣᠭᠣᠰᠣᠷᠠᠬᠤ ᠶ᠋ᠢ ᠦᠳᠲᠡᠷ ᠠᠷᠢᠯᠭᠠᠬᠤ
ᠦᠨᠡᠨ ᠪᠢᠰᠢᠷᠡᠯᠲᠦ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

12. ᠥᠯᠵᠡᠢ ᠬᠤᠲᠤᠭ ᠢ᠋ ᠪᠠᠳᠠᠷᠠᠭᠤᠯᠤᠭᠴᠢ ᠳ᠋ᠠᠷ᠎ᠠ ᠡᠬᠡ
ᠳᠡᠭᠡᠳᠦ ᠲᠩᠷᠢ ᠳ᠋ᠦ᠍ ᠵᠠᠯᠠᠷᠠᠭᠴᠢ
ᠬᠥᠮᠦᠨ ᠵᠠᠶᠠᠭ᠎ᠠ ᠶ᠋ᠢ ᠲᠡᠭᠰᠢᠯᠡᠬᠦ
ᠳᠡᠭᠡᠪᠦᠷ ᠴᠠᠭᠠᠨ ᠭᠡᠷ ᠦ᠋ᠨ
ᠬᠦᠢᠰᠦ ᠭᠣᠯᠣᠮᠲᠠ ᠶ᠋ᠢ ᠠᠰᠠᠭᠠᠯᠴᠠᠬᠤ
ᠥᠯᠵᠡᠢ ᠬᠤᠲᠤᠭ ᠢ᠋ ᠪᠠᠳᠠᠷᠠᠭᠤᠯᠤᠭᠴᠢ
ᠦᠷᠦ ᠵᠥᠭᠡᠯᠡᠨ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

13. ᠰᠠᠬᠢᠨ ᠬᠠᠮᠠᠭᠠᠯᠠᠭᠴᠢ ᠳ᠋ᠠᠷ᠎ᠠ ᠡᠬᠡ 
ᠲᠤᠭᠤᠷᠭ᠎ᠠ ᠲᠤᠰᠠᠭᠠᠷ ᠣᠷᠣᠨ ᠤ᠋
ᠲᠤᠭ ᠰᠦᠯᠳᠡ ᠶ᠋ᠢ ᠪᠠᠳᠠᠷᠠᠭᠠᠭᠴᠢ
ᠠᠶᠤᠯ ᠭᠠᠰᠠᠯᠠᠩ ᠢ᠋ ᠵᠠᠢᠯᠠᠭᠤᠯᠤᠭᠴᠢ
ᠠᠯᠢᠪᠠ ᠰᠠᠢᠨ ᠢ᠋ ᠳᠡᠭᠡᠳᠦᠯᠡᠭᠴᠢ
ᠰᠠᠬᠢᠨ ᠬᠠᠮᠠᠭᠠᠯᠠᠭᠴᠢ ᠳ᠋ᠠᠷ᠎ᠠ ᠡᠬᠡ ᠶ᠋ᠢᠨ
ᠰᠠᠩ ᠰᠡᠷᠵᠢᠮ ᠦ᠋ᠨ ᠬᠦᠴᠦᠨ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

14. ᠲᠣᠳᠬᠠᠷ ᠳᠠᠷᠤᠭᠴᠢ ᠳ᠋ᠠᠷ᠎ᠠ ᠡᠬᠡ
ᠰᠠᠪᠠ ᠰᠢᠮ᠎ᠡ ᠶᠢᠷᠲᠢᠨᠴᠦ ᠶ᠋ᠢᠨ
ᠰᠠᠭᠠᠳ ᠪᠤᠷᠲᠠᠭ ᠢ᠋ ᠠᠷᠢᠯᠭᠠᠬᠤ
ᠰᠠᠢᠨ ᠦᠢᠯᠡᠰ ᠲᠦ᠍ ᠲᠣᠷᠬᠤ ᠯᠠᠢ ᠶ᠋ᠢ
ᠰᠠᠮᠪᠠᠢ ᠪᠣᠯᠲᠠᠯ᠎ᠠ ᠰᠡᠮᠡᠯᠬᠦ
ᠲᠣᠳᠬᠠᠷ ᠳᠠᠷᠤᠭᠴᠢ ᠳ᠋ᠠᠷ᠎ᠠ ᠡᠬᠡ ᠶ᠋ᠢᠨ
ᠲᠡᠭᠦᠰ ᠡᠷᠳᠡᠮ ᠳ᠋ᠦ᠍ ᠰᠢᠳᠦᠨ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

15. ᠬᠢᠯᠢᠨᠴᠡ ᠨᠣᠮᠣᠬᠠᠷᠠᠭᠤᠯᠤᠭᠴᠢ ᠳ᠋ᠠᠷ᠎ᠠ ᠡᠬᠡ
ᠠᠯᠲᠠᠨ ᠠᠮᠢ ᠲᠠᠰᠤᠯᠬᠤ
ᠠᠳᠤᠭᠤᠰᠤ ᠮᠡᠲᠦ ᠬᠤᠷᠢᠴᠠᠬᠤ
ᠬᠤᠳᠠᠯ ᠬᠡᠯᠡᠵᠦ ᠬᠠᠭᠤᠷᠠᠬᠤ
ᠬᠤᠯᠠᠭᠠᠢ ᠬᠢᠵᠦ ᠱᠤᠯᠤᠬᠤ
ᠬᠢᠯᠢᠨᠴᠡ ᠨᠣᠮᠣᠬᠠᠷᠠᠭᠤᠯᠤᠭᠴᠢ ᠳ᠋ᠠᠷ᠎ᠠ ᠡᠬᠡ ᠶ᠋ᠢᠨ
ᠭᠡᠮ ᠦᠭᠡᠢ ᠰᠦᠷᠲᠦ ᠢᠳᠢ ᠰᠢᠳᠢ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

16. ᠪᠢᠯᠢᠭ ᠬᠢᠭᠡᠳ ᠲᠠᠷᠨᠢ ᠪᠠᠨ ᠠᠷᠪᠢᠳᠬᠠᠭᠴᠢ ᠳ᠋ᠠᠷ᠎ᠠ ᠡᠬᠡ
ᠵᠠᠯᠪᠠᠷᠢᠯ ᠦᠢᠯᠡᠳᠦᠨ ᠰᠡᠳᠬᠢᠯ ᠲᠥᠪᠯᠡᠷᠡᠵᠦ
ᠽᠠᠮᠪᠤᠯᠢᠩ ᠬᠣᠷᠸ᠎ᠠ ᠶ᠋ᠢᠨ ᠭᠠᠰᠠᠯᠠᠩ ᠢ᠋ ᠬᠥᠭᠡᠭᠡᠬᠦ
ᠵᠢᠷᠭᠤᠭᠠᠲᠠᠢ ᠲᠠᠶᠠᠭ ᠢ᠋ᠶ᠋ᠠᠨ ᠲᠤᠯᠤᠨ ᠵᠢᠳᠬᠦᠬᠦ
ᠵᠠᠭᠤᠨ ᠵᠢᠸ᠎ᠠ ᠪᠠᠷ ᠮᠠᠨᠢ ᠪᠠᠨ ᠰᠢᠪᠰᠢᠬᠦ
ᠪᠢᠯᠢᠭ ᠬᠢᠭᠡᠳ ᠲᠠᠷᠨᠢ ᠪᠠᠨ ᠠᠷᠪᠢᠳᠬᠠᠭᠴᠢ
ᠪᠢᠯᠢᠭᠦᠨ ᠨᠣᠮᠲᠤ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

17. ᠳᠠᠢᠰᠤᠨ ᠬᠢᠭᠡᠳ ᠬᠤᠯᠠᠭᠠᠢ ᠳᠠᠷᠤᠭᠴᠢ ᠳ᠋ᠠᠷ᠎ᠠ ᠡᠬᠡ
ᠦᠵᠡᠯ ᠵᠥᠷᠢᠵᠦ ᠵᠡᠪᠰᠡᠭ ᠪᠠᠷᠢᠬᠤ
ᠦᠳᠲᠡᠷ ᠲᠦᠷᠭᠡᠨ ᠣᠯᠵᠠᠨ ᠳ᠋ᠤ᠌ ᠰᠢᠨᠤᠬᠤ
ᠢᠯᠡᠭᠦᠦ ᠬᠠᠷᠠᠵᠤ ᠨᠢᠭᠤᠪᠤᠷᠢ ᠠᠪᠬᠤ
ᠢᠲᠡᠭᠡᠯ ᠠᠯᠳᠠᠵᠤ ᠨᠢᠭᠤᠴᠠ ᠳᠡᠯᠭᠡᠬᠦ
ᠳᠠᠢᠰᠤᠨ ᠬᠢᠭᠡᠳ ᠬᠤᠯᠠᠭᠠᠢ ᠳᠠᠷᠤᠭᠴᠢ
ᠳ᠋ᠠᠷ᠎ᠠ ᠡᠬᠡ ᠲᠠᠨ ᠤ᠋ ᠤᠪᠠᠳᠢᠰ ᠲᠤ᠌ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

18. ᠯᠤᠤᠰ ᠰᠠᠪᠳᠠᠭ ᠤ᠋ᠨ ᠬᠣᠣᠷ ᠢ᠋ ᠠᠷᠢᠯᠭᠠᠭᠴᠢ ᠳ᠋ᠠᠷ᠎ᠠ ᠡᠬᠡ
ᠠᠭᠤᠯᠠ ᠤᠰᠤ ᠪᠠᠨ ᠦᠯᠦ ᠪᠠᠶᠠᠰᠬᠠᠬᠤ
ᠤᠷᠤᠭ ᠲᠥᠷᠥᠯ ᠢ᠋ᠶ᠋ᠡᠨ ᠦᠯᠦ ᠬᠠᠢᠷᠠᠯᠠᠬᠤ
ᠤᠷᠭᠤᠭ᠎ᠠ ᠪᠦᠬᠦᠨ ᠢ᠋ᠶ᠋ᠡᠨ ᠦᠳᠲᠡᠷ ᠤᠰᠠᠳᠬᠠᠬᠤ
ᠣᠯᠢᠭᠲᠤ ᠮᠠᠭᠤ ᠵᠤᠷᠰᠢᠯ ᠢ᠋ᠶ᠋ᠠᠷ ᠰᠠᠵᠢᠬᠤ
ᠯᠤᠤᠰ ᠰᠠᠪᠳᠠᠭ ᠤ᠋ᠨ ᠬᠣᠣᠷ ᠢ᠋ ᠠᠷᠢᠯᠭᠠᠭᠴᠢ
ᠯᠤᠤᠰ ᠤ᠋ᠨ ᠳᠠᠭᠢᠨᠢ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

19. ᠮᠠᠭᠤ ᠵᠡᠭᠦᠳᠦ ᠬᠡᠷᠡᠭᠦᠯ ᠢ᠋ ᠠᠷᠢᠯᠭᠠᠭᠴᠢ ᠳ᠋ᠠᠷ᠎ᠠ ᠡᠬᠡ
ᠦᠭᠡ ᠰᠥᠷᠭᠡᠯᠳᠦᠨ ᠨᠢᠳᠦ ᠪᠣᠰᠬᠤ
ᠤᠢᠯᠠᠨ ᠳ᠋ᠤ᠌ ᠬᠠᠷᠠᠳᠠᠨ ᠮᠠᠭᠤ ᠰᠠᠨᠠᠬᠤ
ᠰᠡᠳᠬᠢᠯ ᠶᠣᠷᠣᠯᠠᠵᠤ ᠨᠣᠢᠷ ᠬᠤᠯᠵᠢᠬᠤ
ᠰᠡᠪ ᠰᠠᠭᠤᠯᠭᠠᠵᠤ ᠵᠢᠷᠦᠬᠡ ᠴᠢᠩᠭᠠᠭᠠᠬᠤ
ᠮᠠᠭᠤ ᠵᠡᠭᠦᠳᠦ ᠬᠡᠷᠡᠭᠦᠯ ᠢ᠋ ᠠᠷᠢᠯᠭᠠᠭᠴᠢ
ᠮᠣᠳᠣᠷ ᠠᠷᠢᠭᠤᠨ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

20. ᠬᠢᠵᠢᠭ ᠡᠪᠡᠳᠴᠢᠨ ᠦ᠌ ᠬᠣᠣᠷ ᠢ᠋ ᠠᠷᠢᠯᠭᠠᠭᠴᠢ ᠳ᠋ᠠᠷ᠎ᠠ ᠡᠬᠡ
ᠬᠠᠯᠠᠭᠤᠨ ᠰᠢᠳᠡᠵᠦ ᠳᠣᠲᠣᠷ᠎ᠠ ᠬᠣᠷᠣᠰᠬᠤ
ᠬᠠᠮᠤᠭ ᠪᠠᠶᠠᠨ ᠳ᠋ᠤ᠌ ᠡᠪᠡᠳᠴᠢᠨ ᠬᠤᠷᠠᠬᠤ
ᠪᠤᠵᠠᠷ ᠪᠦᠬᠦᠨ ᠢ᠋ᠶ᠋ᠡᠨ ᠭᠤᠯᠭᠢᠨ ᠭᠠᠷᠭᠠᠬᠤ
ᠪᠤᠯᠤᠤ ᠱᠠᠷᠬᠢᠷᠠᠵᠤ ᠰᠢᠨᠠᠯᠵᠤ ᠵᠣᠪᠠᠬᠤ
ᠬᠢᠵᠢᠭ ᠡᠪᠡᠳᠴᠢᠨ ᠦ᠌ ᠬᠣᠣᠷ ᠢ᠋ ᠳᠠᠷᠤᠭᠴᠢ
ᠬᠡᠯᠡ ᠴᠠᠭᠠᠨ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

21. ᠠᠯᠢᠪᠠ ᠦᠢᠯᠡᠰ ᠪᠦᠬᠦᠨ ᠢ᠋ ᠪᠦᠲᠦᠭᠡᠭᠴᠢ ᠳᠠᠷ᠎ᠠ ᠡᠬᠡ
ᠬᠣᠲᠠᠯᠠ ᠣᠯᠠᠨ ᠰᠡᠳᠬᠢᠯ ᠲᠡᠨᠢᠭᠡᠷ
ᠬᠣᠣᠷᠯᠠᠯ ᠪᠠᠷᠴᠢᠳ ᠠᠮᠤᠷ ᠲᠠᠢᠪᠤᠩ
ᠳᠡᠯᠡᠬᠡᠢ ᠶ᠋ᠢᠨ ᠡᠩ ᠢ᠋ᠶ᠋ᠡᠷ ᠳᠡᠭᠡᠪᠦᠷ ᠪᠦᠲᠦᠨ
ᠳᠡᠭᠡᠳᠦ ᠲᠩᠷᠢ ᠪᠡᠷ ᠮᠡᠴᠢᠳ ᠠᠯᠲᠠᠨ
ᠠᠯᠢᠪᠠ ᠦᠢᠯᠡᠰ ᠪᠦᠬᠦᠨ ᠢ᠋ ᠪᠦᠲᠦᠭᠡᠭᠴᠢ
ᠠᠷᠢᠭᠤᠨ ᠳᠠᠭᠰᠢᠨ ᠳ᠋ᠠᠷ᠎ᠠ ᠡᠬᠡ ᠳ᠋ᠦ᠍ ᠮᠥᠷᠭᠥᠶ᠎ᠡ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ
ᠣᠮ ᠳ᠋ᠠᠷᠢ ᠳ᠋ᠦᠳ ᠳ᠋ᠠᠷᠢ ᠳ᠋ᠦᠷᠡᠢ ᠰᠤᠬ᠎ᠠ

ᠠᠷᠢᠭᠤᠨ ᠨᠣᠮ ᠤ᠋ᠨ ᠰᠠᠢᠨ ᠦᠢᠯᠡᠰ ᠪᠦᠬᠦᠨ ᠨᠢ
ᠠᠶ᠎ᠠ ᠨᠠᠢᠷᠲᠠᠢ ᠰᠡᠳᠬᠢᠯᠴᠢᠯᠡᠨ ᠪᠦᠲᠦᠵᠦ
ᠰᠠᠢᠨ ᠶᠠᠪᠤᠳᠠᠯ ᠤ᠋ᠨ ᠢᠷᠦᠭᠡᠯ ᠢ᠋ ᠲᠠᠯᠪᠢᠭᠰᠠᠨ ᠢ᠋ᠶ᠋ᠠᠷ
ᠰᠠᠶᠢ ᠮᠢᠨᠦ ᠬᠤᠷᠢᠶᠠᠭᠰᠠᠨ ᠪᠤᠶᠠᠨ ᠢ᠋ᠶ᠋ᠠᠷ
ᠠᠮᠢᠲᠠᠨ ᠪᠦᠭᠦᠳᠡ ᠶ᠋ᠢᠨ ᠢᠷᠦᠭᠡᠯ ᠪᠦᠬᠦᠨ
ᠭᠱᠠᠨ ᠲᠡᠳᠦᠢ ᠳ᠋ᠦ᠍ ᠪᠦᠲᠦᠬᠦ ᠪᠣᠯᠲᠤᠭᠠᠢ!

ᠳᠠᠭᠤᠤ ᠶ᠋ᠢᠨ ᠦᠭᠡ ᠶ᠋ᠢ ᠬᠥᠷᠪᠡᠭᠦᠯᠦᠭᠰᠡᠨ ᠨᠢ᠄ ᠠᠯᠲᠠᠨᠨᠠᠪᠴᠢ

“ХОРИН НЭГЭН ДАРЬ-ЭХИЙН АЧЛАЛ”
ҮГ: Д.БАЯНДАЛАЙ
АЯ: Г.ЭРДЭНЭЧУЛУУН

00:13 Эхлэл - К.НОМИНЖИН
01:09 Эрхинд хураагч Дарь Эх - Д.ЖАРГАЛСАЙХАН
01:52 Ад номхруулагч Дарь Эх - Ш.ЧИМЭДЦИЕЭ
02:35 Төгс эдлэлийг дэлгэрүүлэгч Дарь Эх - Х.ҮНЭНХҮҮ
03:31 Нас аривтгах Дарь Эх - М.ЭНХЦЭЦЭГ
04:14 Сэтгэл булаагч Дарь Эх - С.ЭРХЭМБАЯР
04:56 Буд нар сарыг согтууруулагч Дарь Эх - Б.САРАНТУЯА
05:52 Хорлол зүхлийг далдлан дарагч Дарь Эх - Б.БАТЖАРГАЛ
06:35 Шимнус дайсныг даран сөнөөгч Дарь Эх - Ц.ЧУЛУУНЦЭЦЭГ
07:18 Аюулаас аврагч Дарь Эх - Б.БАТМЭНД
08:14 Чөтгөрийг эрхэндээ оруулагч Дарь Эх - Ц.ОЮУНЦЭЦЭГ
08:56 Үгээгүй хоосрохыг үтэр арилгагч Дарь Эх - Ц.ТҮВШИНТӨГС
09:39 Өлзий хутгийг бадруулагч Дарь Эх - Д.ШИРМЭНТУЯА
10:35 Сахин хамгаалагч Дарь Эх - Б.БОЛДБААТАР
11:18 Тотгор дарагч Дарь Эх - Б.МЯГМАРСҮРЭН
12:01 Хилэнц номхруулагч Дарь Эх - М.АРИУНТУЛГА
12:57 Билиг хийгээд тарниа арвитгагч Дарь Эх - Л.ЦОГЗОЛМАА
13:39 Дайсан хийгээд хулгай дарагч Дарь Эх - Ц.ӨЛЗИЙ-ОРШИХ
14:22 Лус савдагийн хорыг арилгагч Дарь Эх - А.НЭРГҮЙ
15:18 Муу зүүд хэрүүлийг арилгагч Дарь Эх - Ц.БАТТӨР
16:01 Хижиг өвчний хорыг арилгагч Дарь Эх - Л.ЧУЛУУНЧИМЭГ
16:43 Аливаа үйлс бүхнийг бүтээгч Дарь Эх - А.ДОЛГОР