ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 10ᠬᠠᠮᠤᠭ ᠊ᠤᠨ ᠠᠮᠲᠠᠲᠠᠢ ᠢᠳᠡᠭᠡᠨ Хэл бичиг-бага сургуули нэгдүгээр он доорд ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 10ᠬᠠᠮᠤᠭ ᠊ᠤᠨ ᠠᠮᠲᠠᠲᠠᠢ ᠢᠳᠡᠭᠡᠨ Хэл бичиг-бага сургуули нэгдүгээр он доорд

ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 10ᠬᠠᠮᠤᠭ ᠊ᠤᠨ ᠠᠮᠲᠠᠲᠠᠢ ᠢᠳᠡᠭᠡᠨ Хэл бичиг-бага сургуули нэгдүгээр он доорд

ᠠᠩᠭᠢᠯᠠᠯ:ᠬᠡᠯᠡ ᠪᠢᠴᠢᠭ
2025-01-25

1442

10 ᠬᠠᠮᠤᠭ ᠊ᠤᠨ ᠠᠮᠲᠠᠲᠠᠢ ᠢᠳᠡᠭᠡᠨ

     ᠢᠰᠢᠭᠡ ᠪᠣᠯᠤᠨ ᠪᠢᠴᠢᠬᠠᠨ ᠮᠤᠤᠷ ᠬᠣᠶᠠᠭᠤᠯᠠ ᠳᠡᠯᠡᠬᠡᠢ ᠳᠡᠭᠡᠷ᠎ᠡ ᠶᠠᠭᠤ ᠬᠠᠮᠤᠭ ᠤ᠋ᠨ ᠠᠮᠲᠠᠲᠠᠢ ᠪᠣᠯᠬᠤ ᠲᠤᠬᠠᠢ ᠮᠠᠷᠭᠤᠯᠳᠤᠪᠠ᠃
     ᠢᠰᠢᠭᠡ᠄ 《ᠳᠡᠯᠡᠬᠡᠢ ᠳᠡᠭᠡᠷ᠎ᠡ ᠨᠢᠯᠵᠠᠷᠠᠢ ᠡᠪᠡᠰᠦ ᠬᠠᠮᠤᠭ ᠤ᠋ᠨ ᠠᠮᠲᠠᠲᠠᠢ᠂ ᠨᠢᠯᠵᠠᠷᠠᠢ ᠡᠪᠡᠰᠦ ᠵᠥᠪ ᠵᠥᠭᠡᠯᠡᠨ ᠮᠥᠷᠲᠡᠭᠡᠨ ᠨᠣᠪ ᠨᠣᠭᠣᠭᠠᠨ》 ᠭᠡᠯ᠎ᠡ᠃
     ᠪᠢᠴᠢᠬᠠᠨ ᠮᠤᠤᠷ᠄ 《ᠪᠢ ᠦᠵᠡᠬᠦ ᠳ᠋ᠤ᠌ ᠳᠡᠯᠡᠬᠡᠢ ᠳᠡᠭᠡᠷ᠎ᠡ ᠬᠠᠮᠤᠭ ᠤ᠋ᠨ ᠠᠮᠲᠠᠲᠠᠢ ᠨᠢ ᠵᠢᠭᠠᠰᠤ᠃ ᠵᠢᠭᠠᠰᠤᠨ ᠮᠢᠬ᠎ᠠ ᠵᠥᠭᠡᠯᠡᠨ ᠮᠥᠷᠲᠡᠭᠡᠨ ᠠᠩᠬᠢᠯᠤᠮ᠎ᠠ》 ᠭᠡᠯ᠎ᠡ᠃
     ᠲᠡᠳᠡ ᠬᠣᠶᠠᠭᠤᠯᠠ ᠥᠪᠡᠷ ᠥᠪᠡᠷ ᠦ᠋ᠨ ᠢ᠋ᠶ᠋ᠡᠨ ᠦᠵᠡᠯᠲᠡ ᠪᠡᠨ ᠪᠠᠷᠢᠮᠲᠠᠯᠠᠵᠤ᠂ ᠬᠡᠨ ᠨᠢ ᠴᠦ᠍ ᠨᠠᠢᠷ ᠲᠠᠯᠪᠢᠬᠤ ᠦᠭᠡᠢ ᠪᠠᠢᠪᠠ᠃ ᠰᠡᠭᠦᠯ ᠳ᠋ᠤ᠌ ᠪᠡᠨ ᠪᠢᠴᠢᠬᠠᠨ ᠰᠠᠮᠵᠠ ᠠ᠋ᠴᠠ ᠠᠰᠠᠭᠤᠬᠤ ᠪᠠᠷ ᠣᠴᠢᠪᠠ᠃
     ᠲᠡᠭᠡᠬᠦ ᠳ᠋ᠤ᠌ ᠪᠢᠴᠢᠬᠠᠨ ᠰᠠᠮᠵᠠ᠄ 《ᠲᠠ ᠬᠣᠶᠠᠭᠤᠯᠠ ᠦᠨᠡᠬᠡᠷ ᠲᠡᠨᠡᠭ ᠪᠠᠢᠨ᠎ᠠ᠃ ᠳᠡᠯᠡᠬᠡᠢ ᠳᠡᠭᠡᠷ᠎ᠡ ᠶᠠᠭᠤ ᠬᠠᠮᠤᠭ ᠤ᠋ᠨ ᠠᠮᠲᠠᠲᠠᠢ ᠶ᠋ᠢ ᠴᠦ᠍ ᠮᠡᠳᠡᠬᠦ ᠦᠭᠡᠢ ᠭᠡᠵᠦ ᠦᠦ? ᠳᠡᠯᠡᠬᠡᠢ ᠳᠡᠭᠡᠷ᠎ᠡ ᠬᠠᠮᠤᠭ ᠠᠮᠲᠠᠲᠠᠢ ᠨᠢ ᠲᠣᠭᠣᠷ ᠰᠢᠦ ᠳ᠋ᠠ᠃ ᠲᠣᠭᠣᠷ ᠤᠪ ᠤᠯᠠᠭᠠᠨ ᠮᠥᠷᠲᠡᠭᠡᠨ ᠰᠢᠬᠢᠷᠯᠢᠭ ᠰᠠᠢᠬᠠᠨ᠂ ᠦᠨᠡᠬᠡᠷ ᠠᠮᠲᠠᠲᠠᠢ!》 ᠭᠡᠪᠡ᠃
     ᠲᠡᠭᠡᠭᠡᠳ ᠲᠡᠳᠡ ᠭᠤᠷᠪᠠᠭᠤᠯᠠ ᠨᠢᠭᠡ ᠨᠢᠭᠡᠨ ᠤ ᠪᠡᠨ ᠦᠵᠡᠯᠲᠡ ᠶ᠋ᠢ ᠵᠥᠪᠰᠢᠶᠡᠷᠡᠬᠦ ᠦᠭᠡᠢ ᠪᠣᠯᠬᠣᠷ ᠬᠡᠷᠡᠯᠳᠦᠴᠢᠬᠡᠪᠡ᠃
     ᠶᠠᠭ ᠡᠨᠡ ᠦᠶ᠎ᠡ ᠳ᠋ᠤ᠌ ᠲᠡᠮᠡᠭᠡ ᠭᠤᠸᠠᠢ ᠬᠦᠷᠴᠦ ᠢᠷᠡᠭᠡᠳ 《ᠲᠠ ᠨᠠᠷ ᠤ᠋ᠨ ᠶᠠᠷᠢᠵᠤ ᠪᠠᠢᠬᠤ ᠴᠢᠨᠢ ᠪᠦᠷ ᠵᠥᠪ᠃ ᠠᠮᠢᠲᠠᠨ ᠪᠦᠬᠦᠨ ᠳ᠋ᠤ᠌ ᠥᠪᠡᠷ ᠥᠪᠡᠷ ᠦ᠋ᠨ ᠬᠢᠨᠢ ᠳᠤᠷᠠᠲᠠᠢ ᠢᠳᠡᠭᠡᠨ ᠪᠠᠢᠳᠠᠭ》 ᠭᠡᠪᠡ ᠃ ᠡᠭᠦᠨ ᠢ᠋ ᠰᠣᠨᠣᠰᠤᠭᠠᠳ ᠢᠰᠢᠭᠡ᠂ ᠪᠢᠴᠢᠬᠠᠨ ᠮᠤᠤᠷ᠂ ᠪᠢᠴᠢᠬᠠᠨ ᠰᠠᠮᠵᠠ ᠬᠡᠷᠡᠯᠳᠦᠬᠦ ᠪᠡᠨ ᠪᠣᠯᠢᠪᠠ᠃