ᠲᠠᠪᠴᠠᠩᠲᠤ ᠠᠵᠠᠷᠭᠠᠨ᠎ᠠТавцант азаргана ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠴᠠᠩᠲᠤ ᠠᠵᠠᠷᠭᠠᠨ᠎ᠠТавцант азаргана

ᠲᠠᠪᠴᠠᠩᠲᠤ ᠠᠵᠠᠷᠭᠠᠨ᠎ᠠТавцант азаргана

2025-01-25

348

ᠲᠠᠪᠴᠠᠩᠲᠤ ᠠᠵᠠᠷᠭᠠᠨ᠎ᠠ

   ᠲᠤᠰ ᠡᠮ ᠪᠣᠯ ᠤᠳ᠋ᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠲᠠᠪᠴᠠᠩᠲᠤ ᠠᠵᠠᠷᠭᠠᠨ᠎ᠠ ᠶ᠋ᠢᠨ ᠦᠨᠳᠦᠰᠦ᠂ ᠦᠨᠳᠦᠰᠦᠯᠢᠭ ᠡᠰᠢ ᠪᠤᠶᠤ ᠪᠦᠬᠦᠯᠢ ᠡᠪᠡᠰᠦ ᠮᠥᠨ᠃ ᠪᠠᠰᠠ ᠵᠠᠷᠤᠭᠮᠢᠭ᠂ ᠵᠠᠷᠤᠭᠨᠤᠷᠪᠤ᠂ ᠬᠦᠬᠦᠰᠬᠢᠨ᠎ᠠ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦᠯᠢᠭ ᠡᠰᠢ ᠨᠢ ᠣᠬᠣᠷ᠂ ᠣᠯᠠᠨ ᠰᠠᠬᠠᠯ ᠦᠨᠳᠦᠰᠦ ᠲᠡᠢ᠂ ᠬᠦᠷᠡᠩ ᠥᠩᠭᠡ ᠲᠡᠢ᠃ ᠡᠰᠢ ᠦᠭᠡᠢ᠂ ᠤᠵᠠᠭᠤᠷ ᠤ᠋ᠨ ᠨᠠᠪᠴᠢ ᠨᠢ ᠯᠢᠩᠬᠤ᠎ᠠ ᠶ᠋ᠢᠨ ᠲᠠᠪᠴᠠᠩ ᠰᠢᠭ᠋ ᠪᠥᠭᠡᠮᠨᠡᠷᠡᠨ ᠤᠷᠭᠤᠳᠠᠭ᠃ ᠨᠠᠪᠴᠢ ᠨᠢ ᠤᠷᠲᠤᠯᠵᠢᠨ ᠲᠣᠭᠣᠷᠢᠭ ᠬᠠᠪᠲᠠᠭᠠᠢ ᠲᠡᠪᠡᠨᠡ ᠬᠡᠯᠪᠡᠷᠢ ᠲᠡᠢ᠂15~35cm ᠤᠷᠲᠤ᠂3~6cm ᠥᠷᠭᠡᠨ᠂ ᠮᠤᠬᠤᠷ ᠪᠤᠶᠤ ᠱᠣᠪᠣᠭᠣᠷ ᠦᠵᠦᠭᠦᠷ ᠲᠡᠢ ᠪᠥᠭᠡᠳ ᠥᠷᠭᠡᠰᠦ ᠲᠡᠢ᠂ ᠤᠭ ᠨᠢ ᠱᠤᠪᠲᠤᠢᠭᠠᠳ ᠳᠠᠯᠠᠪᠴᠢ ᠲᠠᠢ ᠪᠠᠷᠢᠭᠤᠯ ᠪᠣᠯᠳᠠᠭ᠂ ᠥᠳᠥᠯᠢᠭ ᠭᠦᠨ ᠣᠨᠢ ᠲᠠᠢ᠂ ᠬᠥᠪᠡᠭᠡ ᠨᠢ ᠮᠤᠬᠤᠷ ᠬᠡᠷᠴᠢᠶᠡᠰᠦ ᠪᠣᠯᠤᠨ ᠤᠷᠲᠤ ᠣᠬᠣᠷ ᠨᠢ ᠠᠳᠠᠯᠢ ᠦᠭᠡᠢ ᠵᠡᠭᠦᠯᠢᠭ ᠥᠷᠭᠡᠰᠦ ᠲᠡᠢ᠂ ᠠᠷᠤ ᠳ᠋ᠤᠨᠢ ᠪᠦᠷ ᠤᠷᠲᠤ ᠵᠥᠭᠡᠯᠡᠨ ᠴᠠᠭᠠᠨ ᠥᠩᠭᠡ ᠲᠡᠢ ᠪᠤᠷᠵᠢᠭᠢᠷ ᠦᠰᠦ ᠲᠡᠢ᠂ ᠠᠷᠤ ᠲᠠᠯ᠎ᠠ ᠶ᠋ᠢᠨ ᠰᠤᠳᠠᠯ ᠢ᠋ᠶ᠋ᠠᠨ ᠳᠠᠭᠠᠭᠠᠳ ᠨᠡᠯᠢᠶᠡᠳ ᠨᠢᠭ᠋᠃ ᠲᠣᠯᠣᠭᠠᠢ ᠬᠡᠯᠪᠡᠷᠢᠲᠦ ᠪᠠᠭ ᠴᠡᠴᠡᠭ ᠨᠢ ᠬᠡᠳᠦ ᠬᠡᠳᠦ ᠪᠡᠷ ᠨᠠᠪᠴᠢᠨ ᠪᠤᠲᠠ ᠳᠤᠮᠳᠠ ᠢᠬᠴᠤᠷᠠᠨ ᠳᠡᠯᠭᠡᠷᠡᠨ᠎ᠡ᠃ ᠪᠠᠷᠢᠭᠤᠯ ᠦᠭᠡᠢ ᠪᠤᠶᠤ ᠣᠬᠣᠷ ᠪᠠᠷᠢᠭᠤᠯ ᠲᠠᠢ᠂ ᠶᠡᠷᠦᠩᠬᠡᠢ ᠪᠠᠭᠯᠠᠭᠴᠢ ᠶ᠋ᠢᠨ ᠤᠷᠲᠤ ᠨᠢ2.5cm᠂ ᠶᠡᠷᠦᠩᠬᠡᠢ ᠪᠠᠭᠯᠠᠭᠴᠢ ᠢᠯᠲᠠᠰᠤ ᠨᠢ6 ᠮᠥᠷ᠂ ᠪᠦᠷ ᠴᠣᠷᠭᠣ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠤᠯᠠᠪᠢᠷ ᠪᠣᠷᠣ᠂ ᠣᠷᠣᠢ ᠳ᠋ᠤᠨᠢ5 ᠭᠦᠨ ᠣᠨᠢ ᠲᠠᠢ᠂ ᠲᠣᠭᠣᠰᠣᠪᠴᠢ ᠶ᠋ᠢᠨ ᠤᠭ ᠨᠢ ᠰᠤᠮᠤᠨ ᠬᠡᠯᠪᠡᠷᠢ ᠲᠡᠢ᠃ ᠲᠤᠷᠠᠩᠬᠠᠢ ᠵᠢᠮᠢᠰ ᠨᠢ ᠤᠷᠲᠤᠯᠵᠢᠨ ᠪᠥᠭᠡᠷᠡᠩᠬᠡᠢ᠂ ᠬᠦᠷᠡᠩ ᠥᠩᠭᠡ ᠲᠡᠢ᠂ ᠦᠰᠦ ᠲᠡᠢ᠂ ᠥᠳᠥᠯᠢᠭ ᠲᠢᠲᠢᠮ ᠦᠰᠦ ᠲᠡᠢ᠂ ᠭᠦᠢᠬᠡᠨ ᠬᠦᠷᠡᠩ ᠥᠩᠭᠡ ᠲᠡᠢ᠃7~9 ᠳ᠋ᠦ᠍ᠭᠡᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠨᠠᠮᠤᠭ ᠪᠤᠶᠤ ᠨᠠᠭᠤᠷ ᠤ᠋ᠨ ᠬᠥᠪᠡᠭᠡ ᠶ᠋ᠢᠨ ᠴᠢᠭᠢᠭᠯᠢᠭ ᠣᠷᠴᠢᠨ᠂ ᠭᠣᠣᠯ ᠤ᠋ᠨ ᠬᠥᠪᠡᠭᠡ ᠪᠡᠷ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠰᠢᠨᠵᠢᠶᠠᠩ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠪᠦᠬᠦᠯᠢ ᠡᠪᠡᠰᠦ ᠶ᠋ᠢ ᠨᠢ ᠠᠪᠴᠤ᠂ ᠨᠠᠮᠤᠷ ᠦᠨᠳᠦᠰᠦ ᠶ᠋ᠢ ᠨᠢ ᠮᠠᠯᠲᠠᠨ ᠠᠪᠴᠤ᠂ ᠠᠷᠢᠯᠭᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ; ᠰᠡᠷᠢᠭᠦᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ᠤ᠋ ᠥᠭᠡᠷᠢ ᠴᠠᠷ ᠢ᠋ ᠲᠠᠲᠠᠬᠤ᠂ ᠴᠢᠭᠢᠬ᠎ᠠ ᠶ᠋ᠢ ᠨᠣᠮᠤᠳᠬᠠᠬᠤ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠠᠭᠤᠰᠬᠢ ᠦᠭᠡᠷᠢᠯᠡᠭᠰᠡᠨ᠂ ᠴᠠᠷ ᠦᠯᠦ ᠬᠣᠪᠬᠣᠷᠠᠬᠤ ᠬᠠᠨᠢᠶᠠᠳᠤ᠂ ᠠᠭᠤᠰᠬᠢ ᠪᠡᠷᠲᠡᠭᠰᠡᠨ᠂ ᠠᠭᠤᠰᠬᠢᠨ ᠤ᠋ ᠴᠢᠭᠢᠬ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 莲座蓟
   ᠠᠩᠭ᠌ᠯᠢ ᠨᠡᠷ᠎ᠡ᠄Cirsium esculentum (Siev.) C. A. Mey.)

   ᠦᠰᠦᠭ ᠠᠮᠢᠯᠠᠭᠤᠯᠤᠭᠴᠢ᠄ ᠠᠯᠲᠠᠨᠴᠡᠴᠡᠭ
   ᠬᠢᠨᠠᠭᠴᠢ᠄ ᠲᠤᠶᠠᠭ᠎ᠠ