ᠭᠡᠷ ᠪᠦᠯᠢ ᠶ᠋ᠢᠨ ᠰᠤᠷᠭᠠᠨ ᠬᠥᠮᠦᠵᠢᠯ ᠊ᠤᠨ ᠲᠤᠬᠠᠢ ᠥᠭᠦᠯᠡᠬᠦ ᠨᠢ-ᠨᠣᠶᠠᠭᠢᠨ ᠳᠡᠯᠭᠡᠷᠰᠠᠩГэр бүлийн сурган хүмүүжлийн тухай өгүүлэх нь-Ноёхн Дэлгэрсэн ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷ ᠪᠦᠯᠢ ᠶ᠋ᠢᠨ ᠰᠤᠷᠭᠠᠨ ᠬᠥᠮᠦᠵᠢᠯ ᠊ᠤᠨ ᠲᠤᠬᠠᠢ ᠥᠭᠦᠯᠡᠬᠦ ᠨᠢ-ᠨᠣᠶᠠᠭᠢᠨ ᠳᠡᠯᠭᠡᠷᠰᠠᠩГэр бүлийн сурган хүмүүжлийн тухай өгүүлэх нь-Ноёхн Дэлгэрсэн

ᠭᠡᠷ ᠪᠦᠯᠢ ᠶ᠋ᠢᠨ ᠰᠤᠷᠭᠠᠨ ᠬᠥᠮᠦᠵᠢᠯ ᠊ᠤᠨ ᠲᠤᠬᠠᠢ ᠥᠭᠦᠯᠡᠬᠦ ᠨᠢ-ᠨᠣᠶᠠᠭᠢᠨ ᠳᠡᠯᠭᠡᠷᠰᠠᠩГэр бүлийн сурган хүмүүжлийн тухай өгүүлэх нь-Ноёхн Дэлгэрсэн

2025-01-23

1606

ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠲᠤᠬᠠᠢ ᠥᠭᠦᠯᠡᠬᠦ ᠨᠢ

      ᠨᠣᠶᠠᠭᠢᠨ ᠳᠡᠯᠭᠡᠷᠰᠠᠩ (ᠥᠪᠥᠷ ᠮᠣᠩᠭᠣᠯ ᠤ᠋ᠨ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠰᠤᠳᠤᠯᠭᠠᠨ ᠤ᠋ ᠨᠡᠢᠭᠡᠮᠯᠢᠭ ᠦ᠋ᠨ ᠭᠡᠰᠢᠭᠦᠨ᠂ ᠬᠡᠷᠡᠭ ᠮᠡᠳᠡᠭᠴᠢ᠂ ᠬᠢᠴᠢᠶᠡᠯ ᠲᠠᠢᠯᠪᠤᠷᠢᠯᠠᠭᠴᠢ)

  ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠲᠤᠰ ᠪᠡᠶ᠎ᠡ ᠶ᠋ᠢᠨ ᠪᠠᠢᠷᠢ ᠰᠠᠭᠤᠷᠢ ᠪᠠ ᠦᠢᠯᠡᠳᠦᠯ ᠦ᠋ᠨ ᠲᠤᠬᠠᠢ ᠣᠳᠣ ᠨᠡᠢᠭᠡᠮ ᠪᠠ ᠤᠯᠤᠰ ᠭᠡᠷ ᠵᠢᠴᠢ ᠲᠥᠪ ᠬᠣᠷᠢᠶ᠎ᠠ ᠠ᠋ᠴᠠ ᠴᠢᠬᠤᠯᠠ ᠪᠠᠢᠷᠢᠨ ᠳ᠋ᠤ᠌ ᠬᠦᠨᠳᠦᠳᠬᠡᠵᠦ ᠦᠵᠡᠵᠦ ᠪᠠᠢᠭ᠎ᠠ ᠴᠠᠭ ᠦᠶ᠎ᠡ ᠳ᠋ᠦ᠍ ᠣᠷᠣᠭᠠᠳ ᠪᠠᠢᠨ᠎ᠠ᠃ ᠣᠨᠴᠠᠭᠠᠢᠯᠠᠨ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠠᠵᠢᠯ ᠢ᠋ ᠣᠢᠷ᠎ᠠ ᠶ᠋ᠢᠨ ᠬᠣᠶᠠᠷ ᠵᠢᠯ ᠦ᠋ᠨ ᠳᠣᠲᠣᠷ᠎ᠠ ᠶᠡᠬᠡ ᠪᠡᠷ ᠬᠦᠨᠳᠦᠳᠬᠡᠵᠦ᠂ ᠬᠠᠤᠯᠢ ᠳᠦᠷᠢᠮ ᠲᠣᠭᠲᠠᠭᠠᠬᠤ᠂ ᠪᠣᠳᠠᠲᠠᠢ ᠰᠤᠳᠤᠯᠭᠠᠨ ᠤ᠋ ᠠᠵᠢᠯ ᠬᠢᠬᠦ᠂ ᠡᠰᠡᠪᠡᠯ ᠭᠡᠷ ᠦ᠋ᠨ ᠠᠬᠠᠮᠠᠳ ᠤ᠋ᠨ ᠬᠥᠮᠦᠵᠢᠯ ᠦ᠋ᠨ ᠲᠤᠬᠠᠢ ᠲᠤᠰᠬᠠᠢ ᠵᠢᠯᠣᠭᠣᠳᠤᠯᠭ᠎ᠠ ᠬᠢᠬᠦ ᠮᠡᠲᠦ ᠮᠠᠰᠢ ᠣᠯᠠᠨ ᠠᠵᠢᠯᠯᠠᠭ᠎ᠠ ᠨᠡᠢᠭᠡᠮ ᠳᠡᠭᠡᠷ᠎ᠡ ᠡᠬᠢᠯᠡᠵᠦ ᠪᠣᠢ ᠪᠣᠯᠵᠤ ᠪᠠᠢᠨ᠎ᠠ᠃ 
  ᠢᠩᠭᠢᠪᠡᠯ ᠪᠢ ᠥᠨᠥᠳᠥᠷ ᠭᠣᠣᠯ ᠨᠢ ᠬᠣᠶᠠᠷ ᠵᠦᠢᠯ ᠦ᠋ᠨ ᠶᠠᠭᠤᠮ᠎ᠠ ᠶ᠋ᠢ ᠲᠣᠳᠣᠷᠬᠠᠢᠯᠠᠶ᠎ᠠ ᠭᠡᠵᠦ ᠦᠵᠡᠵᠦ ᠪᠠᠢᠨ᠎ᠠ᠂ ᠨᠢᠭᠡ ᠨᠢ ᠭᠡᠷ ᠪᠦᠯᠢ ᠶ᠋ᠢᠨ ᠰᠤᠷᠭᠠᠨ ᠬᠥᠮᠦᠵᠢᠯ ᠭᠡᠳᠡᠭ ᠢ᠋ ᠣᠢᠯᠠᠭᠠᠬᠤ ᠳ᠋ᠤ᠌ ᠶᠠᠭᠤᠨ ᠤ᠋ ᠡᠮᠦᠨ᠎ᠡ ᠰᠤᠷᠭᠠᠨ ᠬᠥᠮᠦᠵᠢᠯ ᠭᠡᠳᠡᠭ ᠤᠬᠠᠭᠳᠠᠬᠤᠨ ᠢ᠋ ᠵᠠᠪᠠᠯ ᠲᠣᠳᠣᠷᠬᠠᠢ ᠪᠣᠯᠭᠠᠨ᠎ᠠ᠃ ᠬᠣᠶᠠᠳᠤᠭᠠᠷ ᠲᠤ᠌᠂ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠲᠤᠬᠠᠢ ᠣᠳᠣ ᠤᠯᠤᠰ ᠣᠷᠣᠨ ᠠ᠋ᠴᠠ ᠨᠢᠭᠡᠨᠲᠡ ᠬᠠᠤᠯᠢ ᠲᠣᠭᠲᠠᠭᠠᠯ ᠭᠠᠷᠭᠠᠴᠢᠬᠠᠭᠰᠠᠨ ᠬᠣᠶᠠᠷ ᠴᠢᠬᠤᠯᠠ ᠵᠠᠩᠭᠢᠯᠠᠭ᠎ᠠ ᠶ᠋ᠢᠨ ᠴᠠᠭ ᠦᠶ᠎ᠡ ᠳ᠋ᠦ᠍ ᠬᠦᠷᠴᠦ ᠢᠷᠡᠵᠦ ᠪᠠᠢᠨ᠎ᠠ᠂ ᠶᠠᠭᠤᠨ ᠤ᠋ ᠡᠮᠦᠨ᠎ᠡ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠲᠤᠬᠠᠢ ᠶᠠᠷᠢᠬᠤ ᠳ᠋ᠤ᠌ ᠬᠦᠷᠪᠡᠯ ᠰᠤᠷᠭᠠᠨ ᠬᠥᠮᠦᠵᠢᠯ ᠭᠡᠳᠡᠭ ᠤᠬᠠᠭᠳᠠᠬᠤᠨ ᠵᠠᠪᠠᠯ ᠶᠠᠷᠢᠭᠳᠠᠬᠤ ᠤᠴᠢᠷ ᠲᠠᠢ᠃ ᠤᠴᠢᠷ ᠨᠢ ᠣᠳᠣ ᠳ᠋ᠤ᠌ ᠪᠠᠨ ᠨᠡᠢᠭᠡᠮ ᠨᠡᠢᠲᠡ᠂ ᠭᠡᠷ ᠪᠦᠯᠢ᠂ ᠰᠤᠷᠭᠠᠭᠤᠯᠢ ᠴᠤ᠌ ᠭᠡᠰᠡᠨ ᠳᠠᠷᠤᠢ ᠪᠠᠭᠰᠢ ᠨᠠᠷ ᠴᠤ᠌ ᠭᠡᠰᠡᠨ ᠰᠤᠷᠭᠠᠨ ᠬᠥᠮᠦᠵᠢᠯ ᠭᠡᠳᠡᠭ ᠤᠬᠠᠭᠳᠠᠬᠤᠨ ᠶᠠᠮᠠᠷ ᠬᠦᠷᠢᠶ᠎ᠡ ᠬᠡᠪᠴᠢᠶ᠎ᠡ ᠶᠠᠮᠠᠷ ᠬᠦᠷᠢᠶ᠎ᠡ ᠴᠠᠷ᠎ᠠ ᠳᠣᠲᠣᠷ᠎ᠠ ᠣᠴᠢᠵᠤ ᠡᠭᠦᠨ ᠢ᠋ ᠲᠣᠳᠣᠷᠬᠠᠢᠯᠠᠵᠤ ᠡᠭᠦᠨ ᠢ᠋ ᠬᠡᠷᠡᠭᠵᠢᠭᠦᠯᠬᠦ ᠴᠢᠬᠤᠯᠠ ᠲᠠᠢ ᠪᠣᠢ ᠭᠡᠳᠡᠭ ᠳᠡᠭᠡᠷ᠎ᠡ ᠵᠢᠭᠠᠬᠠᠨ ᠮᠠᠳᠠᠭ ᠲᠠᠢ ᠪᠠᠢᠨ᠎ᠠ᠃ 
  ᠲᠤᠬᠠᠢᠯᠠᠪᠠᠯ᠂ ᠰᠤᠷᠭᠠᠨ ᠬᠥᠮᠦᠵᠢᠯ ᠪᠣᠯ ᠭᠤᠷᠪᠠᠨ ᠶᠡᠬᠡ ᠠᠭᠤᠯᠭ᠎ᠠ ᠶ᠋ᠢ ᠪᠠᠭᠲᠠᠭᠠᠵᠤ ᠪᠠᠢᠨ᠎ᠠ ᠰᠢᠲᠠ! ᠶᠠᠭᠤᠨ ᠤ᠋ ᠡᠮᠦᠨ᠎ᠡ ᠭᠡᠷ ᠪᠦᠯᠢ᠂ ᠬᠣᠶᠠᠳᠤᠭᠠᠷ ᠨᠢ ᠰᠤᠷᠭᠠᠭᠤᠯᠢ᠂ ᠭᠤᠷᠪᠠᠳᠤᠭᠠᠷ ᠨᠢ ᠨᠡᠢᠭᠡᠮ᠃ ᠡᠨᠡ ᠭᠤᠷᠪᠠᠭᠤᠯᠠ ᠪᠠᠨ ᠨᠡᠢᠯᠡᠭᠡᠳ ᠰᠤᠷᠭᠠᠨ ᠬᠥᠮᠦᠵᠢᠯ ᠭᠡᠳᠡᠭ ᠤᠬᠠᠭᠳᠠᠬᠤᠨ ᠢ᠋ ᠪᠦᠷᠢᠯᠳᠦᠭᠦᠯᠵᠦ ᠪᠠᠢᠨ᠎ᠠ᠃ ᠲᠡᠭᠡᠬᠦ ᠪᠡᠷ ᠢ᠋ᠶ᠋ᠡᠨ ᠡᠨᠡ ᠭᠤᠷᠪᠠᠭᠤᠯᠠ ᠪᠠᠨ ᠲᠤᠰ ᠲᠤᠰ ᠪᠡᠶ᠎ᠡ ᠪᠡᠨ ᠳᠠᠭᠠᠭᠠᠭᠰᠠᠨ ᠰᠤᠷᠭᠠᠨ ᠬᠥᠮᠦᠵᠢᠯ ᠦ᠋ᠨ ᠤᠬᠠᠭᠳᠠᠬᠤᠨ ᠮᠥᠨ᠃ ᠵᠢᠱ᠌ᠢᠶᠡᠯᠡᠪᠡᠯ᠃ ᠭᠡᠷ ᠪᠦᠯᠢ ᠭᠡᠳᠡᠭ ᠦ᠋ᠨ ᠲᠤᠰ ᠪᠡᠶ᠎ᠡ ᠨᠢ ᠨᠢᠭᠡ ᠬᠥᠮᠦᠨ ᠦ᠌ ᠦᠰᠦᠨ ᠪᠣᠢᠵᠢᠯᠲᠠ ᠳ᠋ᠤ᠌ ᠠᠪᠴᠤ ᠬᠡᠯᠡᠪᠡᠯ ᠬᠥᠮᠦᠨ ᠦ᠌ ᠤᠤᠭᠠᠨ ᠰᠤᠷᠭᠠᠭᠤᠯᠢ ᠮᠥᠨ᠃ ᠮᠠᠨ ᠤ᠋ ᠡᠩ ᠦ᠋ᠨ ᠶᠠᠷᠢᠳᠠᠭ ᠰᠤᠷᠭᠠᠭᠤᠯᠢ ᠭᠡᠳᠡᠭ ᠡᠨᠡ ᠨᠢᠭᠡ ᠨᠢᠭᠡᠴᠢ ᠪᠣᠯ ᠬᠡᠦᠬᠡᠳ ᠦᠶ᠎ᠡ ᠡᠴᠡ ᠵᠣᠬᠢᠬᠤ ᠪᠢᠴᠢᠭ ᠦᠵᠡᠬᠦ ᠨᠠᠰᠤᠨ ᠳ᠋ᠤ᠌ ᠬᠦᠷᠦᠭᠰᠡᠨ ᠦ᠌ ᠳᠠᠷᠠᠭᠠᠬᠢ ᠪᠢᠴᠢᠭ ᠦ᠋ᠨ ᠲᠠᠯ᠎ᠠ ᠶ᠋ᠢᠨ ᠰᠤᠷᠭᠠᠨ ᠬᠥᠮᠦᠵᠢᠯ ᠢ᠋ ᠬᠢᠵᠦ ᠪᠠᠢᠭ᠎ᠠ ᠡᠢᠮᠦ ᠲᠤᠰᠬᠠᠢ ᠮᠡᠷᠭᠡᠵᠢᠯ ᠦ᠋ᠨ ᠠᠵᠢᠯ᠃ ᠡᠨᠡ ᠪᠣᠯ ᠬᠣᠶᠠᠳᠤᠭᠠᠷ᠃ ᠭᠤᠷᠪᠠᠳᠤᠭᠠᠷ ᠲᠤ᠌᠂ ᠨᠡᠢᠭᠡᠮ᠂ ᠨᠡᠢᠭᠡᠮ ᠭᠡᠳᠡᠭ ᠶᠠᠭᠤᠮ᠎ᠠ ᠪᠣᠯ ᠨᠢᠭᠡ ᠬᠥᠮᠦᠨ ᠦ᠌ ᠦᠰᠦᠨ ᠪᠣᠢᠵᠢᠬᠤ᠂ ᠠᠮᠢᠳᠤᠷᠠᠨ ᠣᠷᠣᠰᠢᠬᠤ ᠶᠠᠪᠤᠴᠠ ᠳᠤᠮᠳᠠ ᠣᠷᠣᠰᠢᠨ ᠲᠣᠭᠲᠠᠨᠢᠬᠤ ᠳ᠋ᠤ᠌ ᠵᠠᠪᠠᠯ ᠨᠡᠢᠭᠡᠮ ᠭᠡᠳᠡᠭ ᠡᠴᠡ ᠰᠠᠯᠵᠤ ᠳᠡᠢᠯᠬᠦ ᠦᠭᠡᠢ ᠰᠢᠲᠠ᠃ ᠲᠡᠭᠡᠬᠦ ᠪᠡᠷ ᠢ᠋ᠶ᠋ᠡᠨ ᠨᠡᠢᠭᠡᠮ ᠪᠣᠯ ᠪᠦᠬᠦᠢᠯᠡ ᠰᠤᠷᠭᠠᠨ ᠬᠥᠮᠦᠵᠢᠯ ᠦ᠋ᠨ ᠭᠤᠷᠪᠠᠨ ᠵᠠᠩᠭᠢᠯᠠᠭ᠎ᠠ ᠶ᠋ᠢᠨ ᠱᠠᠲᠤ ᠦᠶ᠎ᠡ ᠶ᠋ᠢᠨ ᠪᠠᠰᠠ ᠨᠢᠭᠡ ᠵᠠᠩᠭᠢᠯᠠᠭ᠎ᠠ ᠶ᠋ᠢᠨ ᠬᠥᠮᠦᠵᠢᠯ ᠦ᠋ᠨ ᠭᠠᠵᠠᠷ ᠮᠥᠨ᠃ ᠲᠡᠭᠡᠬᠦ ᠪᠡᠷ ᠢ᠋ᠶ᠋ᠡᠨ ᠪᠢᠳᠡ ᠢᠩᠭᠢᠵᠦ ᠦᠵᠡᠵᠦ ᠪᠣᠯᠤᠨ᠎ᠠ᠃ ᠭᠡᠷ ᠪᠦᠯᠢ ᠪᠣᠯ ᠬᠦᠴᠦᠨ ᠵᠠᠯᠭᠠᠵᠤ ᠭᠦᠶᠦᠬᠦ ᠪᠡᠷ ᠪᠣᠳᠣᠪᠠᠯ ᠬᠠᠮᠤᠭ ᠲᠡᠷᠢᠭᠦᠨ ᠦ᠌ ᠭᠦᠶᠦᠯᠲᠡ ᠶ᠋ᠢᠨ ᠱᠤᠭᠤᠮ ᠳᠡᠭᠡᠷ᠎ᠡ ᠪᠠᠢᠭ᠎ᠠ ᠬᠥᠮᠦᠨ ᠮᠥᠨ᠃ ᠰᠤᠷᠭᠠᠭᠤᠯᠢ ᠪᠣᠯ ᠬᠣᠶᠠᠳᠤᠭᠠᠷ ᠭᠦᠶᠦᠯᠲᠡ ᠶ᠋ᠢᠨ ᠱᠤᠭᠤᠮ ᠳᠡᠭᠡᠷ᠎ᠡ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠴᠢᠨᠠᠭᠰᠢ ᠡᠯᠭᠦᠵᠦ ᠠᠪᠤᠭᠠᠳ ᠭᠦᠶᠦᠬᠦ ᠲᠠᠮᠢᠷᠴᠢᠨ ᠮᠥᠨ᠃ ᠭᠤᠷᠪᠠᠳᠤᠭᠠᠷ᠂ ᠳᠠᠷᠤᠢ ᠨᠡᠢᠭᠡᠮ ᠪᠣᠯ ᠰᠤᠷᠭᠠᠭᠤᠯᠢ ᠠ᠋ᠴᠠ ᠬᠥᠮᠦᠵᠢᠭᠦᠯᠵᠦ ᠭᠠᠷᠭᠠᠭᠰᠠᠨ ᠬᠡᠦᠬᠡᠳ ᠢ᠋ ᠵᠠᠯᠭᠠᠵᠤ ᠠᠪᠤᠭᠠᠳ ᠨᠡᠢᠭᠡᠮ ᠳ᠋ᠦ᠍ ᠣᠷᠣᠰᠢᠨ ᠲᠣᠭᠲᠠᠨᠢᠬᠤ ᠶ᠋ᠢ ᠵᠢᠭᠠᠳᠠᠭ᠂ ᠣᠷᠣᠰᠢᠨ ᠲᠣᠭᠲᠠᠨᠢᠬᠤ ᠵᠢᠮ᠎ᠡ ᠬᠠᠤᠯᠢ ᠶ᠋ᠢ ᠲᠠᠨᠢᠭᠤᠯᠳᠠᠭ ᠡᠢᠮᠦ ᠨᠢᠭᠡ ᠰᠤᠷᠭᠠᠭᠤᠯᠢ ᠮᠥᠨ᠃ ᠲᠡᠢᠮᠦ ᠪᠡᠷ ᠢ᠋ᠶ᠋ᠡᠨ ᠭᠡᠷ ᠪᠦᠯᠢ᠂ ᠰᠤᠷᠭᠠᠭᠤᠯᠢ᠂ ᠨᠡᠢᠭᠡᠮ ᠭᠤᠷᠪᠠ ᠨᠢ ᠶᠠᠭ ᠰᠠᠢᠬᠠᠨ ᠬᠦᠴᠦᠨ ᠵᠠᠯᠭᠠᠵᠤ ᠭᠦᠶᠦᠬᠦ ᠰᠢᠭ ᠪᠦᠬᠦᠢᠯᠡ ᠨᠢᠭᠡ ᠬᠥᠮᠦᠨ ᠦ᠌ ᠨᠢᠭᠡ ᠨᠠᠰᠤᠨ ᠤ᠋ ᠠᠮᠢᠳᠤᠷᠠᠯ ᠢ᠋ ᠨᠥᠯᠥᠭᠡᠯᠡᠳᠡᠭ ᠭᠤᠷᠪᠠᠨ ᠴᠢᠬᠤᠯᠠ ᠰᠤᠷᠭᠠᠨ ᠬᠥᠮᠦᠵᠢᠯ ᠮᠥᠨ᠃ ᠡᠢᠮᠦ ᠪᠡᠷ ᠢ᠋ᠶ᠋ᠡᠨ ᠡᠨᠡ ᠭᠤᠷᠪᠠᠨ ᠴᠢᠬᠤᠯᠠ ᠰᠤᠷᠭᠠᠨ ᠬᠥᠮᠦᠵᠢᠯ ᠨᠢ ᠪᠡᠶ᠎ᠡ ᠪᠡᠶ᠎ᠡ ᠪᠡᠨ ᠳᠠᠭᠠᠭᠠᠭᠰᠠᠨ ᠡᠭᠦᠷᠭᠡ ᠲᠡᠢ ᠬᠠᠷᠢᠭᠤᠴᠯᠠᠭ᠎ᠠ ᠲᠠᠢ᠂ ᠬᠡᠨ ᠬᠡᠨ ᠢ᠋ᠶ᠋ᠡᠨ ᠣᠷᠣᠯᠠᠬᠤ ᠪᠤᠶᠤ ᠬᠡᠨ ᠬᠡᠨ ᠢ᠋ᠶ᠋ᠡᠨ ᠡᠵᠡᠮᠳᠡᠬᠦ ᠶᠠᠭᠤᠮ᠎ᠠ ᠤᠤ? ᠡᠢᠮᠦ ᠪᠠᠢᠵᠤ ᠪᠣᠯᠬᠤ ᠦᠭᠡᠢ᠃ 
   ᠣᠳᠣ ᠳ᠋ᠤ᠌ ᠪᠠᠨ ᠪᠣᠯ ᠨᠡᠢᠭᠡᠮ ᠳᠡᠭᠡᠷ᠎ᠡ ᠶᠡᠷᠦᠩᠬᠡᠢ ᠳ᠋ᠦ᠍ ᠪᠡᠨ ᠰᠤᠷᠭᠠᠨ ᠬᠥᠮᠦᠵᠢᠯ ᠭᠡᠭᠰᠡᠭᠡᠷ ᠮᠠᠨ ᠤ᠋ ᠨᠡᠢᠭᠡᠮ ᠦ᠋ᠨ ᠨᠢᠭᠡ ᠪᠦᠯᠦᠭ ᠲᠠᠨᠢᠯᠲᠠ ᠶ᠋ᠢᠨ ᠳᠣᠲᠣᠷ᠎ᠠ ᠡᠨᠡ ᠴᠢᠨᠢ ᠰᠤᠷᠭᠠᠭᠤᠯᠢ ᠶ᠋ᠢᠨ ᠬᠢᠳᠡᠭ ᠶᠠᠭᠤᠮ᠎ᠠ᠂ ᠮᠠᠨ ᠳ᠋ᠤ᠌ ᠳᠡᠮᠡᠢ ᠬᠠᠮᠢᠶ᠎ᠠ ᠦᠭᠡᠢ ᠭᠡᠬᠦ ᠦᠵᠡᠯ ᠰᠠᠨᠠᠭ᠎ᠠ᠂ ᠡᠢᠮᠦ ᠣᠢᠯᠠᠭᠠᠭᠳᠠᠬᠤᠨ ᠲᠠᠢ ᠪᠠᠢᠳᠠᠯ ᠨᠡᠯᠢᠶᠡᠳ ᠭᠠᠵᠠᠷ ᠠᠪᠴᠤ ᠪᠠᠢᠨ᠎ᠠ᠃ ᠢᠩᠭᠢᠬᠦ ᠪᠡᠷ ᠢ᠋ᠶ᠋ᠡᠨ ᠪᠢ ᠳᠥᠴᠢᠨ ᠵᠢᠯ ᠦ᠋ᠨ ᠰᠤᠷᠭᠠᠨ ᠬᠥᠮᠦᠵᠢᠯ ᠦ᠋ᠨ ᠠᠵᠢᠯ ᠢ᠋ ᠬᠢᠭᠰᠡᠨ ᠶᠠᠪᠤᠴᠠ ᠳ᠋ᠤ᠌ ᠪᠠᠨ ᠡᠳᠡᠭᠡᠷ ᠠᠰᠠᠭᠤᠳᠠᠯ ᠳ᠋ᠤ᠌ ᠪᠠᠰᠠ ᠨᠡᠯᠢᠶᠡᠳ ᠨᠠᠷᠢᠨ ᠲᠤᠩᠭᠠᠭᠠᠯᠲᠠ ᠬᠢᠭᠰᠡᠨ ᠶᠦᠮ᠃ ᠲᠡᠭᠡᠬᠦ ᠪᠡᠷ ᠢ᠋ᠶ᠋ᠡᠨ ᠪᠢ ᠪᠣᠯ ᠪᠠᠭ᠎ᠠ ᠰᠤᠷᠭᠠᠭᠤᠯᠢ᠂ ᠠᠩᠬ᠎ᠠ ᠵᠡᠷᠭᠡ ᠶ᠋ᠢᠨ ᠳᠤᠮᠳᠠᠳᠤ ᠰᠤᠷᠭᠠᠭᠤᠯᠢ᠂ ᠳᠡᠭᠡᠳᠦ ᠵᠡᠷᠭᠡ ᠶ᠋ᠢᠨ ᠳᠤᠮᠳᠠᠳᠤ ᠰᠤᠷᠭᠠᠭᠤᠯᠢ ᠵᠡᠷᠭᠡ ᠰᠤᠷᠭᠠᠭᠤᠯᠢ ᠨᠤᠭᠤᠳ ᠲᠤ᠌ ᠪᠦᠷ ᠠᠵᠢᠯᠯᠠᠵᠤ ᠥᠩᠭᠡᠷᠡᠭᠰᠡᠨ ᠤᠴᠢᠷ ᠠ᠋ᠴᠠ ᠪᠠᠨ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠪᠠᠢᠷᠢ ᠰᠠᠭᠤᠷᠢ᠂ ᠲᠡᠭᠦᠨ ᠦ᠌ ᠦᠢᠯᠡᠳᠦᠯ ᠴᠣᠬᠣᠮ ᠶᠠᠮᠠᠷ ᠪᠠᠢᠪᠠᠯ ᠳᠠᠭᠠᠷᠠᠳᠠᠭ ᠭᠡᠳᠡᠭ ᠲᠤᠬᠠᠢ ᠵᠢᠭᠠᠬᠠᠨ ᠶᠠᠭᠤᠮ᠎ᠠ ᠶ᠋ᠢ ᠬᠤᠷᠠᠮᠳᠤᠭᠤᠯᠤᠭᠰᠠᠨ ᠭᠡᠵᠦ ᠣᠢᠯᠭᠠᠵᠤ ᠪᠠᠢᠬᠤ ᠪᠠᠷ ᠪᠠᠷᠠᠬᠤ ᠦᠭᠡᠢ ᠮᠥᠨ ᠴᠦ᠍ ᠥᠪᠡᠷ ᠢ᠋ᠶ᠋ᠡᠨ ᠨᠢᠭᠡᠨ ᠭᠡᠷ ᠦ᠋ᠨ ᠠᠬᠠᠮᠠᠳ ᠪᠣᠯᠤᠭᠰᠠᠨ ᠤ᠋ ᠬᠤᠪᠢ ᠳ᠋ᠤ᠌ ᠬᠡᠦᠬᠡᠳ ᠢ᠋ᠶ᠋ᠡᠨ ᠶᠠᠭᠠᠬᠢᠵᠤ ᠰᠤᠷᠭᠠᠳᠠᠭ ᠪᠣᠢ? ᠭᠡᠷ ᠪᠦᠯᠢ ᠶᠠᠭᠤ ᠶ᠋ᠢ ᠴᠢᠬᠤᠯᠠ ᠪᠠᠢᠷᠢᠨ ᠳ᠋ᠤ᠌ ᠲᠠᠯᠪᠢᠳᠠᠭ ᠪᠣᠢ? ᠭᠡᠳᠡᠭ ᠠᠰᠠᠭᠤᠳᠠᠯ ᠤ᠋ᠨ ᠲᠤᠬᠠᠢ ᠴᠣᠬᠣᠮ ᠬᠡᠯᠡᠮᠡᠷ ᠴᠢᠬᠤᠯᠠ ᠲᠠᠢ ᠵᠦᠢᠯ ᠦ᠋ᠳ ᠢ᠋ᠶ᠋ᠡᠨ ᠮᠠᠨ ᠤ᠋ ᠭᠡᠷ ᠪᠦᠯᠢ ᠳ᠋ᠦ᠍ ᠪᠡᠨ ᠭᠡᠷ ᠦ᠋ᠨ ᠠᠬᠠᠮᠠᠳ ᠲᠤ᠌ ᠪᠠᠨ ᠣᠨᠴᠠᠭᠠᠢᠯᠠᠨ ᠵᠠᠯᠠᠭᠤ ᠨᠠᠢᠵᠠ ᠨᠠᠷ ᠲᠤ᠌ ᠪᠠᠨ ᠡᠨᠡ ᠲᠤᠬᠠᠢ ᠰᠠᠨᠠᠭᠤᠯᠭ᠎ᠠ ᠭᠠᠷᠭᠠᠵᠤ ᠥᠭᠭᠦᠶ᠎ᠡ ᠭᠡᠵᠦ ᠯᠠᠪᠯᠠᠯᠲᠠ ᠪᠣᠯᠭᠠᠮᠤ ᠭᠡᠰᠡᠨ ᠡᠢᠮᠦ ᠨᠢᠭᠡ ᠰᠠᠭᠠᠭ᠎ᠠ ᠪᠠᠷ ᠲᠤᠰ ᠹᠢᠯᠢᠮ ᠢ᠋ ᠬᠢᠵᠦ ᠪᠠᠢᠭ᠎ᠠ ᠶᠤᠮ᠃ 
   ᠵᠠ᠂ ᠲᠡᠭᠡᠪᠡᠯ ᠡᠨᠡ ᠪᠣᠯ ᠦᠨᠳᠦᠰᠦᠨ ᠳ᠋ᠦ᠍ ᠪᠡᠨ ᠭᠡᠷ ᠪᠦᠯᠢ ᠰᠤᠷᠭᠠᠭᠤᠯᠢ ᠨᠡᠢᠭᠡᠮ ᠡᠨᠡ ᠭᠤᠷᠪᠠᠨ ᠲᠠᠯ᠎ᠠ ᠶ᠋ᠢᠨ ᠰᠤᠷᠭᠠᠨ ᠬᠥᠮᠦᠵᠢᠯ ᠦ᠋ᠨ ᠦᠨᠳᠦᠰᠦᠨ ᠪᠠᠢᠳᠠᠯ ᠢ᠋ ᠢᠩᠭᠢᠵᠦ ᠳᠥᠭᠥᠮ ᠶᠠᠷᠢᠭᠠᠳ ᠳᠠᠷᠠᠭ᠎ᠠ ᠨᠢ ᠮᠠᠨ ᠤ᠋ ᠰᠤᠷᠭᠠᠨ ᠬᠥᠮᠦᠵᠢᠯ᠂ ᠪᠦᠬᠦᠢᠯᠡ ᠰᠤᠷᠭᠠᠨ ᠬᠥᠮᠦᠵᠢᠯ ᠳ᠋ᠦ᠍ ᠰᠢᠨ᠎ᠡ ᠪᠡᠷ ᠨᠡᠢᠲᠡᠯᠡᠭᠳᠡᠭᠰᠡᠨ ᠨᠢᠭᠡᠨ ᠬᠠᠤᠯᠢ ᠳᠠᠷᠤᠢ 2021 ᠣᠨ ᠤ᠋ 10 ᠰᠠᠷ᠎ᠠ ᠶ᠋ᠢᠨ 23 ᠤ᠋ ᠡᠳᠦᠷ ᠨᠡᠢᠲᠡᠯᠡᠭᠳᠡᠭᠰᠡᠨ ᠮᠠᠨ ᠤ᠋ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ《ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠠᠬᠢᠭᠤᠯᠬᠤ ᠬᠠᠤᠯᠢ》 ᠭᠡᠵᠦ ᠭᠠᠷᠴᠤ ᠢᠷᠡᠭᠡᠳ ᠪᠠᠢᠨ᠎ᠠ᠃ ᠡᠨᠡ ᠬᠠᠤᠯᠢ ᠶ᠋ᠢ 2022 ᠣᠨ ᠤ᠋ 1 ᠰᠠᠷ᠎ᠠ ᠶ᠋ᠢᠨ1 ᠡᠴᠡ ᠡᠬᠢᠯᠡᠵᠦ ᠵᠢᠩᠬᠢᠨᠢ ᠬᠡᠷᠡᠭᠵᠢᠭᠦᠯᠵᠡᠢ᠃ ᠢᠩᠭᠢᠬᠦ ᠪᠡᠷ ᠢ᠋ᠶ᠋ᠡᠨ ᠡᠨᠡ ᠬᠠᠤᠯᠢ ᠳ᠋ᠤ᠌ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠲᠤᠬᠠᠢ ᠶᠡᠬᠡ ᠲᠣᠳᠣᠷᠬᠠᠢ ᠵᠢᠭᠠᠯᠲᠠ ᠬᠢᠵᠡᠢ᠃ ᠡᠨᠡ ᠲᠠᠯ᠎ᠠ ᠪᠠᠷ ᠮᠠᠨ ᠤ᠋ ᠭᠡᠷ ᠦ᠋ᠨ ᠠᠬᠠᠮᠠᠳ ᠮᠠᠨ ᠤ᠋ ᠨᠡᠢᠭᠡᠮ ᠦ᠋ᠨ ᠡᠯ᠎ᠡ ᠡᠲᠡᠭᠡᠳ ᠦ᠋ᠨ ᠬᠢᠨ ᠶᠦ᠍ᠮ ᠤᠤ᠂ ᠰᠤᠷᠭᠠᠨ ᠬᠥᠮᠦᠵᠢᠯ ᠦ᠋ᠨ ᠡᠲᠡᠭᠡᠳ ᠦ᠋ᠨ ᠬᠢᠨ ᠵᠠᠪᠠᠯ ᠲᠤᠰ ᠬᠠᠤᠯᠢ ᠶ᠋ᠢ ᠣᠴᠢᠵᠤ ᠰᠤᠷᠤᠯᠴᠠᠵᠤ ᠰᠤᠳᠤᠯᠵᠤ ᠬᠠᠤᠯᠢ ᠶ᠋ᠢᠨ ᠵᠢᠭᠠᠯᠲᠠ ᠶ᠋ᠢᠨ ᠴᠢᠬᠤᠯᠠ ᠵᠦᠢᠯ ᠢ᠋ ᠨᠢ ᠮᠡᠳᠡᠵᠦ ᠠᠪᠬᠤ ᠴᠢᠬᠤᠯᠠ ᠲᠠᠢ ᠭᠡᠵᠦ ᠪᠢ ᠦᠵᠡᠵᠦ ᠪᠠᠢᠨ᠎ᠠ᠃ ᠣᠨᠴᠠᠭᠠᠢᠯᠠᠨ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ《ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠠᠬᠢᠭᠤᠯᠬᠤ ᠬᠠᠤᠯᠢ》ᠭᠡᠳᠡᠭ ᠨᠡᠷ᠎ᠡ ᠲᠣᠮᠢᠶ᠎ᠠ᠂ ᠰᠡᠳᠦᠪ᠃ ᠪᠢ ᠡᠭᠦᠨ ᠢ᠋ ᠶᠠᠭᠤ ᠭᠡᠵᠦ ᠣᠢᠯᠠᠭᠠᠵᠤ ᠪᠠᠢᠨ᠎ᠠ ᠭᠡᠪᠡᠯ ᠡᠨᠳᠡ ᠡᠢᠮᠦ ᠬᠡᠳᠦᠨ ᠦᠭᠡ ᠶ᠋ᠢ ᠠᠩᠬᠠᠷᠪᠠᠯ ᠲᠠᠭᠠᠷᠠᠨ᠎ᠠ᠃ 《ᠭᠡᠷ ᠪᠦᠯᠢ ᠶ᠋ᠢᠨ ᠰᠤᠷᠭᠠᠨ ᠬᠥᠮᠦᠵᠢᠯ》ᠭᠡᠳᠡᠭ ᠶᠠᠭᠤᠮ᠎ᠠ ᠪᠣᠯ ᠬᠥᠮᠦᠨ ᠲᠥᠷᠥᠯᠬᠢᠲᠡᠨ ᠪᠣᠢ ᠪᠣᠯᠤᠭᠰᠠᠨ ᠠ᠋ᠴᠠ ᠨᠠᠰᠢ ᠭᠡᠷ ᠪᠦᠯᠢ ᠪᠣᠢ ᠪᠣᠯᠵᠤ ᠭᠡᠷ ᠪᠦᠯᠢ ᠳ᠋ᠦ᠍ ᠪᠡᠨ ᠬᠡᠦᠬᠡᠳ ᠢ᠋ᠶ᠋ᠡᠨ ᠥᠰᠬᠡᠵᠦ ᠬᠥᠮᠦᠵᠢᠭᠦᠯᠬᠦ ᠶᠠᠪᠤᠴᠠ ᠳ᠋ᠤ᠌ ᠪᠠᠨ ᠡᠴᠢᠭᠡ ᠡᠬᠡ ᠪᠣᠯᠣᠭᠰᠠᠳ ᠯᠠᠪᠲᠠᠢ ᠥᠪᠡᠷ ᠥᠪᠡᠷ ᠦ᠋ᠨ ᠢ᠋ᠶ᠋ᠡᠨ ᠡᠪᠦᠭᠡ ᠳᠡᠭᠡᠳᠦᠰ ᠡᠴᠡ ᠪᠡᠨ ᠤᠯᠠᠮᠵᠢᠯᠠᠵᠤ ᠢᠷᠡᠭᠰᠡᠨ ᠵᠤᠷᠰᠢᠯ ᠢ᠋ᠶ᠋ᠠᠷ ᠢ᠋ᠶ᠋ᠠᠨ ᠬᠡᠦᠬᠡᠳ ᠢ᠋ᠶ᠋ᠡᠨ ᠰᠤᠷᠭᠠᠵᠤ ᠬᠥᠮᠦᠨ ᠪᠣᠯᠭᠠᠳᠠᠭ᠃ ᠡᠢᠮᠦ ᠡᠴᠡ ᠭᠡᠷ ᠪᠦᠯᠢ ᠶ᠋ᠢᠨ ᠰᠤᠷᠭᠠᠨ ᠬᠥᠮᠦᠵᠢᠯ ᠨᠢ ᠤᠤᠯ ᠠ᠋ᠴᠠ ᠪᠠᠨ ᠣᠷᠣᠰᠢᠵᠤ ᠪᠠᠢᠵᠠᠢ ᠭᠡᠰᠡᠨ ᠢ᠋ ᠬᠠᠷᠠᠭᠤᠯᠵᠤ ᠪᠠᠢᠨ᠎ᠠ᠃ ᠬᠣᠢᠨ᠎ᠠ ᠨᠢ 《ᠠᠬᠢᠭᠤᠯᠬᠤ》ᠭᠡᠰᠡᠨ ᠦᠭᠡ ᠶ᠋ᠢ ᠠᠪᠤᠭᠰᠠᠨ ᠰᠢᠯᠲᠠᠭᠠᠨ ᠨᠢ ᠡᠨᠡ ᠬᠦ᠌ ᠰᠤᠷᠭᠠᠨ ᠬᠥᠮᠦᠵᠢᠯ ᠭᠡᠰᠡᠨ ᠶᠠᠭᠤᠮ᠎ᠠ ᠤᠤᠯ ᠨᠢ ᠪᠠᠢᠵᠠᠢ᠂ ᠡᠨᠡ ᠬᠦ᠌ ᠰᠤᠷᠭᠠᠨ ᠬᠥᠮᠦᠵᠢᠯ ᠢ᠋ ᠠᠬᠢᠭᠤᠯᠤᠨ᠎ᠠ ᠭᠡᠳᠡᠭ ᠨᠢ ᠳᠠᠷᠤᠢ ᠡᠨᠡ ᠬᠦ᠌ ᠰᠤᠷᠭᠠᠨ ᠬᠥᠮᠦᠵᠢᠯ ᠢ᠋ ᠴᠢᠬᠤᠯᠠ ᠪᠠᠢᠷᠢᠨ ᠳ᠋ᠤ᠌ ᠲᠠᠯᠪᠢᠬᠤ ᠬᠡᠷᠡᠭᠲᠡᠢ᠂ ᠴᠢᠩᠭᠠᠳᠬᠠᠬᠤ ᠴᠢᠬᠤᠯᠠ ᠲᠠᠢ ᠭᠡᠰᠡᠨ ᠱᠠᠭᠠᠷᠳᠠᠯᠭ᠎ᠠ ᠪᠠᠢᠬ᠎ᠠ ᠭᠡᠵᠦ ᠪᠢ ᠦᠵᠡᠵᠦ ᠪᠠᠢᠨ᠎ᠠ᠃ ᠲᠡᠭᠡᠬᠦ ᠪᠡᠷ ᠢ᠋ᠶ᠋ᠡᠨ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠠᠬᠢᠭᠤᠯᠬᠤ ᠬᠠᠤᠯᠢ ᠪᠣᠢ ᠪᠣᠯᠤᠭᠠᠳ ᠬᠣᠶᠠᠷ ᠵᠢᠯ ᠭᠠᠷᠤᠢ ᠪᠣᠯᠴᠢᠬᠠᠯ᠎ᠠ᠂ ᠲᠡᠭᠡᠬᠦ ᠪᠡᠷ ᠢ᠋ᠶ᠋ᠡᠨ ᠡᠨᠡ ᠬᠦ᠌ ᠬᠠᠤᠯᠢ ᠪᠠᠷ ᠳᠠᠮᠵᠢᠭᠤᠯᠵᠤ ᠮᠠᠨ ᠤ᠋ ᠭᠡᠷ ᠪᠦᠯᠢ ᠭᠡᠳᠡᠭ ᠡᠨᠡ ᠬᠦ᠌ ᠨᠡᠢᠭᠡᠮ ᠦ᠋ᠨ ᠡᠰ᠂ ᠨᠡᠢᠭᠡᠮ ᠦ᠋ᠨ ᠬᠠᠮᠤᠭ ᠪᠠᠭ᠎ᠠ ᠨᠢᠭᠡᠴᠢ ᠪᠡᠨ ᠮᠠᠨ ᠤ᠋ ᠭᠡᠷ ᠦ᠋ᠨ ᠠᠬᠠᠮᠠᠳ᠂ ᠭᠡᠷ ᠪᠦᠯᠢ ᠶ᠋ᠢᠨ ᠬᠢᠨ ᠴᠣᠬᠣᠮ ᠬᠦ᠌ ᠶᠠᠭᠠᠬᠢᠵᠤ ᠠᠪᠴᠤ ᠶᠠᠪᠤᠨ᠎ᠠ ᠪᠣᠢ? ᠲᠡᠭᠦᠨ ᠦ᠌ ᠪᠠᠢᠷᠢ ᠰᠠᠭᠤᠷᠢ ᠶ᠋ᠢ ᠶᠠᠭᠠᠬᠢᠵᠤ ᠣᠢᠯᠠᠭᠠᠨ᠎ᠠ ᠪᠣᠢ᠃ ᠲᠡᠭᠦᠨ ᠦ᠌ ᠦᠢᠯᠡᠳᠦᠯ ᠢ᠋ ᠶᠠᠭᠠᠬᠢᠵᠤ ᠪᠠᠳᠠᠷᠠᠭᠤᠯᠤᠨ᠎ᠠ ᠪᠣᠢ? ᠭᠡᠳᠡᠭ ᠠᠰᠠᠭᠤᠳᠠᠯ ᠪᠣᠯ ᠮᠠᠨ ᠤ᠋ ᠡᠮᠦᠨ᠎ᠡ ᠲᠠᠯᠪᠢᠭᠳᠠᠵᠤ ᠪᠠᠢᠨ᠎ᠠ᠃ 
   ᠲᠡᠭᠡᠬᠦ ᠪᠡᠷ ᠢ᠋ᠶ᠋ᠡᠨ ᠪᠢ ᠢᠩᠭᠢᠵᠦ ᠪᠣᠳᠣᠳᠠᠭ ᠶᠤᠮ ᠠ᠋᠂ ᠪᠢ ᠨᠠᠰᠤᠨ ᠲᠤᠷᠰᠢ ᠳᠥᠴᠢᠨ ᠵᠢᠯ ᠦ᠋ᠨ ᠰᠤᠷᠭᠠᠨ ᠬᠥᠮᠦᠵᠢᠯ ᠦ᠋ᠨ ᠠᠵᠢᠯ ᠢ᠋ ᠬᠢᠬᠦ ᠶᠠᠪᠤᠴᠠ ᠳ᠋ᠤ᠌ ᠪᠠᠨ ᠬᠡᠦᠬᠡᠳ ᠲᠦ᠍ ᠪᠡᠨ ᠬᠠᠢᠷᠠᠲᠠᠢ᠂ ᠪᠢ ᠡᠨᠡ ᠬᠦ᠌ ᠦᠨᠳᠦᠰᠦᠲᠡᠨ ᠦ᠌ ᠰᠤᠷᠭᠠᠨ ᠬᠥᠮᠦᠵᠢᠯ ᠦ᠋ᠨ ᠠᠵᠢᠯ ᠦᠢᠯᠡᠰ ᠲᠦ᠍ ᠪᠡᠨ ᠬᠠᠢᠷᠠᠲᠠᠢ᠃ ᠲᠡᠢᠮᠦ ᠡᠴᠡ ᠪᠣᠳᠣᠭᠰᠠᠨ ᠵᠦᠢᠯ᠂ ᠦᠵᠡᠭᠰᠡᠨ ᠵᠦᠢᠯ᠂ ᠣᠢᠯᠠᠭᠠᠭᠰᠠᠨ ᠵᠦᠢᠯ᠂ ᠵᠠᠷᠢᠮ ᠰᠤᠳᠤᠯᠭᠠᠨ ᠤ᠋ ᠬᠠᠮᠢᠶᠠᠲᠠᠢ ᠵᠦᠢᠯ ᠦ᠋ᠳ ᠢ᠋ᠶ᠋ᠡᠨ ᠮᠠᠯᠴᠢᠳ ᠲᠤ᠌ ᠪᠠᠨ ᠶᠠᠷᠢᠵᠤ ᠥᠭᠭᠦᠶ᠎ᠡ᠂ ᠮᠠᠨ ᠤ᠋ ᠬᠢᠨ ᠳ᠋ᠦ᠍ ᠪᠡᠨ ᠯᠠᠪᠯᠠᠯᠲᠠ ᠪᠣᠯᠭᠠᠶ᠎ᠠ ᠯᠠ ᠭᠡᠰᠡᠨ ᠡᠢᠮᠦ ᠨᠢᠭᠡᠨ ᠵᠣᠷᠢᠯᠲᠠ ᠪᠠᠷ᠂ ᠤᠤᠯ ᠨᠢ ᠪᠠᠰᠠ ᠡᠢᠮᠦ ᠰᠡᠳᠦᠪ ᠢ᠋ᠶ᠋ᠡᠷ ᠶᠠᠷᠢᠶ᠎ᠠ ᠢᠯᠡᠳᠬᠡᠯ ᠬᠢᠵᠦ ᠥᠩᠭᠡᠷᠡᠭᠰᠡᠨ ᠶᠦᠮ᠃ ᠲᠡᠭᠡᠪᠡᠯ ᠣᠨᠴᠠᠭᠠᠢᠯᠠᠨ ᠮᠠᠨ ᠤ᠋ ᠡᠨᠡ ᠤᠳᠠᠭᠠᠨ ᠤ᠋ ᠬᠠᠤᠯᠢ ᠲᠣᠭᠲᠠᠭᠠᠯ ᠳᠣᠲᠣᠷᠠᠬᠢ ᠶᠡᠷᠦᠩᠬᠡᠢ ᠳᠦᠷᠢᠮ ᠳ᠋ᠦ᠍ ᠮᠠᠨ ᠤ᠋ ᠬᠠᠮᠲᠤ ᠶ᠋ᠢᠨ ᠬᠠᠮᠤᠭ ᠰᠠᠢᠨ ᠣᠢᠯᠠᠭᠠᠳᠠᠭ ᠰᠤᠷᠭᠠᠨ ᠬᠥᠮᠦᠵᠢᠯ ᠦ᠋ᠨ ᠴᠢᠭᠯᠡᠯᠲᠡ ᠶ᠋ᠢ ᠳᠠᠬᠢᠨ ᠲᠣᠳᠣᠷᠬᠠᠢ ᠳᠤᠷᠠᠳᠴᠠᠢ᠃ ᠡᠨᠡ ᠬᠦ᠌ ᠰᠤᠷᠭᠠᠨ ᠬᠥᠮᠦᠵᠢᠯ ᠦ᠋ᠨ ᠴᠢᠭᠯᠡᠯᠲᠡ ᠪᠣᠯ ᠳᠥᠴᠢᠭᠡᠳ ᠵᠢᠯ ᠪᠣᠯᠵᠤ ᠪᠠᠢᠨ᠎ᠠ᠃ ᠮᠢᠨᠦ ᠣᠢᠯᠠᠭᠠᠵᠤ ᠪᠠᠢᠬᠤ ᠪᠠᠷ ᠳᠥᠴᠢᠭᠡᠳ ᠵᠢᠯ ᠪᠣᠯᠵᠤ ᠪᠠᠢᠨ᠎ᠠ᠃ ᠳᠠᠷᠤᠢ᠂ ᠨᠢᠭᠡ ᠬᠥᠮᠦᠨ ᠢ᠋ ᠬᠥᠮᠦᠵᠢᠭᠦᠯᠬᠦ ᠳ᠋ᠦ᠍ ᠪᠡᠨ ᠶᠠᠭᠤᠨ ᠤ᠋ ᠡᠮᠦᠨ᠎ᠡ ᠬᠥᠮᠦᠨ ᠮᠥᠰᠥ᠂ ᠣᠶᠤᠨ ᠤᠬᠠᠭᠠᠨ᠂ ᠪᠡᠶ᠎ᠡ ᠮᠠᠬᠠᠪᠣᠳ᠂ ᠭᠤᠸ᠎ᠠ ᠰᠠᠢᠬᠠᠨ᠂ ᠬᠥᠳᠡᠯᠮᠦᠷᠢ ᠭᠡᠬᠦ ᠲᠠᠪᠤᠨ ᠲᠠᠯ᠎ᠠ ᠶ᠋ᠢᠨ ᠪᠣᠯᠪᠠᠰᠤᠷᠠᠯ ᠳ᠋ᠤ᠌ ᠳᠠᠳᠤᠯᠭᠠᠵᠢᠭᠤᠯᠤᠭᠰᠠᠨ᠂ ᠨᠡᠢᠭᠡᠮ ᠳ᠋ᠦ᠍ ᠬᠡᠷᠡᠭᠴᠡᠭᠡ ᠲᠡᠢ ᠬᠥᠮᠦᠨ ᠢ᠋ ᠬᠥᠮᠦᠵᠢᠭᠦᠯᠦᠨ᠎ᠡ᠃ ᠡᠭᠦᠨ ᠢ᠋ ᠮᠠᠨ ᠤ᠋ ᠡᠨᠡ ᠤᠳᠠᠭᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠠᠬᠢᠭᠤᠯᠬᠤ ᠬᠠᠤᠯᠢ ᠳ᠋ᠤ᠌ ᠶᠡᠷᠦᠩᠬᠡᠢ ᠳᠦᠷᠢᠮ ᠦ᠋ᠨ ᠬᠠᠮᠤᠭ ᠨᠢᠭᠡᠳᠦᠭᠡᠷ ᠵᠤᠷᠪᠤᠰ ᠲᠤ᠌ ᠳᠤᠷᠠᠳᠴᠠᠢ᠃ ᠲᠡᠭᠡᠪᠡᠯ ᠡᠨᠡ ᠨᠢ ᠶᠠᠭᠤ ᠭᠡᠰᠡᠨ ᠦᠭᠡ ᠪᠣᠢ ᠭᠡᠪᠡᠯ ᠡᠨᠡ ᠪᠣᠯ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠠᠵᠢᠯ ᠤ᠋ᠨ ᠭᠣᠣᠯᠳᠠᠯᠭ᠎ᠠ ᠭᠡᠰᠡᠨ ᠦᠭᠡ᠃ ᠮᠠᠨ ᠤ᠋ ᠭᠡᠷ ᠪᠦᠯᠢ ᠳ᠋ᠦ᠍ ᠶᠠᠭᠤ ᠬᠢᠬᠦ ᠪᠣᠢ ᠭᠡᠰᠡᠨ ᠠᠰᠠᠭᠤᠳᠠᠯ ᠢ᠋ ᠲᠣᠳᠣᠷᠬᠠᠢ ᠵᠢᠭᠠᠯ᠎ᠠ ᠭᠡᠰᠡᠨ ᠦᠭᠡ᠃ ᠲᠡᠭᠡᠪᠡᠯ ᠪᠣᠳᠣᠵᠤ ᠦᠵᠡᠶ᠎ᠡ᠂ ᠨᠢᠭᠡ ᠬᠥᠮᠦᠨ ᠬᠥᠮᠦᠨ ᠪᠣᠯᠬᠤ ᠳ᠋ᠤ᠌ ᠶᠠᠭᠤᠨ ᠤ᠋ ᠡᠮᠦᠨ᠎ᠡ ᠬᠥᠮᠦᠨ ᠮᠥᠰᠥ ᠭᠡᠰᠡᠨ ᠶᠠᠭᠤᠮ᠎ᠠ ᠬᠠᠮᠤᠭ ᠲᠡᠷᠢᠭᠦᠨ ᠳ᠋ᠦ᠍ ᠶᠠᠷᠢᠭᠳᠠᠨ᠎ᠠ᠃ ᠡᠨᠡ ᠬᠥᠮᠦᠨ ᠦ᠌ ᠬᠥᠮᠦᠨ ᠴᠢᠨᠠᠷ ᠶᠠᠮᠠᠷ ᠵᠡᠷᠭᠡ ᠭᠡᠳᠡᠭ ᠨᠢ ᠨᠡᠢᠭᠡᠮ ᠳᠡᠭᠡᠷ᠎ᠡ ᠶᠠᠪᠤᠬᠤ ᠳ᠋ᠤ᠌ ᠬᠠᠮᠤᠭ ᠲᠡᠷᠢᠭᠦᠨ ᠳ᠋ᠦ᠍ ᠶᠠᠷᠢᠭᠳᠠᠨ᠎ᠠ᠂ ᠬᠠᠮᠤᠭ ᠲᠡᠷᠢᠭᠦᠨ ᠳ᠋ᠦ᠍ ᠬᠠᠷᠠᠭᠳᠠᠨ᠎ᠠ᠃ ᠨᠢᠳᠦᠨ ᠳ᠋ᠦ᠍ ᠦᠵᠡᠭᠳᠡᠨ᠎ᠡ᠂ ᠭᠠᠷ ᠲᠤ᠌ ᠪᠠᠷᠢᠭᠳᠠᠨ᠎ᠠ᠃ ᠬᠣᠶᠠᠳᠤᠭᠠᠷ ᠲᠤ᠌᠂ ᠬᠥᠮᠦᠨ ᠦ᠌ ᠣᠶᠤᠨ ᠤᠬᠠᠭᠠᠨ ᠣᠶᠤᠨ ᠮᠡᠳᠡᠷᠡᠯ ᠭᠡᠰᠡᠨ ᠶᠠᠭᠤᠮ᠎ᠠ ᠪᠣᠯ ᠯᠠᠪᠲᠠᠢ ᠭᠡᠷ ᠪᠦᠯᠢ ᠶ᠋ᠢᠨ ᠨᠥᠯᠥᠭᠡ ᠡᠴᠡ ᠰᠠᠯᠵᠤ ᠳᠡᠢᠯᠬᠦ ᠦᠭᠡᠢ᠂ ᠢᠩᠭᠢᠬᠦ ᠪᠡᠷ ᠢ᠋ᠶ᠋ᠡᠨ ᠨᠢᠭᠡ ᠬᠡᠦᠬᠡᠳ ᠦ᠋ᠨ ᠴᠦ᠍ ᠪᠣᠯ᠂ ᠨᠢᠭᠡ ᠬᠥᠮᠦᠨ ᠦ᠌ ᠴᠦ᠍ ᠪᠣᠯ᠂ ᠲᠡᠳᠡᠨ ᠦ᠌ ᠪᠡᠶ᠎ᠡ ᠳᠡᠭᠡᠷ᠎ᠡ ᠡᠴᠡ ᠲᠡᠭᠦᠨ ᠦ᠌ ᠣᠶᠤᠨ ᠤᠬᠠᠭᠠᠨ ᠤ᠋ ᠬᠢᠨ ᠦᠨᠳᠦᠰᠦᠨ ᠰᠢᠨᠵᠢ ᠨᠢ᠂ ᠲᠡᠷᠡ ᠨᠢᠭᠡ ᠭᠡᠷ ᠪᠦᠯᠢ ᠶ᠋ᠢᠨ ᠬᠥᠮᠦᠵᠢᠭᠦᠯᠵᠦ ᠭᠠᠷᠭᠠᠭᠰᠠᠨ ᠠᠷᠤ ᠭᠡᠷ ᠦ᠋ᠨ ᠬᠢᠨ ᠲᠣᠯᠢ ᠪᠠᠢᠭ᠎ᠠ᠃ ᠯᠠᠪᠲᠠᠢ ᠲᠡᠭᠦᠨ ᠢ᠋ ᠳᠤᠰᠬᠠᠵᠤ ᠴᠢᠳᠠᠨ᠎ᠠ᠃ ᠡᠭᠦᠨ ᠡᠴᠡ ᠰᠠᠯᠵᠤ ᠳᠡᠢᠯᠬᠦ ᠦᠭᠡᠢ᠃ 
ᠭᠤᠷᠪᠠᠳᠤᠭᠠᠷ ᠲᠤ᠌᠂ ᠪᠡᠶ᠎ᠡ ᠮᠠᠬᠠᠪᠣᠳ ᠤ᠋ᠨ ᠡᠷᠡᠭᠦᠯ ᠴᠢᠭᠢᠷᠠᠭ ᠤ᠋ᠨ ᠬᠡᠮᠵᠢᠶ᠎ᠡ᠂ ᠪᠡᠶ᠎ᠡ ᠰᠡᠳᠬᠢᠴᠡ ᠶ᠋ᠢᠨ ᠡᠷᠡᠭᠦᠯ ᠴᠢᠭᠢᠷᠠᠭ ᠤ᠋ᠨ ᠬᠡᠮᠵᠢᠶ᠎ᠡ ᠮᠥᠨ ᠴᠦ᠍ ᠡᠨᠡ ᠭᠡᠷ ᠪᠦᠯᠢ ᠶ᠋ᠢᠨ ᠡᠴᠢᠭᠡ ᠡᠬᠡ ᠶ᠋ᠢᠨ ᠰᠤᠷᠭᠠᠨ ᠬᠥᠮᠦᠵᠢᠯ ᠪᠤᠶᠤ ᠭᠡᠷ ᠦ᠋ᠨ ᠠᠬᠠᠮᠠᠳ ᠤ᠋ᠨ ᠰᠤᠷᠭᠠᠨ ᠬᠥᠮᠦᠵᠢᠯ ᠦ᠋ᠨ ᠲᠡᠨᠳᠡ ᠡᠴᠡ ᠯᠡ ᠢᠷᠡᠳᠡᠭ᠃ ᠲᠡᠷᠡ ᠭᠡᠷ ᠪᠦᠯᠢ ᠡᠴᠡ ᠯᠡ ᠢᠷᠡᠳᠡᠭ᠃ ᠡᠢᠮᠦ ᠪᠡᠷ ᠢ᠋ᠶ᠋ᠡᠨ ᠡᠨᠡ ᠴᠢᠨᠢ ᠭᠡᠷ ᠪᠦᠯᠢ ᠳ᠋ᠦ᠍ ᠬᠢᠬᠦ ᠴᠢᠬᠤᠯᠠ ᠲᠠᠢ ᠭᠣᠣᠯᠳᠠᠯᠭ᠎ᠠ ᠲᠠᠢ ᠠᠵᠢᠯ ᠮᠥᠨ ᠭᠡᠳᠡᠭ ᠢ᠋ ᠬᠠᠤᠯᠢ ᠳ᠋ᠤ᠌ ᠲᠣᠪ ᠲᠣᠳᠣᠷᠬᠠᠢ ᠲᠣᠭᠲᠠᠭᠠᠵᠤ ᠥᠭᠴᠡᠢ᠃ ᠳᠥᠷᠪᠡᠳᠦᠭᠡᠷ ᠲᠦ᠍᠂ ᠭᠤᠸ᠎ᠠ ᠰᠠᠢᠬᠠᠨ᠂ ᠭᠤᠸ᠎ᠠ ᠰᠠᠢᠬᠠᠨ ᠢ᠋ ᠮᠠᠨᠤᠰ ᠰᠠᠢᠨ ᠣᠢᠯᠠᠭᠠᠳᠠᠭ᠂ ᠵᠢᠱ᠌ᠢᠶᠡᠯᠡᠪᠡᠯ᠂ ᠬᠥᠮᠦᠨ ᠬᠡᠦᠬᠡᠳ ᠨᠠᠰᠤᠨ ᠠ᠋ᠴᠠ ᠪᠠᠨ ᠡᠬᠢᠯᠡᠭᠡᠳ ᠲᠡᠢᠮᠦᠷᠬᠦ ᠴᠡᠪᠡᠷ ᠴᠠᠢᠯᠭᠠᠨ ᠵᠠᠩ ᠴᠢᠨᠠᠷ᠂ ᠲᠥᠷᠥᠯᠬᠢ ᠠᠪᠢᠶᠠᠰ ᠪᠢᠯᠢᠭ ᠪᠠᠢᠨ᠎ᠠ᠂ ᠵᠠ ᠡᠨᠡ ᠨᠢ ᠭᠡᠷ ᠪᠦᠯᠢ ᠳ᠋ᠦ᠍ ᠪᠡᠨ ᠥᠰᠴᠦ ᠪᠣᠢᠵᠢᠬᠤ ᠶᠠᠪᠤᠴᠠ ᠳ᠋ᠤ᠌ ᠪᠠᠨ ᠭᠡᠷ ᠦ᠋ᠨ ᠠᠬᠠᠮᠠᠳ ᠡᠴᠢᠭᠡ ᠡᠬᠡ ᠶ᠋ᠢᠨ ᠢ᠋ᠶ᠋ᠡᠨ ᠨᠥᠯᠥᠭᠡ ᠶ᠋ᠢᠨ ᠳᠣᠣᠷ᠎ᠠ ᠶᠠᠭᠤ ᠶ᠋ᠢ ᠪᠠᠬᠠᠷᠬᠠᠳᠠᠭ ᠪᠣᠢ? ᠶᠠᠭᠤ ᠶ᠋ᠢ ᠲᠣᠭᠤᠰᠢᠶᠠᠳᠠᠭ ᠪᠣᠢ? ᠶᠠᠭᠤ ᠶ᠋ᠢ ᠳᠤᠷ᠎ᠠ ᠦᠭᠡᠢᠴᠡᠳᠡᠭ ᠪᠣᠢ? ᠶᠠᠭᠤ ᠲᠠᠢ ᠣᠢᠷᠠᠳᠬᠤ ᠳᠤᠷᠠᠲᠠᠢ ᠪᠣᠯ? ᠶᠠᠭᠤ ᠶ᠋ᠢ ᠵᠢᠭᠰᠢᠳᠡᠭ ᠪᠣᠢ? ᠭᠡᠬᠦ ᠮᠡᠲᠦ ᠶ᠋ᠢᠨ ᠵᠦᠢᠯᠡᠰ ᠨᠢ ᠪᠦᠷ ᠭᠤᠸ᠎ᠠ ᠰᠠᠢᠬᠠᠨ ᠭᠡᠳᠡᠭ ᠦ᠋ᠨ ᠳᠣᠣᠷ᠎ᠠ ᠪᠢᠴᠢᠭᠳᠡᠨ᠎ᠡ᠃ ᠲᠡᠭᠡᠬᠦ ᠪᠡᠷ ᠢ᠋ᠶ᠋ᠡᠨ ᠭᠤᠸ᠎ᠠ ᠰᠠᠢᠬᠠᠨ ᠬᠠᠮᠢᠭ᠎ᠠ ᠠ᠋ᠴᠠ ᠢᠷᠡᠳᠡᠭ ᠪᠣᠢ? ᠮᠥᠨ ᠴᠦ᠍ ᠭᠡᠷ ᠪᠦᠯᠢ ᠡᠴᠡ ᠢᠷᠡᠨ᠎ᠡ᠂ ᠭᠡᠷ ᠪᠦᠯᠢ ᠡᠴᠡ ᠲᠣᠭᠲᠠᠭᠠᠭᠳᠠᠨ᠎ᠠ᠂ ᠭᠡᠷ ᠪᠦᠯᠢ ᠶ᠋ᠢᠨ ᠨᠥᠯᠥᠭᠡ ᠪᠣᠯ ᠴᠢᠬᠤᠯᠠ ᠭᠡᠰᠡᠨ ᠦᠭᠡ᠃ ᠴᠢᠬᠤᠯᠠ ᠪᠠᠢᠷᠢ ᠰᠠᠭᠤᠷᠢ ᠶ᠋ᠢ ᠡᠵᠡᠯᠡᠵᠦ ᠪᠠᠢᠨ᠎ᠠ ᠭᠡᠰᠡᠨ ᠰᠠᠨᠠᠭ᠎ᠠ ᠰᠢᠲᠠ᠃ 
   ᠵᠠ ᠢᠩᠭᠢᠬᠦ ᠪᠡᠷ ᠢ᠋ᠶ᠋ᠡᠨ ᠳᠠᠷᠠᠭ᠎ᠠ ᠨᠢ ᠶᠠᠷᠢᠶᠠᠨ ᠦᠭᠡᠢ ᠬᠥᠳᠡᠯᠮᠦᠷᠢ ᠶ᠋ᠢ ᠵᠠᠪᠠᠯ ᠳᠤᠷᠠᠳᠬᠤ ᠬᠡᠷᠡᠭᠲᠡᠢ ᠰᠢᠳᠡ᠂ ᠵᠢᠱ᠌ᠢᠶᠡᠯᠡᠪᠡᠯ᠂ ᠮᠠᠨ ᠤ᠋ ᠨᠡᠢᠭᠡᠮ ᠦ᠋ᠨ ᠬᠥᠭᠵᠢᠯᠲᠡ ᠶ᠋ᠢᠨ ᠨᠢᠭᠡ ᠲᠦᠷᠭᠡᠨ᠂ ᠂᠂ ᠂ ᠣᠨᠴᠠᠭᠠᠢᠯᠠᠨ ᠲᠸᠭᠨᠢᠭ ᠮᠡᠷᠭᠡᠵᠢᠯ ᠦ᠋ᠨ ᠲᠠᠪᠰᠢᠯᠲᠠ ᠠ᠋ᠴᠠ ᠪᠣᠯᠵᠤ ᠮᠠᠨ ᠤ᠋ ᠬᠢᠨ ᠮᠠᠨ ᠤ᠋ ᠪᠠᠭ᠎ᠠ ᠶ᠋ᠢᠨ ᠬᠢ ᠰᠢᠭ ᠲᠡᠢᠮᠦ ᠬᠥᠳᠡᠯᠮᠦᠷᠢ ᠳ᠋ᠦ᠍ ᠣᠷᠣᠯᠴᠠᠬᠤ᠂ ᠳᠠᠪᠲᠠᠭᠳᠠᠬᠤ᠂ ᠡᠢᠮᠦ ᠨᠢᠭᠡ ᠴᠠᠭ᠂ ᠲᠣᠬᠢᠶᠠᠯ᠂ ᠨᠥᠬᠥᠴᠡᠯ ᠶᠡᠬᠡ ᠬᠣᠮᠰᠠ ᠪᠣᠯᠤᠭᠰᠠᠨ᠃ ᠮᠠᠨ ᠤ᠋ ᠬᠡᠦᠬᠡᠳ ᠭᠠᠷᠤᠭᠠᠳ ᠢᠷᠡᠯ᠎ᠡ ᠭᠡᠭᠰᠡᠭᠡᠷ ᠯᠡ ᠨᠢᠭᠡ ᠴᠦ᠍ ᠪᠣᠯᠤᠭ ᠬᠣᠶᠠᠷ ᠴᠤ᠌ ᠪᠣᠯᠤᠭ᠃ ᠬᠦᠦ ᠪᠣᠯ ᠡᠨᠡ ᠭᠡᠷ ᠲᠦ᠍ ᠪᠡᠨ ᠶᠡᠬᠡ ᠡᠷᠬᠡ ᠪᠡᠷᠬᠡ ᠲᠡᠢ᠂ ᠬᠡᠦᠬᠡᠨ ᠴᠦ᠍ ᠪᠣᠯᠤᠭ ᠶᠡᠬᠡ ᠡᠷᠬᠡ ᠪᠡᠷᠬᠡ ᠲᠡᠢ᠃ ᠬᠡᠳᠦᠨ ᠦᠶ᠎ᠡ ᠪᠡᠷ ᠢ᠋ᠶ᠋ᠡᠨ ᠡᠨᠡ ᠬᠡᠦᠬᠡᠳ ᠢ᠋ ᠪᠦᠪᠡᠢᠯᠡᠵᠦ ᠥᠰᠬᠡᠨ᠎ᠡ᠃ ᠢᠩᠭᠢᠭᠡᠳ ᠣᠯᠠᠩᠬᠢ ᠪᠠᠢᠳᠠᠯ ᠳ᠋ᠤ᠌ ᠨᠡᠢᠭᠡᠮ ᠦ᠋ᠨ ᠲᠤᠰᠬᠠᠯ ᠪᠤᠶᠤ ᠨᠡᠢᠭᠡᠮ ᠦ᠋ᠨ ᠠᠵᠢᠭᠯᠠᠯᠲᠠ ᠠ᠋ᠴᠠ ᠦᠨᠳᠦᠰᠦᠯᠡᠪᠡᠯ ᠮᠠᠨ ᠤ᠋ ᠬᠢᠨ᠂ ᠂᠂ ᠂ ᠨᠠᠳᠠ ᠠᠪᠴᠤ ᠬᠡᠯᠡᠪᠡᠯ ᠣᠮᠪᠣᠯ ᠳᠣᠮᠪᠤᠯᠤ᠂ ᠮᠢᠨᠦ ᠲᠡᠷᠡ ᠣᠮᠪᠣᠯ ᠳᠣᠮᠪᠤᠯᠤ ᠨᠤᠭᠤᠳ ᠢ᠋ᠶ᠋ᠠᠨ ᠪᠢ ᠨᠢᠭᠡ ᠬᠠᠷᠠᠵᠤ ᠦᠵᠡᠭᠰᠡᠨ ᠴᠢᠨᠢ ᠶᠡᠬᠡ ᠡᠷᠬᠡ ᠪᠡᠷᠬᠡ ᠲᠡᠢ ᠥᠰᠴᠦ ᠪᠠᠢᠨ᠎ᠠ᠃ ᠬᠥᠳᠡᠯᠮᠦᠷᠢ ᠶ᠋ᠢᠨ ᠬᠦᠴᠢᠷ ᠪᠡᠷᠬᠡ ᠭᠡᠳᠡᠭ ᠶᠠᠭᠤᠮ᠎ᠠ ᠶ᠋ᠢ ᠶᠡᠷᠦ ᠨᠢ ᠲᠡᠢᠮᠦ ᠰᠠᠢᠨ ᠣᠢᠯᠠᠭᠠᠬᠤ ᠦᠭᠡᠢ᠂ ᠡᠨᠡ ᠪᠣᠯ ᠮᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠳ᠋ᠦ᠍ ᠶᠠᠭ ᠰᠠᠢᠬᠠᠨ ᠳᠤᠲᠠᠭᠳᠠᠵᠤ ᠪᠠᠢᠭ᠎ᠠ ᠵᠠᠪᠠᠯ ᠨᠥᠬᠥᠪᠥᠷᠢᠯᠡᠬᠦ ᠦᠭᠡᠢ ᠪᠣᠯᠬᠤ ᠦᠭᠡᠢ ᠵᠦᠢᠯ ᠵᠤᠷᠪᠤᠰ ᠭᠡᠵᠦ ᠦᠵᠡᠵᠦ ᠪᠠᠢᠨ᠎ᠠ᠃ ᠮᠥᠨ ᠴᠦ᠍ ᠮᠠᠨ ᠤ᠋ ᠡᠨᠡ ᠤᠳᠠᠭᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠠᠬᠢᠭᠤᠯᠬᠤ ᠬᠠᠤᠯᠢ ᠳ᠋ᠤ᠌ ᠲᠣᠪ ᠲᠣᠳᠣᠷᠬᠠᠢ ᠪᠢᠴᠢᠭᠡᠳ ᠦᠭᠴᠢᠬᠡᠴᠡᠢ᠃ ᠮᠥᠨ ᠴᠦ᠍ ᠶᠡᠷᠦᠩᠬᠡᠢ ᠳᠦᠷᠢᠮ ᠦ᠋ᠨ ᠢ᠋ᠶ᠋ᠡᠨ ᠨᠢᠭᠡᠳᠦᠭᠡᠷ ᠵᠤᠷᠪᠤᠰ ᠲᠤ᠌ ᠪᠢᠴᠢᠵᠦ ᠥᠭᠴᠡᠢ᠃ ᠡᠢᠮᠦ ᠡᠴᠡ ᠡᠨᠡ ᠴᠢᠨᠢ ᠶᠠᠭᠤ ᠭᠡᠰᠡᠨ ᠦᠭᠡ ᠪᠣᠢ? ᠲᠡᠭᠦᠨ ᠦ᠌ ᠪᠠᠢᠷᠢ ᠰᠠᠭᠤᠷᠢ ᠨᠢ ᠴᠢᠬᠤᠯᠠ᠂ ᠡᠭᠦᠨ ᠢ᠋ ᠬᠦᠨᠳᠦᠳᠬᠡᠬᠦ ᠴᠢᠬᠤᠯᠠ ᠲᠠᠢ᠂ ᠭᠡᠷ ᠪᠦᠯᠢ ᠳ᠋ᠦ᠍ ᠪᠡᠨ ᠵᠠᠪᠠᠯ ᠡᠨᠡ ᠶᠠᠭᠤᠮ᠎ᠠ ᠶ᠋ᠢ ᠲᠣᠳᠣᠷᠬᠠᠢ ᠪᠣᠯᠭᠠᠵᠤ ᠲᠤᠭᠤᠰᠢᠯᠠᠭᠤᠯᠵᠤ ᠬᠡᠷᠡᠭᠵᠢᠭᠦᠯᠵᠦ ᠠᠩᠬᠠᠷᠤᠯ ᠲᠠᠯᠪᠢᠬᠤ ᠬᠡᠷᠡᠭᠲᠡᠢ ᠯᠡ ᠭᠡᠰᠡᠨ ᠢ᠋ ᠬᠠᠤᠯᠢ ᠮᠠᠨ ᠳ᠋ᠤ᠌ ᠵᠢᠭᠠᠵᠤ ᠪᠠᠢᠨ᠎ᠠ ᠰᠢᠲᠠ᠃ ᠡᠨᠡ ᠪᠣᠯ ᠮᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠬᠠᠤᠯᠢ ᠶ᠋ᠢᠨ ᠲᠠᠯ᠎ᠠ ᠶ᠋ᠢᠨ᠂ ᠰᠢᠨ᠎ᠡ ᠪᠡᠷ ᠭᠠᠷᠤᠭᠰᠠᠨ ᠬᠠᠤᠯᠢ ᠶ᠋ᠢᠨ ᠪᠠᠢᠷᠢ ᠰᠠᠭᠤᠷᠢ ᠶ᠋ᠢ ᠲᠣᠭᠲᠠᠭᠠᠬᠤ ᠳ᠋ᠤ᠌᠂ ᠦᠢᠯᠡᠳᠦᠯ ᠢ᠋ ᠲᠣᠭᠲᠠᠭᠠᠬᠤ ᠳ᠋ᠤ᠌᠂ ᠮᠠᠨᠤᠰ ᠲᠤ᠌ ᠴᠢᠭᠯᠡᠯ ᠢ᠋᠂ ᠮᠠᠨ ᠤ᠋ ᠠᠵᠢᠯᠯᠠᠭᠠᠨ ᠤ᠋ ᠴᠢᠭᠯᠡᠯ ᠢ᠋ ᠵᠢᠭᠠᠵᠤ ᠥᠭᠭᠦᠯ᠎ᠡ ᠭᠡᠵᠦ ᠣᠢᠯᠠᠭᠠᠵᠤ ᠪᠠᠢᠨ᠎ᠠ᠃ ᠲᠡᠭᠡᠬᠦ ᠪᠡᠷ ᠢ᠋ᠶ᠋ᠡᠨ ᠣᠨᠴᠠᠭᠠᠢᠯᠠᠨ ᠮᠠᠨ ᠤ᠋ ᠵᠠᠯᠠᠭᠤ ᠵᠠᠯᠠᠭᠤ ᠭᠡᠷ ᠦ᠋ᠨ ᠠᠬᠠᠮᠠᠳ ᠪᠦᠷ ᠯᠡ ᠮᠠᠨᠤᠰ ᠲᠤ᠌ ᠬᠡᠦᠬᠡᠳ ᠦᠶ᠎ᠡ ᠲᠡᠢ ᠵᠠᠯᠠᠭᠤᠴᠤᠳ ᠪᠠᠢᠭ᠎ᠠ᠂ ᠲᠡᠭᠡᠬᠦ ᠪᠡᠷ ᠢ᠋ᠶ᠋ᠡᠨ ᠬᠡᠳᠦᠢᠪᠡᠷ ᠨᠡᠢᠭᠡᠮ ᠬᠥᠭᠵᠢᠵᠦ ᠪᠠᠢᠨ᠎ᠠ ᠭᠡᠳᠡᠭ ᠪᠣᠯᠪᠠᠴᠤ ᠵᠠᠷᠢᠮ ᠵᠦᠢᠯ ᠨᠢ ᠬᠡᠵᠢᠶᠡᠳᠡ ᠴᠠᠭ ᠦᠶ᠎ᠡ ᠡᠴᠡ ᠬᠣᠴᠤᠷᠠᠳᠠᠭ ᠦᠭᠡᠢ᠂ ᠤᠯᠠᠮᠵᠢᠯᠠᠯ ᠭᠡᠳᠡᠭ ᠶᠠᠭᠤᠮ᠎ᠠ ᠶ᠋ᠢ᠂ ᠂᠂ ᠂ ᠮᠠᠨ ᠤ᠋ ᠡᠨᠡ ᠬᠠᠤᠯᠢ ᠳ᠋ᠤ᠌ ᠪᠠᠰᠠ ᠶᠠᠷᠢᠵᠤ ᠥᠩᠭᠡᠷᠡᠪᠡ᠃ ᠥᠭᠡᠷ᠎ᠡ ᠪᠡᠷ ᠬᠡᠯᠡᠪᠡᠯ ᠳᠤᠮᠳᠠᠳᠤ ᠶ᠋ᠢᠨ ᠦᠨᠳᠦᠰᠦᠲᠡᠨ ᠦ᠌ ᠰᠢᠯᠢᠳᠡᠭ ᠭᠡᠷ ᠪᠦᠯᠢ ᠶ᠋ᠢᠨ ᠤᠯᠠᠮᠵᠢᠯᠠᠯᠲᠤ ᠰᠤᠷᠭᠠᠨ ᠬᠥᠮᠦᠵᠢᠯ ᠢ᠋ ᠬᠦᠨᠳᠦᠳᠬᠡᠬᠦ ᠴᠢᠬᠤᠯᠠ ᠲᠠᠢ ᠭᠡᠵᠦ ᠲᠣᠳᠣᠷᠬᠠᠢᠯᠠᠵᠠᠢ᠃ ᠥᠭᠡᠷ᠎ᠡ ᠪᠡᠷ ᠬᠡᠯᠡᠪᠡᠯ ᠬᠠᠤᠯᠢ ᠶ᠋ᠢᠨ ᠨᠢᠭᠡᠳᠦᠭᠡᠷ ᠵᠤᠷᠪᠤᠰ ᠲᠤ᠌ ᠢᠩᠭᠢᠵᠦ ᠶᠠᠷᠢᠭᠰᠠᠨ ᠪᠠᠢᠨ᠎ᠠ᠃ ᠳᠠᠷᠤᠢ ᠰᠢᠯᠢᠳᠡᠭ ᠤᠯᠠᠮᠵᠢᠯᠠᠯ ᠢ᠋ᠶ᠋ᠠᠨ ᠵᠠᠪᠠᠯ ᠬᠦᠨᠳᠦᠳᠬᠡᠨ᠎ᠡ᠂ ᠨᠡᠢᠭᠡᠮ ᠨᠡᠢᠲᠡ ᠶ᠋ᠢᠨ ᠬᠠᠮᠲᠤ ᠶ᠋ᠢᠨ ᠬᠡᠪ ᠲᠥᠷᠬᠦ ᠶ᠋ᠢ ᠪᠣᠢ ᠪᠣᠯᠭᠠᠨ᠎ᠠ᠃ ᠢᠩᠭᠢᠬᠦ ᠳ᠋ᠦ᠍ ᠵᠠᠪᠠᠯ ᠭᠡᠷ ᠪᠦᠯᠢ ᠪᠡᠷ ᠰᠠᠭᠤᠷᠢ ᠪᠣᠯᠭᠠᠨ᠎ᠠ ᠰᠢᠳᠡ᠃ ᠶᠠᠭᠠᠬᠢᠭᠠᠳ ᠢᠩᠭᠢᠵᠦ ᠬᠡᠯᠡᠨ᠎ᠡ ᠭᠡᠪᠡᠯ ᠭᠡᠷ ᠪᠦᠯᠢ ᠪᠣᠯ ᠨᠡᠢᠭᠡᠮ ᠦ᠋ᠨ ᠢ᠋ᠶ᠋ᠡᠨ ᠡᠰ ᠪᠠᠢᠭ᠎ᠠ᠂ ᠨᠡᠢᠭᠡᠮ ᠭᠡᠳᠡᠭ ᠨᠢ ᠨᠢᠭᠡ ᠨᠢᠭᠡ ᠭᠡᠷ ᠢ᠋ᠶ᠋ᠡᠷ ᠨᠡᠢᠯᠡᠵᠦ ᠪᠠᠢᠭᠠᠳ ᠮᠠᠰᠢ ᠣᠠᠯᠨ ᠭᠡᠷ ᠪᠦᠯᠢ ᠨᠡᠢᠯᠡᠵᠦ ᠪᠠᠢᠭᠠᠳ ᠨᠢᠭᠡ ᠨᠡᠢᠭᠡᠮ ᠭᠡᠰᠡᠨ ᠶᠠᠭᠤᠮ᠎ᠠ ᠶ᠋ᠢ ᠪᠣᠢ ᠪᠣᠯᠭᠠᠨ᠎ᠠ᠃ ᠲᠡᠢᠮᠦ ᠪᠡᠷ ᠢ᠋ᠶ᠋ᠡᠨ ᠨᠡᠢᠭᠡᠮ ᠪᠣᠯᠤᠭᠠᠳ ᠭᠡᠷ ᠪᠦᠯᠢ ᠶ᠋ᠢᠨ ᠬᠣᠭᠣᠷᠣᠨᠳᠣᠬᠢ ᠬᠠᠷᠢᠴᠠᠭ᠎ᠠ ᠠ᠋ᠴᠠ ᠠᠪᠴᠤ ᠬᠡᠯᠡᠪᠡᠯ ᠨᠡᠢᠭᠡᠮ ᠨᠢ ᠭᠡᠷ ᠪᠦᠯᠢ ᠶ᠋ᠢᠨ ᠢ᠋ᠶ᠋ᠡᠨ ᠬᠠᠮᠲᠤ ᠶ᠋ᠢᠨ ᠴᠣᠭᠴᠠ ᠶ᠋ᠢ ᠵᠢᠭᠠᠵᠤ ᠪᠠᠢᠨ᠎ᠠ᠂ ᠭᠡᠷ ᠪᠦᠯᠢ ᠨᠢ ᠨᠡᠢᠭᠡᠮ ᠦ᠋ᠨ ᠢ᠋ᠶ᠋ᠡᠨ ᠨᠢᠭᠡ ᠦᠨᠳᠦᠰᠦᠨ ᠨᠢᠭᠡᠴᠢ ᠶ᠋ᠢ ᠵᠢᠭᠠᠵᠤ ᠪᠠᠢᠨ᠎ᠠ᠃ ᠡᠢᠮᠦ ᠪᠡᠷ ᠢ᠋ᠶ᠋ᠡᠨ ᠵᠠᠷᠢᠮ ᠵᠦᠢᠯ ᠢ᠋ ᠨᠡᠢᠭᠡᠮ ᠭᠡᠵᠦ ᠱᠠᠭᠠᠷᠳᠠᠬᠤ ᠶ᠋ᠢᠨ ᠣᠷᠣᠨ ᠳ᠋ᠤ᠌ ᠭᠡᠷ ᠪᠦᠯᠢ ᠪᠡᠷ ᠣᠴᠢᠵᠤ ᠪᠡᠶᠡᠯᠡᠭᠦᠯᠪᠡᠯ ᠨᠡᠢᠭᠡᠮ ᠠᠶᠠᠨᠳᠠᠭᠠᠨ ᠰᠠᠢᠬᠠᠨ ᠪᠣᠯᠤᠨ᠎ᠠ᠃ ᠡᠢᠮᠦ ᠯᠡ ᠦᠵᠡᠯ ᠰᠠᠨᠠᠭ᠎ᠠ ᠶ᠋ᠢ ᠮᠠᠨ ᠤ᠋ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ《ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠠᠬᠢᠭᠤᠯᠬᠤ ᠬᠠᠤᠯᠢ》 ᠳ᠋ᠤ᠌ ᠶᠡᠬᠡ ᠲᠣᠳᠣᠷᠬᠠᠢ ᠵᠢᠭᠠᠭᠰᠠᠨ ᠪᠠᠢᠨ᠎ᠠ᠃ ᠪᠢ ᠪᠣᠯ ᠨᠠᠶᠠᠭᠠᠳ ᠣᠨ ᠤ᠋ ᠵᠠᠯᠠᠭᠤ ᠤᠴᠢᠷ ᠠ᠋ᠴᠠ ᠮᠠᠨ ᠤ᠋ ᠳᠤᠮᠳᠠᠳᠤ ᠤᠯᠤᠰ ᠤ᠋ᠨ ᠰᠤᠷᠭᠠᠨ ᠬᠥᠮᠦᠵᠢᠯ ᠦ᠋ᠨ ᠴᠢᠭᠯᠡᠯᠲᠡ ᠭᠡᠳᠡᠭ ᠡᠨᠡ ᠬᠦ᠌ ᠶᠠᠭᠤᠮ᠎ᠠ ᠶ᠋ᠢ ᠶᠡᠬᠡ ᠰᠠᠢᠨ ᠮᠡᠳᠡᠳᠡᠭ᠂ ᠲᠡᠷᠡ ᠦᠶ᠎ᠡ ᠳ᠋ᠦ᠍ ᠮᠠᠨᠤᠰ ᠪᠠᠭ᠎ᠠ ᠵᠠᠯᠠᠭᠤ ᠪᠠᠢᠬᠤ ᠦᠶ᠎ᠡ ᠳ᠋ᠦ᠍ ᠡᠨᠡ ᠬᠦ᠌ ᠴᠢᠭᠯᠡᠯᠲᠡ ᠪᠡᠷ ᠬᠥᠮᠦᠵᠢᠭᠳᠡᠵᠦ ᠥᠰᠴᠦ ᠪᠣᠢᠵᠢᠵᠠᠢ᠃ ᠣᠳᠣ ᠴᠤ᠌ ᠭᠡᠰᠡᠨ ᠡᠭᠦᠨ ᠢ᠋ ᠳᠤᠷᠠᠳᠴᠤ ᠪᠠᠢᠭ᠎ᠠ ᠨᠢ ᠶᠠᠭᠤ ᠶ᠋ᠢ ᠬᠠᠷᠠᠭᠤᠯᠵᠤ ᠪᠠᠢᠨ᠎ᠠ ᠭᠡᠵᠦ ᠬᠡᠯᠡᠪᠡᠯ ᠰᠤᠷᠭᠠᠨ ᠬᠥᠮᠦᠵᠢᠯ ᠦ᠋ᠨ ᠴᠢᠭᠯᠡᠯᠲᠡ ᠪᠣᠯ ᠮᠠᠨ ᠤ᠋ ᠬᠠᠮᠲᠤ ᠶ᠋ᠢᠨ ᠤᠬᠠᠮᠰᠠᠷ ᠢ᠋ ᠪᠣᠢ ᠪᠣᠯᠭᠠᠬᠤ ᠳ᠋ᠤ᠌᠂ ᠮᠠᠨ ᠤ᠋ ᠬᠠᠮᠲᠤ ᠶ᠋ᠢᠨ ᠴᠣᠭᠴᠠ ᠪᠠᠨ ᠪᠠᠢᠭᠤᠯᠬᠤ ᠳ᠋ᠤ᠌᠂ ᠦᠷ᠎ᠡ ᠬᠡᠦᠬᠡᠳ ᠢ᠋ᠶ᠋ᠡᠨ ᠬᠥᠮᠦᠵᠢᠭᠦᠯᠬᠦ ᠳ᠋ᠦ᠍ ᠵᠠᠪᠠᠯ ᠠᠩᠬᠠᠷᠴᠤ ᠪᠡᠶᠡᠯᠡᠭᠦᠯᠵᠦ ᠴᠢᠬᠤᠯᠠᠴᠠᠯᠠᠬᠤ ᠳ᠋ᠤ᠌ ᠬᠠᠤᠯᠢ ᠶ᠋ᠢᠨ ᠪᠠᠲᠤᠯᠭ᠎ᠠ ᠥᠭᠭᠦᠭᠰᠡᠨ ᠱᠠᠭᠠᠷᠳᠠᠯᠭ᠎ᠠ ᠪᠠᠢᠨ᠎ᠠ ᠭᠡᠵᠦ ᠪᠢ ᠦᠵᠡᠵᠦ ᠪᠠᠢᠨ᠎ᠠ᠃ 
   ᠵᠠ ᠲᠡᠭᠡᠪᠡᠯ ᠮᠠᠨ ᠤ᠋ ᠭᠡᠷ ᠪᠦᠯᠢ᠂ ᠭᠡᠷ ᠦ᠋ᠨ ᠬᠥᠮᠦᠵᠢᠯ᠂ ᠭᠡᠷ ᠦ᠋ᠨ ᠰᠤᠷᠲᠠᠯ ᠡᠨᠡ ᠭᠤᠷᠪᠠᠨ ᠠᠭᠤᠯᠭ᠎ᠠ ᠪᠣᠯ ᠮᠠᠨ ᠤ᠋ ᠶᠡᠷᠦᠩᠬᠡᠢ ᠱᠦᠵᠢ ᠶ᠋ᠢᠨ ᠴᠢᠬᠤᠯᠠ ᠶᠠᠷᠢᠶᠠᠨ ᠳ᠋ᠤ᠌ ᠳᠤᠷᠠᠳᠤᠭᠳᠠᠵᠤ ᠥᠩᠭᠡᠷᠡᠭᠰᠡᠨ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠨᠢᠭᠡᠨ ᠴᠢᠬᠤᠯᠠ ᠱᠠᠭᠠᠷᠳᠠᠯᠭ᠎ᠠ ᠭᠡᠵᠦ ᠦᠵᠡᠵᠦ ᠪᠣᠯᠤᠨ᠎ᠠ᠃ ᠤᠴᠢᠷ ᠨᠢ ᠭᠡᠷ ᠪᠦᠯᠢ ᠭᠡᠵᠦ ᠶᠠᠭᠤ ᠪᠣᠢ᠂ ? ᠭᠡᠷ ᠦ᠋ᠨ ᠬᠥᠮᠦᠵᠢᠯ ᠭᠡᠵᠦ ᠶᠠᠭᠤ ᠪᠣᠢ? ᠭᠡᠷ ᠦ᠋ᠨ ᠰᠤᠷᠲᠠᠯ ᠭᠡᠵᠦ ᠶᠠᠭᠤ ᠪᠣᠢ? ᠶᠠᠷᠢᠶᠠᠨ ᠦᠭᠡᠢ ᠮᠠᠨ ᠤ᠋ ᠡᠷᠲᠡᠨ ᠦ᠌ ᠠᠪᠤ ᠡᠵᠢ ᠨᠦ᠍ᠭᠦᠳ ᠣᠨᠣᠯ ᠤ᠋ᠨ ᠲᠠᠯ᠎ᠠ ᠶ᠋ᠢᠨ ᠮᠡᠳᠡᠯᠭᠡ ᠦᠭᠡᠢ ᠰᠢᠳᠡ᠂ ᠭᠡᠶ᠎ᠡ ᠲᠡᠳᠡ ᠡᠨᠡ ᠠᠵᠢᠯ ᠢ᠋ ᠶᠡᠷᠦ ᠨᠢ ᠪᠦᠷ ᠬᠢᠭᠡᠳ ᠢᠷᠡᠭᠰᠡᠨ ᠮᠥᠷᠲᠡᠭᠡᠨ ᠤᠯᠠᠮᠵᠢᠯᠠᠯᠲᠤ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠳᠣᠲᠣᠷ᠎ᠠ ᠪᠦᠷ ᠶᠠᠪᠤᠭᠳᠠᠭᠠᠳ ᠢᠷᠡᠭᠰᠡᠨ᠂ ᠮᠥᠨ ᠴᠦ᠍ ᠰᠢᠯᠢᠳᠡᠭ ᠭᠡᠷ ᠪᠦᠯᠢ ᠶ᠋ᠢᠨ ᠠᠵᠢᠯᠯᠠᠭ᠎ᠠ ᠪᠣᠯᠵᠤ ᠶᠠᠪᠤᠭᠳᠠᠵᠤ ᠢᠷᠡᠵᠡᠢ᠃ ᠶᠠᠭᠤᠨ ᠤ᠋ ᠡᠮᠦᠨ᠎ᠡ ᠭᠡᠷ ᠪᠦᠯᠢ ᠭᠡᠵᠦ ᠶᠠᠭᠤ ᠪᠣᠢ? ᠭᠡᠷ ᠪᠦᠯᠢ ᠨᠢ ᠬᠣᠶᠠᠷ ᠬᠥᠮᠦᠨ ᠦ᠌ ᠨᠢᠭᠡ ᠨᠠᠰᠤᠨ ᠤ᠋ ᠬᠠᠨᠢ ᠶ᠋ᠢᠨ ᠵᠠᠶᠠᠭ᠎ᠠ ᠬᠣᠯᠪᠣᠭᠰᠠᠨ ᠠ᠋ᠴᠠ ᠡᠭᠦᠰᠦᠨ᠎ᠡ ᠰᠢᠳᠡ᠂ ᠲᠤᠬᠠᠢᠯᠠᠪᠠᠯ ᠬᠦᠦ ᠬᠥᠮᠦᠨ ᠨᠠᠰᠤᠨ ᠲᠤᠢᠯ ᠳ᠋ᠤ᠌ ᠪᠠᠨ ᠲᠤᠯᠪᠠᠯ ᠬᠠᠷᠢ ᠠ᠋ᠴᠠ ᠬᠥᠮᠦᠨ ᠦ᠌ ᠬᠡᠦᠬᠡᠨ ᠢ᠋ ᠭᠡᠷᠭᠡᠢ ᠪᠣᠯᠭᠠᠵᠤ ᠪᠠᠭᠤᠯᠭᠠᠵᠤ ᠠᠪᠴᠢᠷᠠᠭᠠᠳ ᠭᠡᠷ ᠪᠦᠯᠢ ᠪᠠᠢᠭᠤᠯᠤᠨ᠎ᠠ᠂ ᠪᠢᠳᠡ ᠶᠡᠷᠦ ᠳ᠋ᠦ᠍ ᠪᠡᠨ ᠡᠨᠡ ᠬᠥᠮᠦᠨ ᠢ᠋ ᠰᠠᠶᠢ ᠬᠥᠮᠦᠨ ᠪᠣᠯᠵᠤ ᠪᠠᠢᠨ᠎ᠠ ᠭᠡᠵᠦ ᠶᠠᠷᠢᠨ᠎ᠠ᠃ ᠥᠭᠡᠷ᠎ᠡ ᠪᠡᠷ ᠬᠡᠯᠡᠪᠡᠯ ᠨᠢᠭᠡ ᠡᠷᠡᠭᠲᠡᠢ ᠬᠥᠮᠦᠨ ᠳ᠋ᠦ᠍ ᠠᠪᠴᠤ ᠬᠡᠯᠡᠪᠡᠯ ᠵᠣᠬᠢᠬᠤ ᠨᠠᠰᠤᠨ ᠳ᠋ᠤ᠌ ᠪᠠᠨ ᠬᠥᠷᠴᠢᠬᠡᠭᠡᠳ ᠪᠡᠷᠢ ᠪᠠᠭᠤᠯᠭᠠᠵᠤ ᠠᠢᠯ ᠭᠡᠷ ᠪᠣᠰᠠᠬᠠᠬᠤ ᠦᠭᠡᠢ ᠪᠣᠯ ᠪᠦᠷᠢᠨ ᠪᠦᠲᠦᠨ ᠬᠥᠮᠦᠨ ᠭᠡᠵᠦ ᠦᠵᠡᠬᠦ ᠦᠭᠡᠢ ᠰᠢᠳᠡ᠂ ᠡᠨᠡ ᠨᠢ ᠬᠡᠳᠦᠢᠪᠡᠷ ᠤᠯᠠᠮᠵᠢᠯᠠᠯᠲᠤ ᠦᠵᠡᠯ ᠰᠠᠨᠠᠭ᠎ᠠ ᠭᠡᠳᠡᠭ ᠪᠣᠯᠪᠠᠴᠤ ᠬᠥᠮᠦᠨ ᠲᠥᠷᠥᠯᠬᠢᠲᠡᠨ ᠦ᠌ ᠨᠢᠭᠡ ᠤᠤᠭᠠᠯ ᠰᠣᠶᠣᠯ ᠤ᠋ᠨ ᠬᠢᠨ ᠳᠣᠲᠣᠷ᠎ᠠ ᠪᠠᠢᠭ᠎ᠠ ᠴᠢᠬᠤᠯᠠ ᠠᠭᠤᠯᠭ᠎ᠠ ᠰᠢᠲᠠ᠃ ᠲᠡᠭᠡᠬᠦ ᠪᠡᠷ ᠢ᠋ᠶ᠋ᠡᠨ ᠭᠡᠷ ᠪᠦᠯᠢ ᠪᠣᠯ ᠡᠨᠡ ᠬᠦ᠌ ᠭᠡᠷ ᠪᠦᠯᠢ ᠶ᠋ᠢᠨ ᠠᠳᠠᠯᠢ ᠪᠤᠰᠤ ᠴᠢᠨᠠᠷ ᠤ᠋ᠨ ᠢᠯᠭᠠᠭ᠎ᠠ ᠲᠠᠢ ᠬᠣᠶᠠᠷ ᠬᠥᠮᠦᠨ ᠦ᠌ ᠡᠭᠦᠰᠬᠡᠨ ᠪᠠᠢᠭᠤᠯᠤᠭᠰᠠᠨ ᠭᠡᠷ ᠣᠷᠳᠣᠨ ᠠ᠋ᠴᠠ ᠡᠭᠦᠰᠦᠨ᠎ᠡ᠃ ᠲᠡᠭᠡᠬᠦ ᠪᠡᠷ ᠢ᠋ᠶ᠋ᠡᠨ ᠭᠡᠷ ᠪᠦᠯᠢ ᠭᠡᠳᠡᠭ ᠶᠠᠭᠤᠮ᠎ᠠ ᠮᠠᠨ ᠤ᠋ ᠮᠣᠩᠭᠣᠯ ᠤ᠋ᠨ ᠬᠡᠯᠡᠳᠡᠭ《ᠬᠦᠦ ᠦᠰᠪᠡᠯ ᠪᠡᠷᠢ ᠪᠠᠭᠤᠯᠭᠠᠵᠤ ᠬᠡᠦᠬᠡᠨ ᠥᠰᠪᠡᠯ ᠬᠠᠷᠢ ᠳ᠋ᠤ᠌ ᠮᠣᠷᠳᠠᠨ᠎ᠠ》ᠭᠡᠰᠡᠨ ᠵᠦᠢᠷ ᠰᠡᠴᠡᠨ ᠦᠭᠡ ᠪᠠᠢᠳᠠᠭ᠃ ᠡᠨᠳᠡ ᠭᠦᠨ ᠤᠬᠠᠭᠠᠨ ᠢ᠋ ᠶᠠᠷᠢᠭᠰᠠᠨ ᠰᠢᠲᠠ᠂ ᠬᠥᠮᠦᠨ ᠲᠥᠷᠥᠯᠬᠢᠲᠡᠨ ᠵᠠᠪᠠᠯ ᠢᠩᠭᠢᠵᠦ ᠪᠠᠢᠮᠠᠨᠵᠢᠨ ᠰᠠᠶᠢ ᠣᠷᠣᠰᠢᠨ ᠲᠣᠭᠲᠠᠨᠢᠵᠤ᠂ ᠦᠷᠭᠦᠯᠵᠢᠯᠡᠨ ᠣᠷᠣᠰᠢᠨ ᠲᠣᠭᠲᠠᠨᠢᠵᠤ᠂ ᠦᠷ᠎ᠡ ᠦᠨᠳᠦᠰᠦ ᠵᠠᠯᠭᠠᠬᠤ᠂ ᠬᠣᠢᠴᠢ ᠦᠶ᠎ᠡ ᠪᠡᠨ ᠬᠥᠮᠦᠵᠢᠭᠦᠯᠬᠦ ᠵᠡᠷᠭᠡ ᠬᠡᠳᠦᠨ ᠵᠦᠢᠯ ᠦ᠋ᠨ ᠵᠢᠮ᠎ᠡ ᠶᠣᠰᠣᠨ ᠳᠡᠭᠡᠷ᠎ᠡ ᠰᠠᠭᠤᠷᠢᠯᠠᠵᠤ ᠪᠠᠢᠨ᠎ᠠ᠃ ᠲᠡᠭᠡᠬᠦ ᠪᠡᠷ ᠢ᠋ᠶ᠋ᠡᠨ ᠭᠡᠷ ᠪᠦᠯᠢ ᠶ᠋ᠢᠨ ᠲᠤᠬᠠᠢ ᠮᠠᠨᠤᠰ ᠤ᠋ᠨ ᠣᠢᠯᠠᠭᠠᠭᠳᠠᠬᠤᠨ ᠬᠡᠳᠦᠢᠪᠡᠷ ᠬᠣᠷᠢᠨ ᠨᠢᠭᠡᠳᠦᠭᠡᠷ ᠵᠠᠭᠤᠨ ᠤ᠋ ᠠᠩᠬᠠᠨ ᠤ᠋ ᠱᠠᠲᠤᠨ ᠳ᠋ᠤ᠌ ᠪᠠᠢᠨ᠎ᠠ ᠭᠡᠳᠡᠭ ᠪᠣᠯᠪᠠᠴᠤ ᠭᠡᠷ ᠪᠦᠯᠢ ᠶ᠋ᠢᠨ ᠴᠢᠬᠤᠯᠠ ᠴᠢᠨᠠᠷ᠂ ᠭᠡᠷ ᠪᠦᠯᠢ ᠶ᠋ᠢᠨ ᠦᠨᠳᠦᠰᠦᠨ ᠲᠣᠭᠲᠠᠴᠠ ᠶ᠋ᠢ ᠵᠥᠪ ᠲᠠᠨᠢᠬᠤ ᠦᠭᠡᠢ ᠪᠣᠯᠬᠤ ᠦᠭᠡᠢ᠂ ᠨᠢᠭᠡ ᠭᠡᠷ ᠪᠦᠯᠢ ᠳ᠋ᠦ᠍ ᠠᠪᠴᠤ ᠬᠡᠯᠡᠪᠡᠯ ᠭᠡᠷ ᠪᠦᠯᠢ ᠶ᠋ᠢᠨ ᠡᠴᠢᠭᠡ ᠡᠬᠡ ᠪᠣᠯᠣᠭᠰᠠᠳ ᠤ᠋ᠨ ᠲᠠᠯ᠎ᠠ ᠠ᠋ᠴᠠ ᠦᠵᠡᠪᠡᠯ ᠡᠭᠦᠷᠭᠡ ᠬᠠᠷᠢᠭᠤᠴᠠᠯᠭ᠎ᠠ᠂ ᠵᠠᠢᠯᠠᠭᠤᠯᠵᠤ ᠪᠣᠯᠣᠰᠢ ᠦᠭᠡᠢ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠦᠭᠰᠡᠨ ᠪᠠᠢᠬᠤ ᠬᠡᠷᠡᠭᠲᠡᠢ᠃ ᠢᠩᠭᠢᠮᠡᠨᠵᠢᠨ ᠰᠠᠶᠢ ᠨᠢᠭᠡ ᠭᠡᠷ ᠪᠦᠯᠢ ᠨᠢ ᠲᠣᠭᠲᠠᠭᠤᠨ ᠪᠣᠯᠤᠨ᠎ᠠ᠂ ᠭᠡᠷ ᠪᠦᠯᠢ ᠵᠣᠯ ᠵᠢᠷᠭᠠᠯ ᠲᠠᠢ᠂ ᠭᠡᠷ ᠪᠦᠯᠢ ᠨᠠᠢᠷᠠᠮᠳᠠᠭᠤ᠂ ᠨᠡᠢᠭᠡᠮ ᠡᠶ᠎ᠡ ᠵᠣᠬᠢᠴᠠᠯ ᠲᠠᠢ ᠪᠣᠯᠤᠨ᠎ᠠ᠃ ᠢᠩᠭᠢᠬᠦ ᠪᠡᠷ ᠢ᠋ᠶ᠋ᠡᠨ ᠶᠠᠭᠤᠨ ᠳ᠋ᠤ᠌ ᠤᠯᠤᠰ ᠭᠡᠷ ᠡᠴᠡ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠲᠤᠬᠠᠢ ᠬᠠᠤᠯᠢ ᠲᠣᠭᠲᠠᠭᠠᠯ ᠲᠣᠭᠲᠠᠭᠠᠵᠤ ᠤᠳᠠᠭ᠎ᠠ ᠳᠠᠷᠠᠭᠠᠯᠠᠨ ᠴᠢᠩᠭᠠᠳᠬᠠᠵᠤ ᠪᠠᠢᠨ᠎ᠠ ᠭᠡᠵᠦ ᠬᠡᠯᠡᠪᠡᠯ ᠮᠠᠨ ᠤ᠋ ᠬᠥᠮᠦᠨ ᠮᠥᠰᠥ ᠶ᠋ᠢ ᠦᠨᠳᠦᠰᠦ ᠡᠴᠡ ᠨᠢ ᠵᠠᠰᠠᠬᠤ ᠳ᠋ᠤ᠌ ᠬᠥᠮᠦᠰ ᠦ᠋ᠨ ᠵᠠᠢᠯᠠᠭᠤᠯᠵᠤ ᠪᠣᠯᠣᠰᠢ ᠦᠭᠡᠢ ᠡᠭᠦᠷᠭᠡ ᠬᠠᠷᠢᠭᠤᠴᠠᠯᠭ᠎ᠠ ᠰᠢᠲᠠ᠃ 
   ᠴᠢᠩᠭᠢᠪᠡᠯ ᠨᠢᠭᠡ ᠭᠡᠷ ᠪᠦᠯᠢ ᠳ᠋ᠦ᠍ ᠠᠪᠴᠤ ᠬᠡᠯᠡᠪᠡᠯ ᠭᠡᠷ ᠪᠦᠯᠢ ᠪᠦᠷᠢᠯᠳᠦᠨ ᠲᠣᠭᠲᠠᠭᠰᠠᠨ ᠰᠠᠭᠤᠷᠢᠨ ᠳᠡᠭᠡᠷ᠎ᠡ ᠭᠡᠷ ᠦ᠋ᠨ ᠬᠥᠮᠦᠵᠢᠯ ᠭᠡᠰᠡᠨ ᠶᠠᠭᠤᠮ᠎ᠠ ᠠᠶᠠᠨᠳᠠᠭᠠᠨ ᠪᠣᠢ ᠪᠣᠯᠤᠨ᠎ᠠ᠃ ᠭᠡᠷ ᠪᠦᠯᠢ ᠳ᠋ᠦ᠍ ᠶᠠᠭᠤ ᠰᠤᠷᠭᠠᠬᠤ ᠪᠣᠢ? ᠭᠡᠷ ᠪᠦᠯᠢ ᠳ᠋ᠦ᠍ ᠶᠠᠭᠤ ᠬᠢᠳᠡᠭ ᠪᠣᠢ? ᠥᠭᠡᠷ᠎ᠡ ᠪᠡᠷ ᠬᠡᠯᠡᠪᠡᠯ ᠡᠴᠢᠭᠡ ᠡᠬᠡ ᠪᠣᠯᠣᠭᠰᠠᠳ ᠦᠷ᠎ᠡ ᠬᠡᠦᠬᠡᠳ ᠲᠦ᠍ ᠪᠡᠨ ᠶᠠᠮᠠᠷ ᠡᠭᠦᠷᠭᠡ ᠬᠠᠷᠢᠭᠤᠴᠠᠯᠭ᠎ᠠ ᠲᠠᠢ ᠪᠣᠢ? ᠡᠢᠮᠦ ᠶᠠᠭᠤᠮ᠎ᠠ ᠭᠠᠷᠴᠤ ᠢᠷᠡᠨ᠎ᠡ᠃ ᠲᠡᠭᠡᠪᠡᠯ ᠭᠡᠷ ᠪᠦᠯᠢ ᠳ᠋ᠦ᠍ ᠨᠡᠩ ᠪᠣᠳᠠᠲᠠᠢ ᠰᠢᠭ᠋ ᠶᠠᠷᠢᠪᠠᠯ ᠭᠡᠷ ᠪᠦᠯᠢ ᠶ᠋ᠢ ᠰᠤᠷᠭᠠᠭᠤᠯᠢ ᠭᠡᠵᠦ ᠦᠵᠡᠬᠦ ᠳ᠋ᠦ᠍ ᠬᠦᠷᠪᠡᠯ ᠭᠡᠷ ᠪᠦᠯᠢ ᠳ᠋ᠦ᠍ ᠴᠣᠬᠣᠮ ᠶᠠᠭᠤ ᠵᠢᠭᠠᠳᠠᠭ ᠪᠣᠢ? ᠬᠡᠦᠬᠡᠳ ᠶᠠᠭᠤ ᠰᠤᠷᠳᠠᠭ ᠪᠣᠢ? ᠡᠢᠮᠦ ᠮᠡᠲᠦ ᠶ᠋ᠢᠨ ᠠᠭᠤᠯᠭ᠎ᠠ ᠨᠤᠭᠤᠳ ᠭᠠᠷᠴᠤ ᠢᠷᠡᠨ᠎ᠡ᠃ ᠡᠢᠮᠦ ᠪᠡᠷ ᠢ᠋ᠶ᠋ᠡᠨ ᠡᠭᠦᠨ ᠢ᠋ ᠳᠥᠭᠥᠮ ᠰᠢᠭ ᠶᠠᠷᠢᠬᠤ ᠳ᠋ᠤ᠌ ᠬᠦᠷᠪᠡᠯ ᠡᠴᠢᠭᠡ ᠡᠬᠡ ᠪᠣᠯᠣᠭᠰᠠᠳ ᠪᠣᠯ ᠭᠡᠷ ᠪᠦᠯᠢ ᠳ᠋ᠦ᠍ ᠪᠡᠨ ᠠᠪᠴᠤ ᠬᠡᠯᠡᠪᠡᠯ᠂ ᠬᠡᠦᠬᠡᠳ ᠲᠦ᠍ ᠪᠡᠨ ᠠᠪᠴᠤ ᠬᠡᠯᠡᠪᠡᠯ᠂ ᠬᠡᠦᠬᠡᠳ ᠦ᠋ᠨ ᠢ᠋ᠶ᠋ᠡᠨ ᠤᠤᠭᠠᠨ ᠪᠠᠭᠰᠢ ᠮᠥᠨ᠃ ᠥᠭᠡᠷ᠎ᠡ ᠪᠡᠷ ᠬᠡᠯᠡᠪᠡᠯ ᠬᠡᠦᠬᠡᠳ ᠦ᠋ᠨ ᠬᠠᠮᠤᠭ ᠠᠩᠬᠠᠨ ᠤ᠋ ᠪᠠᠭᠰᠢ ᠨᠢ ᠰᠤᠷᠭᠠᠭᠤᠯᠢ ᠶ᠋ᠢᠨ ᠲᠡᠷᠡ ᠪᠠᠭᠰᠢ ᠪᠢᠰᠢ ᠬᠠᠷᠢᠨ ᠡᠴᠢᠭᠡ ᠡᠬᠡ ᠪᠣᠯᠣᠭᠰᠠᠳ ᠪᠣᠯ ᠬᠡᠦᠬᠡᠳ ᠦ᠋ᠨ ᠤᠤᠭᠠᠨ ᠪᠠᠭᠰᠢ ᠨᠢ ᠪᠠᠢᠭ᠎ᠠ᠃ ᠲᠡᠭᠡᠪᠡᠯ ᠤᠤᠭᠠᠨ ᠪᠠᠭᠰᠢ ᠶᠠᠭᠤ ᠵᠢᠭᠠᠳᠠᠭ ᠪᠣᠢ? ᠭᠡᠷ ᠪᠦᠯᠢ ᠳ᠋ᠦ᠍ ᠪᠡᠨ ᠵᠠᠷᠢᠮ ᠦᠶ᠎ᠡ ᠳ᠋ᠦ᠍ ᠰᠠᠨᠠᠭᠠᠴᠢᠯᠠᠭ᠎ᠠ ᠲᠠᠢ ᠪᠤᠶᠤ ᠰᠠᠨᠠᠭᠠᠴᠢᠯᠠᠭ᠎ᠠ ᠦᠭᠡᠢ ᠪᠡᠷ ᠬᠡᠦᠬᠡᠳ ᠲᠦ᠍ ᠶᠠᠭᠤᠮ᠎ᠠ ᠵᠢᠭᠠᠳᠠᠭ ᠰᠢᠲᠠ᠃ ᠤᠬᠠᠮᠰᠠᠷ ᠲᠠᠢ ᠪᠤᠶᠤ ᠤᠬᠠᠮᠰᠠᠷ ᠦᠭᠡᠢ ᠪᠡᠷ ᠬᠡᠦᠬᠡᠳ ᠲᠦ᠍ ᠶᠠᠭᠤᠮ᠎ᠠ ᠵᠢᠭᠠᠳᠠᠭ᠃ ᠭᠡᠬᠦ ᠳ᠋ᠦ᠍ ᠪᠡᠨ ᠣᠯᠠᠩᠬᠢ ᠪᠠᠢᠳᠠᠯ ᠳ᠋ᠤ᠌ ᠳᠠᠭᠤᠷᠢᠶᠠᠯ ᠤ᠋ᠨ ᠬᠦᠴᠦᠨ ᠪᠣᠯ ᠶᠡᠬᠡ ᠴᠢᠬᠤᠯᠠ᠂ ᠡᠴᠢᠭᠡ ᠡᠬᠡ ᠪᠣᠯᠣᠭᠰᠠᠳ ᠪᠡᠶ᠎ᠡ ᠪᠡᠷ ᠢ᠋ᠶ᠋ᠡᠨ ᠬᠢᠵᠦ ᠦᠵᠡᠭᠦᠯᠦᠨ᠎ᠡ᠂ ᠬᠡᠯᠡᠵᠦ ᠰᠣᠨᠣᠰᠬᠠᠨ᠎ᠠ᠂ ᠥᠪᠡᠷ ᠦ᠋ᠨ ᠳᠦᠷᠢ ᠲᠥᠷᠬᠦ ᠪᠡᠷ ᠢ᠋ᠶ᠋ᠡᠨ ᠨᠥᠯᠥᠭᠡᠯᠡᠨ᠎ᠡ᠃ ᠡᠨᠡ ᠭᠤᠷᠪᠠᠨ ᠲᠠᠯ᠎ᠠ ᠪᠠᠷ ᠭᠡᠷ ᠪᠦᠯᠢ ᠶ᠋ᠢᠨ ᠬᠥᠮᠦᠵᠢᠯ ᠢ᠋ ᠬᠢᠳᠡᠭ᠃ ᠭᠡᠬᠦ ᠳ᠋ᠦ᠍ ᠪᠡᠨ ᠡᠨᠡ ᠭᠤᠷᠪᠠᠨ ᠲᠠᠯ᠎ᠠ ᠶ᠋ᠢᠨ ᠠᠭᠤᠯᠭ᠎ᠠ ᠨᠢ ᠵᠠᠷᠢᠮ ᠦᠶ᠎ᠡ ᠳ᠋ᠦ᠍ ᠰᠠᠨᠠᠭᠠᠴᠢᠯᠠᠭ᠎ᠠ ᠲᠠᠢ ᠶᠠᠪᠤᠭᠳᠠᠨ᠎ᠠ᠂ ᠵᠠᠷᠢᠮ ᠦᠶ᠎ᠡ ᠳ᠋ᠦ᠍ ᠰᠠᠨᠠᠭᠠᠴᠢᠯᠠᠭ᠎ᠠ ᠦᠭᠡᠢ ᠶᠠᠪᠤᠭᠳᠠᠨ᠎ᠠ᠂ ᠵᠢᠱ᠌ᠢᠶᠡᠯᠡᠪᠡᠯ ᠡᠷ᠎ᠡ ᠡᠮ᠎ᠡ ᠬᠣᠶᠠᠭᠤᠯᠠ ᠭᠡᠷ ᠲᠦ᠍ ᠪᠡᠨ ᠵᠣᠭᠣᠭ ᠬᠡᠯᠡᠯᠴᠡᠵᠦ ᠪᠠᠢᠬᠤ ᠦᠶ᠎ᠡ ᠳ᠋ᠦ᠍ ᠬᠡᠦᠬᠡᠳ ᠴᠢᠨᠢ ᠳᠡᠷᠭᠡᠳᠡ ᠴᠢᠨᠢ ᠪᠠᠢᠪᠠᠯ ᠲᠠ ᠬᠣᠶᠠᠭᠤᠯᠠ ᠶ᠋ᠢᠨ ᠬᠡᠯᠡᠯᠴᠡᠭᠰᠡᠨ ᠵᠣᠭᠣᠭ ᠲᠡᠷᠡ ᠬᠡᠦᠬᠡᠳ ᠦ᠋ᠨ ᠴᠢᠬᠢᠨ ᠳ᠋ᠦ᠍ ᠬᠦᠷᠬᠦ ᠦᠶ᠎ᠡ ᠳ᠋ᠦ᠍ ᠲᠡᠷᠡ ᠴᠢᠨᠢ ᠨᠢᠭᠡᠨ ᠰᠤᠷᠭᠠᠯ ᠪᠣᠯᠤᠨ᠎ᠠ ᠨᠢᠭᠡᠨ ᠬᠥᠮᠦᠵᠢᠯ ᠪᠣᠯᠤᠨ᠎ᠠ᠃ ᠡᠨᠡ ᠴᠢᠨᠢ ᠳᠡ ᠬᠡᠦᠬᠡᠳ ᠲᠦ᠍ ᠶᠠᠭᠤ ᠶ᠋ᠢ ᠶᠠᠭᠠᠬᠢᠵᠤ ᠦᠵᠡ᠂ ᠶᠠᠭᠤ ᠶ᠋ᠢ ᠶᠠᠭᠠᠬᠢᠵᠤ ᠰᠤᠷ ᠭᠡᠵᠦ ᠵᠢᠭᠠᠵᠤ ᠥᠭᠴᠦ ᠪᠠᠢᠬᠤ ᠲᠠᠢ ᠠᠳᠠᠯᠢᠬᠠᠨ ᠪᠠᠢᠨ᠎ᠠ᠃ ᠡᠢᠮᠦ ᠪᠠᠢᠳᠠᠯ ᠳ᠋ᠤ᠌ ᠡᠨᠡ ᠬᠦ᠌ ᠬᠥᠮᠦᠵᠢᠯ ᠨᠢ ᠶᠠᠮᠠᠷ ᠴᠤ᠌ ᠤᠬᠠᠮᠰᠠᠷ ᠦᠭᠡᠢ ᠰᠠᠨᠠᠮᠰᠠᠷ ᠦᠭᠡᠢ ᠪᠠᠢᠳᠠᠯ ᠳ᠋ᠤ᠌ ᠶᠠᠪᠤᠭᠳᠠᠴᠢᠬᠠᠨ᠎ᠠ᠃ ᠲᠡᠢᠮᠦ ᠪᠡᠷ ᠢ᠋ᠶ᠋ᠡᠨ ᠡᠴᠢᠭᠡ ᠡᠬᠡ ᠪᠣᠯᠣᠭᠰᠠᠳ ᠬᠡᠦᠬᠡᠳ ᠦ᠋ᠨ ᠢ᠋ᠶ᠋ᠡᠨ ᠡᠮᠦᠨ᠎ᠡ ᠵᠠᠪᠠᠯ ᠦᠭᠡ ᠬᠡᠯᠡ ᠪᠡᠨ ᠬᠢᠴᠢᠶᠡᠨ᠎ᠡ᠂ ᠶᠠᠪᠤᠳᠠᠯ ᠰᠠᠭᠤᠳᠠᠯ ᠢ᠋ᠶ᠋ᠠᠨ ᠬᠢᠴᠢᠶᠡᠨ᠎ᠡ᠂ ᠬᠡᠪ ᠲᠥᠷᠬᠦ ᠪᠡᠨ ᠬᠢᠴᠢᠶᠡᠨ᠎ᠡ᠃ ᠬᠡᠦᠬᠡᠳ ᠦ᠋ᠨ ᠳᠡᠷᠭᠡᠳᠡ ᠵᠠᠪᠠᠯ ᠡᠢᠮᠦ ᠨᠢᠭᠡᠨ ᠬᠡᠪ ᠪᠣᠯᠪᠠᠰᠤᠷᠠᠯ ᠢ᠋ ᠪᠣᠢ ᠪᠣᠯᠭᠠᠬᠤ ᠬᠡᠷᠡᠭᠲᠡᠢ᠃ ᠭᠡᠷ ᠦ᠋ᠨ ᠬᠥᠮᠦᠵᠢᠯ ᠳ᠋ᠦ᠍ ᠶᠠᠭᠤᠨ ᠤ᠋ ᠡᠮᠦᠨ᠎ᠡ ᠬᠡᠦᠬᠡᠳ ᠪᠣᠯ ᠡᠵᠢ ᠠᠪᠤ ᠠ᠋ᠴᠠ ᠪᠠᠨ ᠬᠡᠯᠡ ᠰᠤᠷᠤᠨ᠎ᠠ᠂ ᠬᠠᠮᠤᠭ ᠠᠩᠬᠠᠨ ᠤ᠋ ᠰᠤᠷᠬᠤ ᠶᠠᠭᠤᠮ᠎ᠠ᠂ ᠬᠡᠯᠡ ᠰᠤᠷᠤᠨ᠎ᠠ᠂ ᠵᠢᠱ᠌ᠢᠶᠡᠯᠡᠪᠡᠯ ᠡᠵᠢ ᠠᠪᠤ ᠭᠡᠵᠦ ᠬᠡᠯᠡᠵᠦ ᠰᠤᠷᠬᠤ ᠳ᠋ᠤ᠌ ᠯᠠᠪᠲᠠᠢ ᠡᠵᠢ ᠠᠪᠤ ᠡᠴᠡ ᠪᠡᠨ ᠰᠣᠨᠣᠰᠴᠤ ᠪᠠᠢᠭᠠᠳ ᠡᠨᠡ ᠬᠥᠮᠦᠨ ᠪᠣᠯ ᠮᠢᠨᠦ ᠡᠵᠢ᠂ ᠲᠡᠷᠡ ᠬᠥᠮᠦᠨ ᠪᠣᠯ ᠮᠢᠨᠦ ᠠᠪᠤ ᠭᠡᠵᠦ ᠭᠡᠰᠡᠨ ᠢ᠋ ᠪᠣᠢᠵᠢᠯᠲᠠ ᠶ᠋ᠢᠨ ᠶᠠᠪᠤᠴᠠ ᠳ᠋ᠤ᠌ ᠪᠠᠨ ᠶᠡᠬᠡ ᠲᠠᠷᠢᠬᠢᠨ ᠳ᠋ᠤ᠌ ᠪᠠᠨ ᠰᠢᠩᠭᠡᠭᠡᠳ ᠠᠪᠳᠠᠭ ᠶᠤᠮ ᠪᠠᠢᠨ᠎ᠠ᠃ ᠵᠠ ᠲᠡᠭᠡᠬᠦ ᠪᠡᠷ ᠢ᠋ᠶ᠋ᠡᠨ ᠡᠨᠡ ᠪᠣᠯ ᠬᠡᠯᠡ ᠶ᠋ᠢ ᠵᠠᠪᠠᠯ ᠭᠡᠷ ᠪᠦᠯᠢ ᠳ᠋ᠦ᠍ ᠯᠡ ᠰᠤᠷᠤᠨ᠎ᠠ ᠰᠢᠳᠡ᠂ ᠲᠡᠭᠡᠪᠡᠯ ᠪᠢᠴᠢᠭ ᠢ᠋ ᠬᠠᠮᠢᠭ᠎ᠠ ᠰᠤᠷᠬᠤ ᠪᠣᠢ? ᠰᠤᠷᠭᠠᠭᠤᠯᠢ ᠳ᠋ᠤ᠌ ᠣᠴᠢᠭᠠᠳ ᠰᠤᠷᠤᠨ᠎ᠠ᠃ ᠡᠨᠡ ᠬᠣᠶᠠᠷ ᠢ᠋ ᠵᠠᠪᠠᠯ ᠢᠯᠭᠠᠵᠤ ᠰᠠᠯᠭᠠᠬᠤ ᠬᠡᠷᠡᠭᠲᠡᠢ᠃ ᠦᠭᠡ ᠬᠡᠯᠡ ᠭᠡᠳᠡᠭ ᠢ᠋ ᠬᠠᠮᠢᠭ᠎ᠠ ᠰᠤᠷᠳᠠᠭ ᠪᠣᠢ? ᠭᠡᠷ ᠪᠦᠯᠢ ᠳ᠋ᠦ᠍ ᠰᠤᠷᠤᠨ᠎ᠠ᠃ ᠲᠡᠢᠮᠦ ᠪᠡᠷ ᠢ᠋ᠶ᠋ᠡᠨ ᠮᠠᠨ ᠤ᠋ ᠠᠯᠳᠠᠷᠲᠤ ᠵᠣᠬᠢᠶᠠᠯᠴᠢᠳ ᠶᠡᠷᠦ ᠳ᠋ᠦ᠍ ᠪᠡᠨ ᠶᠠᠭᠤᠨ ᠳ᠋ᠤ᠌ ᠣᠨᠴᠠᠭᠠᠢᠯᠠᠨ ᠳᠡᠭᠡᠷ᠎ᠡ ᠵᠠᠭᠤᠨ ᠤ᠋ ᠨᠠᠶᠠᠭᠠᠳ ᠣᠨ ᠳᠠᠯᠠᠭᠠᠳ ᠣᠨ ᠤ᠋ ᠦᠶ᠎ᠡ ᠳ᠋ᠦ᠍ ᠪᠦᠷ ᠠᠮᠢᠳᠤᠷᠠᠯ ᠳ᠋ᠤ᠌ ᠭᠦᠨᠵᠡᠭᠡᠢᠷᠡᠨ᠎ᠡ ᠭᠡᠳ ᠬᠥᠳᠡᠭᠡ ᠲᠣᠰᠬᠣᠨ ᠳ᠋ᠤ᠌ ᠣᠴᠢᠵᠤ ᠮᠠᠯᠴᠢᠳ ᠲᠠᠢ ᠪᠠᠨ ᠬᠠᠮᠲᠤ ᠬᠣᠨᠣᠵᠤ ᠢᠳᠡᠵᠦ᠂ ᠬᠠᠮᠲᠤ ᠠᠮᠢᠳᠤᠷᠠᠵᠤ ᠵᠣᠬᠢᠬᠤ ᠬᠤᠭᠤᠴᠠᠭ᠎ᠠ ᠰᠠᠭᠤᠳᠠᠭ᠃ ᠲᠡᠭᠦᠨ ᠢ᠋ ᠪᠡᠨ ᠠᠮᠢᠳᠤᠷᠠᠯ ᠳ᠋ᠤ᠌ ᠭᠦᠨᠵᠡᠭᠡᠢᠷᠡᠵᠦ ᠪᠠᠢᠨ᠎ᠠ ᠭᠡᠳᠡᠭ᠃ ᠶᠠᠭᠤᠨ ᠳ᠋ᠤ᠌ ᠠᠮᠢᠳᠤᠷᠠᠯ ᠳ᠋ᠤ᠌ ᠭᠦᠨᠵᠡᠭᠡᠢᠷᠡᠵᠦ ᠪᠠᠢᠬᠤ ᠪᠣᠢ? ᠠᠷᠠᠳ ᠠ᠋ᠴᠠ ᠪᠠᠨ ᠬᠡᠯᠡ ᠰᠤᠷᠴᠤ ᠪᠠᠢᠨ᠎ᠠ ᠰᠢᠳᠡ᠂ ᠲᠡᠭᠡᠪᠡᠯ ᠮᠠᠨ ᠤ᠋ ᠬᠡᠦᠬᠡᠳ ᠭᠡᠷ ᠪᠦᠯᠢ ᠳ᠋ᠦ᠍ ᠪᠡᠨ ᠪᠠᠢᠬᠤ ᠬᠤᠭᠤᠴᠠᠭᠠᠨ ᠳ᠋ᠤ᠌ ᠪᠠᠨ ᠭᠡᠷ ᠦ᠋ᠨ ᠠᠬᠠᠮᠠᠳ ᠠ᠋ᠴᠠ ᠪᠠᠨ ᠶᠠᠭᠤ ᠰᠤᠷᠤᠨ᠎ᠠ ᠪᠣᠢ? ᠬᠡᠯᠡ ᠪᠠᠨ ᠯᠠ ᠰᠤᠷᠤᠨ᠎ᠠ᠃ ᠰᠤᠷᠭᠠᠭᠤᠯᠢ ᠳ᠋ᠤ᠌ ᠪᠠᠨ ᠣᠴᠢᠭᠰᠠᠨ ᠤ᠋ ᠳᠠᠷᠠᠭ᠎ᠠ ᠪᠢᠴᠢᠭ ᠰᠤᠷᠤᠨ᠎ᠠ᠃ ᠳᠠᠷᠤᠢ ᠬᠡᠯᠡᠵᠦ ᠪᠠᠢᠭ᠎ᠠ ᠦᠭᠡ ᠶ᠋ᠢ ᠪᠢᠴᠢᠭ ᠳᠡᠭᠡᠷ᠎ᠡ ᠶᠠᠭᠠᠬᠢᠨ ᠲᠡᠮᠳᠡᠭᠯᠡᠵᠦ ᠪᠠᠢᠬᠤ ᠶ᠋ᠢ ᠰᠤᠷᠭᠠᠭᠤᠯᠢ ᠳ᠋ᠤ᠌ ᠣᠴᠢᠭᠠᠳ ᠰᠠᠶᠢ ᠰᠤᠷᠤᠨ᠎ᠠ᠃ ᠡᠢᠮᠦ ᠪᠡᠷ ᠢ᠋ᠶ᠋ᠡᠨ ᠡᠨᠡ ᠬᠣᠶᠠᠷ ᠤ᠋ᠨ ᠦᠨᠳᠦᠰᠦᠨ ᠡᠭᠦᠷᠭᠡ ᠪᠠ ᠢᠯᠭᠠᠭ᠎ᠠ ᠶ᠋ᠢ ᠵᠠᠪᠠᠯ ᠲᠣᠳᠣᠷᠬᠠᠢ ᠪᠣᠯᠭᠠᠬᠤ ᠬᠡᠷᠡᠭᠲᠡᠢ᠃ ᠣᠳᠣ ᠳ᠋ᠤ᠌ ᠪᠠᠨ ᠮᠢᠨᠦ ᠣᠢᠯᠠᠭᠠᠵᠤ ᠪᠠᠢᠬᠤ ᠪᠠᠷ ᠮᠠᠨ ᠤ᠋ ᠬᠡᠦᠬᠡᠳ ᠭᠡᠷ ᠪᠦᠯᠢ ᠳ᠋ᠦ᠍ ᠪᠡᠨ ᠬᠡᠯᠡ ᠰᠤᠷᠴᠤ ᠪᠠᠢᠬᠤ᠂ ᠣᠨᠴᠠᠭᠠᠢᠯᠠᠨ ᠡᠬᠡ ᠬᠡᠯᠡ ᠪᠡᠨ ᠰᠤᠷᠴᠤ ᠪᠠᠢᠬᠤ ᠲᠠᠯ᠎ᠠ ᠶ᠋ᠢᠨ ᠱᠠᠭᠠᠷᠳᠠᠯᠭ᠎ᠠ ᠪᠤᠶᠤ ᠪᠣᠯᠪᠠᠰᠤᠷᠠᠯ ᠶᠡᠬᠡ ᠳᠤᠲᠠᠭᠳᠠᠵᠤ ᠪᠠᠢᠨ᠎ᠠ᠃ ᠢᠩᠭᠢᠭᠡᠳ ᠶᠠᠮᠠᠷ ᠶᠠᠪᠤᠳᠠᠯ ᠭᠠᠷᠴᠤ ᠪᠠᠢᠨ᠎ᠠ? ᠰᠤᠷᠭᠠᠭᠤᠯᠢ ᠳ᠋ᠤ᠌ ᠣᠴᠢᠭᠰᠠᠨ ᠠ᠋ᠴᠠ ᠰᠡᠭᠦᠯᠡᠷ ᠵᠠᠷᠢᠮ ᠪᠠᠭᠰᠢ ᠨᠠᠷ ᠤ᠋ᠨ ᠲᠤᠰᠬᠠᠯ ᠢ᠋ᠶ᠋ᠠᠷ ᠦᠵᠡᠪᠡᠯ ᠬᠡᠯᠡ ᠪᠢᠴᠢᠭ ᠲᠦ᠍ ᠪᠡᠨ ᠠᠨᠠᠢ ᠬᠡᠦᠬᠡᠳ ᠣᠯᠠᠰᠢᠷᠠᠵᠤ ᠪᠠᠢᠨ᠎ᠠ ᠭᠡᠵᠦ ᠶᠠᠷᠢᠵᠤ ᠪᠠᠢᠨ᠎ᠠ᠃ ᠡᠭᠦᠨ ᠦ᠌ ᠦᠨᠳᠦᠰᠦᠨ ᠰᠢᠯᠲᠠᠭᠠᠨ ᠢ᠋ ᠪᠢ ᠵᠠᠳᠠᠯᠵᠤ ᠦᠵᠡᠭᠰᠡᠨ ᠴᠢᠨᠢ ᠬᠠᠮᠤᠭ ᠨᠢᠭᠡ ᠵᠠᠩᠭᠢᠯᠠᠭ᠎ᠠ ᠶ᠋ᠢᠨ ᠱᠠᠲᠤ ᠦᠶ᠎ᠡ ᠨᠢ ᠭᠡᠷ ᠪᠦᠯᠢ ᠳ᠋ᠦ᠍ ᠪᠡᠨ ᠡᠬᠡ ᠬᠡᠯᠡ ᠪᠡᠨ ᠵᠢᠩᠬᠢᠨᠢ ᠮᠡᠳᠡᠷᠡᠵᠦ ᠰᠤᠷᠤᠭᠰᠠᠨ ᠲᠠᠯ᠎ᠠ ᠶ᠋ᠢᠨ ᠱᠠᠭᠠᠷᠳᠠᠯᠭ᠎ᠠ ᠪᠤᠶᠤ ᠡᠨᠡ ᠲᠠᠯ᠎ᠠ ᠶ᠋ᠢᠨ ᠴᠠᠭ ᠬᠤᠭᠤᠴᠠᠭ᠎ᠠ ᠶᠡᠬᠡ ᠬᠣᠮᠰᠠ ᠪᠣᠯᠤᠭᠰᠠᠨ᠂ ᠬᠦᠷᠦᠯᠴᠡᠬᠦ ᠦᠭᠡᠢ ᠪᠣᠯᠤᠭᠰᠠᠨ᠂ ᠮᠥᠨ ᠴᠦ᠍ ᠮᠠᠨ ᠤ᠋ ᠡᠴᠢᠭᠡ ᠡᠬᠡ ᠪᠣᠯᠣᠭᠰᠠᠳ ᠡᠨᠡ ᠲᠠᠯ᠎ᠠ ᠶ᠋ᠢ ᠠᠩᠬᠠᠷᠬᠤ ᠦᠭᠡᠢ ᠪᠠᠢᠬᠤ ᠲᠠᠢ ᠪᠠᠰᠠ ᠬᠤᠯᠪᠤᠭ᠎ᠠ ᠲᠠᠢ ᠭᠡᠵᠦ ᠦᠵᠡᠵᠦ ᠪᠠᠢᠨ᠎ᠠ᠃ ᠵᠠ ᠲᠡᠭᠡᠬᠦ ᠪᠡᠷ ᠢ᠋ᠶ᠋ᠡᠨ ᠪᠢᠳᠡ ᠤᠷᠢᠳᠠᠪᠡᠷ ᠦᠭᠡ ᠬᠡᠯᠡ ᠪᠡᠨ ᠰᠤᠷᠤᠨ᠎ᠠ᠂ ᠬᠠᠮᠢᠭ᠎ᠠ ᠰᠤᠷᠤᠨ᠎ᠠ᠂ ᠭᠡᠷ ᠪᠦᠯᠢ ᠳ᠋ᠦ᠍ ᠪᠡᠨ ᠰᠤᠷᠤᠨ᠎ᠠ᠃ ᠡᠴᠢᠭᠡ ᠡᠬᠡ ᠡᠴᠡ ᠪᠡᠨ ᠰᠤᠷᠤᠨ᠎ᠠ᠃ ᠭᠡᠷ ᠦ᠋ᠨ ᠠᠬᠠᠮᠠᠳ ᠠ᠋ᠴᠠ ᠪᠠᠨ ᠰᠤᠷᠤᠨ᠎ᠠ᠃ ᠵᠠᠷᠢᠮ ᠬᠡᠦᠬᠡᠳ ᠡᠪᠦᠭᠡ ᠡᠮᠡᠭᠡ ᠲᠡᠢ ᠪᠡᠨ ᠠᠮᠢᠳᠤᠷᠠᠵᠤ ᠪᠠᠢᠬᠤ ᠮᠠᠭᠠᠳ ᠦᠭᠡᠢ᠂ ᠶᠠᠭᠤ ᠪᠣᠯᠤᠭᠰᠠᠨ ᠴᠤ᠌ ᠡᠨᠡ ᠭᠡᠷ ᠲᠦ᠍ ᠪᠠᠢᠭ᠎ᠠ ᠭᠡᠷ ᠦ᠋ᠨ ᠠᠬᠠᠮᠠᠳ ᠪᠣᠯ ᠦᠭᠡ ᠬᠡᠯᠡ ᠵᠢᠭᠠᠬᠤ ᠠᠩᠬᠠᠨ ᠤ᠋ ᠪᠠᠭᠰᠢ᠃ ᠤᠤᠭᠠᠨ ᠪᠠᠭᠰᠢ᠃ ᠢᠩᠭᠢᠭᠰᠡᠨ ᠰᠠᠭᠤᠷᠢᠨ ᠳᠡᠭᠡᠷ᠎ᠡ ᠰᠤᠷᠭᠠᠭᠤᠯᠢ ᠳ᠋ᠤ᠌ ᠣᠴᠢᠭᠰᠠᠨ ᠤ᠋ ᠳᠠᠷᠠᠭ᠎ᠠ᠂ ᠵᠢᠱ᠌ᠢᠶᠡᠯᠡᠪᠡᠯ ᠪᠠᠭ᠎ᠠ ᠰᠤᠷᠭᠠᠭᠤᠯᠢ ᠶ᠋ᠢᠨ ᠨᠢᠭᠡᠳᠦᠭᠡᠷ ᠣᠨ ᠠ᠋ᠴᠠ ᠡᠬᠢᠯᠡᠭᠡᠳ ᠪᠢᠴᠢᠭ ᠢ᠋ᠶ᠋ᠡᠨ ᠰᠤᠷᠬᠤ ᠳ᠋ᠤ᠌ ᠣᠷᠣᠢᠲᠠᠬᠤ ᠦᠭᠡᠢ ᠶᠤᠮ ᠰᠢᠦ᠃ ᠲᠡᠭᠡᠪᠡᠯ ᠵᠠᠷᠢᠮ ᠭᠡᠷ ᠦ᠋ᠨ ᠠᠬᠠᠮᠠᠳ ᠨᠢ ᠬᠡᠦᠬᠡᠳ ᠦ᠋ᠨ ᠴᠡᠴᠡᠷᠯᠢᠭ ᠪᠤᠶᠤ ᠭᠡᠷ ᠲᠦ᠍ ᠪᠡᠨ ᠪᠠᠢᠭ᠎ᠠ ᠳᠥᠷᠪᠡ ᠲᠠᠪᠤᠨ ᠨᠠᠰᠤᠨ ᠤ᠋ ᠬᠡᠦᠬᠡᠳ ᠲᠦ᠍ ᠪᠡᠨ ᠪᠢᠴᠢᠭ ᠰᠤᠷᠭᠠᠨ᠎ᠠ ᠭᠡᠳ ᠶᠡᠬᠡ ᠶᠠᠭᠠᠷᠠᠵᠤ ᠪᠠᠢᠨ᠎ᠠ᠃ ᠡᠨᠡ ᠪᠣᠯ ᠦᠨᠳᠦᠰᠦᠨ ᠳ᠋ᠦ᠍ ᠪᠡᠨ ᠰᠤᠷᠭᠠᠨ ᠬᠥᠮᠦᠵᠢᠯ ᠦ᠋ᠨ ᠲᠡᠷᠡ ᠤᠭ ᠶᠣᠰᠣ ᠠ᠋ᠴᠠ ᠨᠢ ᠦᠵᠡᠪᠡᠯ ᠵᠢᠮ᠎ᠡ ᠶᠣᠰᠣ ᠲᠠᠢ ᠪᠠᠨ ᠵᠢᠭᠠᠬᠠᠨ ᠨᠡᠢᠴᠡᠬᠦ ᠦᠭᠡᠢ ᠪᠣᠯᠵᠤ ᠪᠠᠢᠨ᠎ᠠ᠃ ᠵᠢᠮ᠎ᠡ ᠶᠣᠰᠣ ᠠ᠋ᠴᠠ ᠪᠠᠨ ᠵᠢᠭᠠᠬᠠᠨ ᠰᠠᠯᠵᠤ ᠪᠠᠢᠨ᠎ᠠ᠃ ᠴᠢ ᠦᠭᠡ ᠬᠡᠯᠡ ᠪᠡᠨ ᠰᠤᠷᠤᠭ᠎ᠠ ᠦᠭᠡᠢ ᠬᠡᠦᠬᠡᠳ ᠢ᠋ ᠠᠪᠤᠭᠠᠴᠢᠭᠠᠳ ᠪᠢᠴᠢᠭ ᠰᠤᠷᠭᠠᠨ᠎ᠠ ᠭᠡᠪᠡᠯ ᠡᠨᠡ ᠴᠢᠨᠢ ᠣᠳᠣ ᠬᠠᠷᠢ ᠬᠡᠯᠡ ᠰᠤᠷᠴᠤ ᠪᠠᠢᠬᠤ ᠲᠠᠢ ᠠᠳᠠᠯᠢ ᠪᠣᠯᠤᠯ᠎ᠠ ᠰᠢᠦ᠃ ᠦᠭᠡ ᠪᠡᠨ ᠬᠡᠯᠡᠵᠦ ᠰᠤᠷᠬᠤ ᠠ᠋ᠴᠠ ᠡᠮᠦᠨ᠎ᠡ ᠪᠢᠴᠢᠭ ᠢ᠋ ᠨᠢ ᠵᠢᠭᠠᠨ᠎ᠠ ᠭᠡᠳ ᠶᠠᠭᠠᠷᠠᠴᠢᠬᠠᠭᠰᠠᠨ ᠴᠢᠨᠢ ᠮᠠᠨ ᠤ᠋ ᠬᠡᠦᠬᠡᠳ ᠰᠤᠷᠬᠤ ᠴᠠᠭ ᠲᠤ᠌ ᠪᠠᠨ ᠣᠯᠵᠤ ᠰᠤᠷᠬᠤ ᠶᠠᠭᠤᠮ᠎ᠠ ᠪᠠᠨ ᠰᠤᠷᠬᠤ ᠦᠭᠡᠢ᠂ ᠴᠢᠨᠠᠭᠰᠢᠯᠠᠪᠠᠯ ᠰᠤᠷᠬᠤ ᠴᠠᠭ ᠲᠤ᠌ ᠨᠢ ᠵᠢᠭᠠᠬᠤ ᠶᠠᠭᠤᠮ᠎ᠠ ᠶ᠋ᠢ ᠨᠢ ᠵᠢᠭᠠᠬᠤ ᠦᠭᠡᠢ ᠡᠴᠡ ᠥᠭᠡᠷ᠎ᠡ ᠶᠠᠭᠤᠮ᠎ᠠ ᠶ᠋ᠢ ᠵᠢᠭᠠᠭᠰᠠᠨ ᠠ᠋ᠴᠠ ᠪᠣᠯᠵᠤ ᠰᠤᠷᠭᠠᠭᠤᠯᠢ ᠳ᠋ᠤ᠌ ᠣᠷᠣᠭᠰᠠᠨ ᠤ᠋ ᠳᠠᠷᠠᠭᠠᠬᠢ ᠶᠠᠭᠤᠮ᠎ᠠ ᠶ᠋ᠢ ᠵᠢᠭᠠᠭᠰᠠᠨ ᠠ᠋ᠴᠠ ᠪᠣᠯᠵᠤ᠂ ᠮᠠᠨ ᠤ᠋ ᠬᠡᠦᠬᠡᠳ ᠰᠤᠷᠬᠤ ᠠ᠋ᠴᠠ ᠬᠠᠯᠠᠰᠢᠷᠠᠬᠤ᠂ ᠰᠤᠷᠤᠨ᠎ᠠ ᠭᠡᠳᠡᠭ ᠴᠢᠨᠢ ᠨᠠᠳᠠ ᠠᠪᠴᠤ ᠦᠵᠡᠪᠡᠯ ᠶᠡᠬᠡ ᠵᠣᠪᠠᠭᠤᠷᠢ ᠲᠠᠢ ᠶᠠᠪᠤᠳᠠᠯ᠂ ᠶᠡᠬᠡ ᠬᠦᠴᠢᠷ ᠲᠡᠢ ᠶᠠᠪᠤᠳᠠᠯ ᠭᠡᠰᠡᠨ ᠡᠢᠮᠦ ᠨᠢᠭᠡ ᠤᠬᠠᠮᠰᠠᠷ ᠢ᠋ ᠮᠠᠨ ᠤ᠋ ᠬᠡᠦᠬᠡᠳ ᠦ᠋ᠨ ᠢ᠋ᠶ᠋ᠡᠨ ᠶᠡᠬᠡ ᠲᠠᠷᠢᠬᠢᠨ ᠳ᠋ᠤ᠌ ᠨᠢ ᠬᠢᠭᠡᠳ ᠦᠭᠴᠢᠬᠡᠴᠡᠢ᠃ ᠡᠨᠡ ᠪᠣᠯ ᠲᠤᠩ ᠠᠶᠤᠯ ᠲᠠᠢ᠃ ᠪᠢ ᠪᠣᠯ ᠢᠩᠭᠢᠵᠦ ᠯᠡ ᠬᠡᠯᠡᠨ᠎ᠡ᠃ 
   ᠤᠴᠢᠷ ᠨᠢ ᠨᠢᠭᠡ ᠨᠠᠰᠤ ᠪᠠᠷ ᠢ᠋ᠶ᠋ᠠᠨ ᠰᠤᠷᠭᠠᠨ ᠬᠥᠮᠦᠵᠢᠯ ᠦ᠋ᠨ ᠠᠵᠢᠯ ᠢ᠋ ᠬᠢᠭᠰᠡᠨ ᠤᠴᠢᠷ ᠠ᠋ᠴᠠ ᠪᠢ ᠣᠳᠣ ᠨᠡᠢᠭᠡᠮ ᠳᠡᠭᠡᠷ᠎ᠡ ᠶᠠᠷᠢᠭᠳᠠᠵᠤ ᠪᠠᠢᠭ᠎ᠠ ᠵᠠᠷᠢᠮ ᠭᠡᠷ ᠦ᠋ᠨ ᠠᠬᠠᠮᠠᠳ ᠤ᠋ᠨ ᠵᠣᠪᠠᠵᠤ ᠪᠠᠢᠭ᠎ᠠ ᠵᠦᠢᠯ ᠢ᠋ ᠰᠣᠨᠣᠰᠤᠭᠠᠳ ᠶᠡᠬᠡ ᠰᠣᠨᠢᠷᠬᠠᠵᠤ ᠪᠠᠢᠨ᠎ᠠ᠃ ᠤᠴᠢᠷ ᠨᠢ ᠮᠠᠨ ᠤ᠋ ᠰᠤᠷᠭᠠᠨ ᠬᠥᠮᠦᠵᠢᠯ ᠴᠣᠬᠣᠮ ᠶᠠᠭᠠᠬᠢᠴᠢᠬᠠᠭᠰᠠᠨ ᠪᠣᠢ? ᠰᠤᠷᠭᠠᠨ ᠬᠥᠮᠦᠵᠢᠯ ᠴᠣᠬᠣᠮ ᠶᠠᠭᠠᠬᠢᠪᠠᠯ ᠲᠠᠭᠠᠷᠠᠬᠤ ᠪᠣᠢ! ᠥᠭᠡᠷ᠎ᠡ ᠪᠡᠷ ᠬᠡᠯᠡᠪᠡᠯ᠂ ᠰᠤᠷᠭᠠᠭᠤᠯᠢ ᠶ᠋ᠢᠨ ᠰᠤᠷᠭᠠᠨ ᠬᠥᠮᠦᠵᠢᠯ ᠶᠠᠭᠠᠬᠢᠪᠠᠯ ᠲᠠᠭᠠᠷᠠᠬᠤ ᠪᠣᠢ? ᠭᠡᠷ ᠪᠦᠯᠢ ᠶ᠋ᠢᠨ ᠰᠤᠷᠭᠠᠨ ᠬᠥᠮᠦᠵᠢᠯ ᠶᠠᠭᠠᠬᠢᠪᠠᠯ ᠲᠠᠭᠠᠷᠠᠬᠤ ᠪᠣᠢ? ᠬᠣᠭᠣᠷᠣᠨᠳᠣ ᠪᠠᠨ ᠵᠠᠷᠢᠮ ᠶᠠᠭᠤᠮ᠎ᠠ ᠶ᠋ᠢ ᠢᠯᠭᠠᠵᠤ ᠰᠠᠯᠭᠠᠬᠤ ᠬᠡᠷᠡᠭᠲᠡᠢ᠃ ᠣᠳᠣ ᠢᠯᠭᠠᠵᠤ ᠰᠠᠯᠭᠠᠬᠤ ᠦᠭᠡᠢ ᠪᠣᠯᠵᠤ ᠪᠠᠢᠨ᠎ᠠ᠃ ᠵᠢᠱ᠌ᠢᠶᠡᠯᠡᠪᠡᠯ ᠰᠤᠷᠭᠠᠭᠤᠯᠢ ᠶ᠋ᠢᠨ ᠰᠤᠷᠭᠠᠨ ᠬᠥᠮᠦᠵᠢᠯ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠣᠷᠣᠯᠠᠬᠤ᠂ ᠡᠰᠡᠪᠡᠯ ᠭᠡᠷ ᠪᠦᠯᠢ ᠶ᠋ᠢᠨ ᠰᠤᠷᠭᠠᠨ ᠬᠥᠮᠦᠵᠢᠯ ᠬᠢᠬᠦ ᠴᠠᠭ ᠢ᠋ ᠨᠢ ᠰᠤᠷᠭᠠᠭᠤᠯᠢ ᠶ᠋ᠢᠨ ᠰᠤᠷᠭᠠᠨ ᠬᠥᠮᠦᠵᠢᠯ ᠠᠪᠤᠭᠠᠴᠢᠭᠠᠳ ᠡᠵᠡᠮᠰᠢᠭᠡᠳ ᠠᠪᠴᠢᠬᠠᠨ᠎ᠠ᠃ ᠢᠩᠭᠢᠭᠡᠳ ᠭᠡᠷ ᠪᠦᠯᠢ ᠳ᠋ᠦ᠍ ᠬᠢᠬᠦ ᠰᠤᠷᠭᠠᠨ ᠬᠥᠮᠦᠵᠢᠯ ᠦ᠋ᠨ ᠴᠠᠭ ᠪᠤᠶᠤ ᠣᠷᠣᠨ ᠵᠠᠢ ᠪᠠᠭᠠᠰᠴᠤ ᠪᠠᠢᠬᠤ ᠪᠤᠶᠤ ᠴᠢᠨᠠᠭᠰᠢᠯᠠᠪᠠᠯ ᠦᠭᠡᠢ ᠪᠣᠯᠵᠤ ᠪᠠᠢᠨ᠎ᠠ᠃ ᠡᠨᠡ ᠪᠣᠯ ᠲᠤᠩ ᠠᠶᠤᠯ ᠲᠠᠢ ᠭᠡᠵᠦ ᠪᠢ ᠦᠵᠡᠨ᠎ᠡ᠃ ᠢᠩᠭᠢᠬᠦ ᠪᠡᠷ ᠢ᠋ᠶ᠋ᠡᠨ ᠪᠢᠳᠡ ᠵᠠᠪᠠᠯ ᠭᠡᠷ ᠪᠦᠯᠢ ᠶ᠋ᠢᠨ ᠰᠤᠷᠭᠠᠨ ᠬᠥᠮᠦᠵᠢᠯ ᠬᠢᠬᠦ ᠴᠢᠬᠤᠯᠠ ᠲᠠᠢ᠂ ᠵᠢᠱ᠌ᠢᠶᠡᠯᠡᠪᠡᠯ ᠄ ᠭᠡᠷ ᠦ᠋ᠨ ᠬᠥᠮᠦᠵᠢᠯ᠂ ᠭᠡᠷ ᠦ᠋ᠨ ᠰᠤᠷᠲᠠᠯ ᠬᠣᠶᠠᠷ ᠢ᠋ ᠵᠠᠪᠠᠯ ᠴᠢᠬᠤᠯᠠ ᠪᠠᠢᠷᠢᠨ ᠳ᠋ᠤ᠌ ᠲᠠᠯᠪᠢᠨ᠎ᠠ᠃ ᠡᠭᠦᠨ ᠢ᠋ ᠮᠠᠨ ᠤ᠋ ᠬᠠᠤᠯᠢ ᠶ᠋ᠢᠨ ᠲᠣᠭᠲᠠᠭᠠᠯ ᠤ᠋ᠨ ᠬᠣᠶᠠᠳᠤᠭᠠᠷ ᠪᠦᠯᠦᠭ ᠦ᠋ᠨ ᠠᠷᠪᠠᠨ ᠳᠥᠷᠪᠡᠳᠦᠭᠡᠷ ᠵᠤᠷᠪᠤᠰ ᠲᠤ᠌ ᠶᠡᠬᠡ ᠲᠣᠳᠣᠷᠬᠠᠢ ᠪᠢᠴᠢᠵᠦ ᠪᠠᠢᠨ᠎ᠠ᠃ ᠡᠨᠡ ᠬᠦ᠌ ᠬᠠᠤᠯᠢ ᠲᠣᠭᠲᠠᠭᠠᠯ ᠢ᠋ ᠮᠠᠨᠤᠰ ᠪᠦᠷ ᠦᠵᠡᠵᠦ ᠪᠣᠯᠤᠨ᠎ᠠ᠃ ᠡᠨᠳᠡ ᠭᠡᠷ ᠪᠦᠯᠢ ᠶ᠋ᠢᠨ ᠡᠭᠦᠷᠭᠡ ᠬᠠᠷᠢᠭᠤᠴᠠᠯᠭ᠎ᠠ ᠶ᠋ᠢ ᠲᠣᠪ ᠲᠣᠳᠣᠷᠬᠠᠢ ᠪᠢᠴᠢᠭᠡᠳ ᠦᠭᠴᠢᠬᠡᠴᠡᠢ᠃ ᠳᠠᠷᠤᠢ ᠭᠡᠷ ᠪᠦᠯᠢ ᠪᠣᠯ ᠤᠤᠭᠠᠨ ᠰᠤᠷᠭᠠᠭᠤᠯᠢ᠂ ᠭᠡᠷ ᠦ᠋ᠨ ᠠᠬᠠᠮᠠᠳ ᠪᠣᠯ ᠬᠡᠦᠬᠡᠳ ᠦ᠋ᠨ ᠤᠤᠭᠠᠨ ᠪᠠᠭᠰᠢ ᠭᠡᠳ ᠲᠣᠪ ᠲᠣᠳᠣᠷᠬᠠᠢ ᠶᠠᠷᠢᠭᠠᠳ ᠦᠭᠴᠢᠬᠡᠴᠡᠢ᠃ ᠡᠨᠡ ᠨᠢ ᠶᠠᠭᠤ ᠶ᠋ᠢ ᠬᠠᠷᠠᠭᠤᠯᠵᠤ ᠪᠠᠢᠨ᠎ᠠ ᠭᠡᠵᠦ ᠬᠡᠯᠡᠪᠡᠯ ᠭᠡᠷ ᠪᠦᠯᠢ ᠳ᠋ᠦ᠍ ᠵᠢᠭᠠᠬᠤ ᠶᠠᠭᠤᠮ᠎ᠠ ᠪᠠᠨ ᠭᠡᠷ ᠦ᠋ᠨ ᠠᠬᠠᠮᠠᠳ ᠬᠢᠬᠦ ᠴᠢᠬᠤᠯᠠ ᠲᠠᠢ ᠶᠠᠭᠤᠮ᠎ᠠ ᠪᠠᠨ ᠬᠢᠬᠦ ᠬᠡᠷᠡᠭᠲᠡᠢ᠃ ᠡᠭᠦᠨ ᠢ᠋ ᠰᠤᠷᠭᠠᠭᠤᠯᠢ ᠡᠵᠡᠮᠰᠢᠵᠦ ᠪᠣᠯᠬᠤ ᠦᠭᠡᠢ᠃ ᠨᠡᠢᠭᠡᠮ ᠭᠡᠷ ᠦ᠋ᠨ ᠠᠬᠠᠮᠠᠳ ᠢ᠋ ᠣᠷᠣᠯᠠᠵᠤ ᠪᠣᠯᠬᠤ ᠦᠭᠡᠢ᠂ ᠠᠯᠢ ᠨᠢᠭᠡ ᠪᠠᠢᠭᠤᠯᠭ᠎ᠠ ᠬᠤᠪᠢ ᠬᠥᠮᠦᠨ ᠭᠡᠷ ᠦ᠋ᠨ ᠠᠬᠠᠮᠠᠳ ᠢ᠋ ᠣᠷᠣᠯᠠᠵᠤ ᠪᠣᠯᠬᠤ ᠦᠭᠡᠢ᠃ ᠭᠡᠷ ᠪᠦᠯᠢ ᠭᠡᠳᠡᠭ ᠶᠠᠭᠤᠮ᠎ᠠ ᠴᠢᠨᠢ ᠭᠡᠷ ᠲᠦ᠍ ᠪᠠᠨ ᠯᠠ ᠡᠵᠡᠨ ᠪᠣᠯᠤᠨ᠎ᠠ᠂ ᠴᠣᠬᠣᠮ ᠭᠡᠲᠡᠬᠡᠷ ᠨᠣᠶᠠᠨ ᠭᠡᠷ ᠲᠦ᠍ ᠪᠡᠨ ᠶᠡᠬᠡ ᠭᠡᠰᠡᠨ ᠰᠢᠭ ᠮᠠᠨ ᠤ᠋ ᠡᠴᠢᠭᠡ ᠡᠬᠡ ᠪᠣᠯᠣᠭᠰᠠᠳ ᠦᠨᠡᠨᠬᠦ ᠭᠡᠷ ᠲᠦ᠍ ᠪᠡᠨ ᠵᠢᠩᠬᠢᠨᠢ ᠡᠵᠡᠨ ᠪᠣᠯᠵᠤ ᠬᠡᠦᠬᠡᠳ ᠲᠦ᠍ ᠪᠡᠨ ᠬᠢᠬᠦ ᠴᠢᠬᠤᠯᠠ ᠲᠠᠢ ᠶᠠᠭᠤᠮ᠎ᠠ ᠪᠠᠨ ᠥᠪᠡᠷ ᠢ᠋ᠶ᠋ᠡᠨ ᠯᠡ ᠬᠢᠨ᠎ᠡ᠃ ᠡᠭᠦᠨ ᠢ᠋ ᠪᠢ ᠦᠵᠡᠪᠡᠯ ᠬᠥᠮᠦᠨ ᠢ᠋ᠶ᠋ᠡᠷ ᠵᠢᠭᠠᠯᠭᠠᠬᠤ ᠴᠢᠬᠤᠯᠠ ᠪᠠᠢᠬᠤ ᠦᠭᠡᠢ᠃ ᠮᠠᠨ ᠤ᠋ ᠵᠠᠷᠢᠮ ᠲᠤᠰᠬᠠᠢ ᠮᠡᠷᠭᠡᠵᠢᠯᠲᠡᠳ ᠭᠡᠳᠡᠭ ᠬᠥᠮᠦᠰ ᠦ᠋ᠨ ᠬᠢᠵᠦ ᠪᠠᠢᠬᠤ ᠶ᠋ᠢ ᠦᠵᠡᠪᠡᠯ ᠲᠤᠰᠬᠠᠢ ᠮᠡᠷᠭᠡᠵᠢᠯᠲᠡᠳ ᠣᠴᠢᠭᠠᠳ ᠭᠡᠷ ᠪᠦᠯᠢ ᠶ᠋ᠢᠨ ᠠᠵᠢᠯ ᠳ᠋ᠤ᠌ ᠭᠠᠷ ᠲᠦᠷᠢᠵᠦ ᠬᠢᠵᠦ ᠪᠠᠢᠨ᠎ᠠ ᠭᠡᠨ᠎ᠡ᠃ ᠡᠭᠦᠨ ᠢ᠋ ᠪᠢ ᠦᠵᠡᠪᠡᠯ ᠲᠡᠳᠦᠢ ᠰᠠᠢᠨ ᠶᠠᠪᠤᠳᠠᠯ ᠪᠢᠰᠢ᠃ ᠲᠤᠰᠬᠠᠢ ᠮᠡᠷᠭᠡᠵᠢᠯᠲᠡᠨ ᠭᠡᠳᠡᠭ ᠤᠯᠤᠰ ᠭᠡᠷ ᠪᠦᠯᠢ ᠶ᠋ᠢ ᠣᠴᠢᠵᠤ ᠣᠷᠣᠯᠠᠵᠤ ᠬᠢᠵᠦ ᠪᠣᠯᠬᠤ ᠦᠭᠡᠢ᠃ ᠂ ᠶᠠᠭᠠᠬᠢᠵᠤ ᠬᠢᠬᠦ ᠪᠣᠢ? ᠵᠢᠱ᠌ᠢᠶᠡᠯᠡᠪᠡᠯ ᠭᠡᠷ ᠪᠦᠯᠢ ᠶ᠋ᠢᠨ ᠰᠤᠷᠭᠠᠨ ᠬᠥᠮᠦᠵᠢᠯ ᠳ᠋ᠦ᠍ ᠰᠠᠨᠠᠭᠠᠴᠢᠯᠠᠭ᠎ᠠ ᠭᠠᠷᠭᠠᠵᠤ ᠪᠣᠯᠤᠨ᠎ᠠ᠃ ᠳᠤᠷᠠᠳᠤᠯᠭ᠎ᠠ ᠭᠠᠷᠭᠠᠵᠤ ᠥᠭᠴᠦ ᠪᠣᠯᠤᠨ᠎ᠠ᠃ ᠵᠢᠱ᠌ᠢᠶᠡᠯᠡᠪᠡᠯ᠂ ᠵᠠᠷᠢᠮ ᠲᠠᠯ᠎ᠠ ᠪᠠᠷ ᠮᠠᠨ ᠤ᠋ ᠵᠠᠯᠠᠭᠤ ᠭᠡᠷ ᠦ᠋ᠨ ᠠᠬᠠᠮᠠᠳ ᠤ᠋ᠨ ᠮᠡᠳᠡᠬᠦ ᠦᠭᠡᠢ ᠵᠦᠢᠯ ᠢ᠋ ᠵᠢᠭᠠᠵᠤ ᠳᠣᠬᠢᠵᠤ ᠪᠣᠯᠤᠨ᠎ᠠ᠃ ᠭᠡᠲᠡᠯ᠎ᠡ ᠲᠠ ᠣᠴᠢᠵᠤ ᠣᠷᠣᠯᠠᠵᠤ ᠬᠢᠵᠦ ᠪᠣᠯᠬᠤ ᠦᠭᠡᠢ᠃ ᠢᠩᠭᠢᠪᠡᠯ ᠮᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠴᠢᠨᠢ ᠶᠠᠭᠤ ᠪᠣᠯᠤᠨ᠎ᠠ ᠤᠤ? ᠣᠳᠣ ᠭᠡᠷ ᠪᠦᠯᠢ ᠶ᠋ᠢᠨ ᠪᠢᠰᠢ ᠪᠣᠯᠤᠨ᠎ᠠ ᠰᠢᠦ᠂ ᠨᠢᠭᠡ ᠬᠣᠶᠠᠷ ᠬᠥᠮᠦᠨ ᠦ᠌ ᠬᠢ ᠪᠣᠯᠴᠢᠬᠠᠬᠤ ᠦᠭᠡᠢ ᠤᠤ? ᠨᠢᠭᠡ ᠬᠣᠶᠠᠷ ᠲᠤᠰᠬᠠᠢ ᠮᠡᠷᠭᠡᠵᠢᠯᠲᠡᠨ ᠦ᠌ ᠬᠢ ᠪᠣᠯᠴᠢᠬᠠᠬᠤ ᠦᠭᠡᠢ ᠤᠤ? ᠲᠡᠭᠡᠬᠦ ᠪᠡᠷ ᠢ᠋ᠶ᠋ᠡᠨ ᠪᠢ ᠦᠵᠡᠪᠡᠯ ᠭᠡᠷ ᠪᠦᠯᠢ ᠭᠡᠳᠡᠭ ᠶᠠᠭᠤᠮ᠎ᠠ ᠴᠣᠬᠣᠮ ᠶᠠᠮᠠᠷ ᠶᠠᠭᠤᠮ᠎ᠠ ᠪᠣᠢ? ᠭᠡᠷ ᠪᠦᠯᠢ ᠳ᠋ᠦ᠍ ᠶᠠᠭᠤ ᠶ᠋ᠢ ᠬᠥᠮᠦᠵᠢᠭᠦᠯᠬᠦ ᠪᠣᠢ? ᠭᠡᠷ ᠦ᠋ᠨ ᠰᠤᠷᠲᠠᠯ ᠭᠡᠳᠡᠭ ᠶᠠᠭᠤᠮ᠎ᠠ ᠪᠣᠯ? ᠵᠢᠱ᠌ᠢᠶᠡᠯᠡᠪᠡᠯ ᠮᠠᠨ ᠢ᠋ ᠪᠠᠭ᠎ᠠ ᠳ᠋ᠤ᠌ ᠠᠪᠤ ᠡᠵᠢ ᠮᠠᠨᠤᠰ ᠢ᠋ ᠴᠢᠩᠭ᠎ᠠ ᠰᠤᠷᠭᠠᠵᠤ ᠪᠠᠢᠭᠰᠠᠨ᠃ ᠶᠠᠭᠤᠨ ᠤ᠋ ᠡᠮᠦᠨ᠎ᠡ ᠬᠥᠮᠦᠨ ᠲᠡᠢ ᠠᠭᠤᠯᠵᠠᠪᠠᠯ ᠠᠮᠤᠷ ᠮᠡᠨᠳᠦ ᠠᠰᠠᠭᠤᠵᠤ ᠠᠬᠠᠮᠠᠳ ᠢ᠋ᠶ᠋ᠠᠨ ᠬᠦᠨᠳᠦᠯᠡᠨ᠎ᠡ᠂ ᠠᠢᠯ ᠤ᠋ᠨ ᠪᠤᠭᠤᠷᠤᠯᠴᠤᠳ ᠢ᠋ᠶ᠋ᠠᠨ ᠦᠵᠡᠭᠰᠡᠭᠡᠷ ᠤᠨᠤᠭ᠎ᠠ ᠬᠦᠯᠦᠰᠢ ᠪᠡᠷ ᠶᠠᠪᠤᠵᠤ ᠪᠠᠢᠭᠰᠠᠨ ᠪᠣᠯ ᠤᠨᠤᠭ᠎ᠠ ᠬᠦᠯᠦᠰᠢ ᠡᠴᠡ ᠪᠡᠨ ᠪᠠᠭᠤᠵᠤ ᠮᠥᠷᠭᠥᠵᠦ ᠵᠣᠯᠭᠠᠨ᠎ᠠ᠃ ᠠᠮᠤᠷ ᠮᠡᠨᠳᠦ ᠶ᠋ᠢ ᠨᠢ ᠠᠰᠠᠭᠤᠨ᠎ᠠ᠃ ᠢᠩᠭᠢᠬᠦ ᠦᠭᠡᠢ ᠣᠰᠣᠯ ᠭᠠᠷᠪᠠᠯ ᠭᠡᠷ ᠲᠦ᠍ ᠪᠡᠨ ᠬᠠᠷᠢᠪᠠᠯ ᠡᠴᠢᠭᠡ ᠡᠬᠡ ᠴᠢᠨᠢ ᠶᠡᠬᠡ ᠬᠠᠲᠠᠭᠤ ᠴᠢᠩᠭ᠎ᠠ ᠰᠤᠷᠭᠠᠯ ᠶᠠᠪᠤᠭᠤᠯᠤᠨ᠎ᠠ᠃ ᠥᠭᠡᠷ᠎ᠡ ᠪᠡᠷ ᠬᠡᠯᠡᠪᠡᠯ ᠴᠢᠮ᠎ᠠ ᠶ᠋ᠢ ᠴᠢᠩᠭ᠎ᠠ ᠰᠢᠭᠦᠮᠵᠢᠯᠡᠬᠦ ᠪᠤᠶᠤ ᠵᠠᠷᠢᠮ ᠨᠢ ᠪᠦᠷ ᠵᠣᠳᠣᠬᠤ ᠶᠠᠪᠤᠳᠠᠯ ᠭᠠᠷᠳᠠᠭ᠃ ᠡᠨᠡ ᠨᠢ ᠶᠠᠭᠤ ᠶ᠋ᠢ ᠬᠠᠷᠠᠭᠤᠯᠵᠤ ᠪᠠᠢᠨ᠎ᠠ ᠭᠡᠵᠦ ᠬᠡᠯᠡᠪᠡᠯ ᠮᠠᠨ ᠤ᠋ ᠭᠡᠷ ᠪᠦᠯᠢ ᠳ᠋ᠦ᠍ ᠪᠡᠨ ᠰᠤᠷᠬᠤ ᠶᠠᠭᠤᠮ᠎ᠠ ᠮᠠᠰᠢ ᠠᠷᠪᠢᠨ ᠵᠦᠢᠯ ᠪᠠᠢᠨ᠎ᠠ᠃ 
   ᠡᠭᠦᠨ ᠢ᠋ ᠴᠢᠬᠤᠯᠠ ᠪᠠᠢᠷᠢᠨ ᠳ᠋ᠤ᠌ ᠲᠠᠯᠪᠢᠵᠤ ᠳᠡᠢᠯᠦᠨ᠎ᠡ ᠤᠤ ᠦᠭᠡᠢ ᠤᠤ? ᠡᠭᠦᠨ ᠦ᠌ ᠪᠠᠢᠷᠢ ᠰᠠᠭᠤᠷᠢ ᠶ᠋ᠢ ᠶᠠᠭᠠᠬᠢᠨ ᠣᠢᠯᠠᠭᠠᠵᠤ ᠪᠠᠢᠨ᠎ᠠ? ᠲᠡᠭᠦᠨ ᠦ᠌ ᠦᠢᠯᠡᠳᠦᠯ ᠢ᠋ ᠵᠢᠩᠬᠢᠨᠢ ᠪᠠᠳᠠᠷᠠᠭᠤᠯᠵᠤ ᠲᠠᠢᠯᠵᠤ ᠪᠠᠢᠨ᠎ᠠ ᠤᠤ ᠦᠭᠡᠢ ᠤᠤ? ᠭᠡᠳᠡᠭ ᠠᠰᠠᠭᠤᠳᠠᠯ ᠪᠣᠯ ᠮᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠣᠳᠣ ᠶ᠋ᠢᠨ ᠨᠢᠳᠦᠨ ᠡᠮᠦᠨ᠎ᠡ ᠲᠠᠯᠪᠢᠭᠳᠠᠵᠤ ᠪᠠᠢᠭ᠎ᠠ ᠨᠢᠭᠡ ᠴᠢᠬᠤᠯᠠ ᠠᠭᠤᠯᠭ᠎ᠠ ᠴᠢᠬᠤᠯᠠ ᠤᠴᠢᠷ ᠭᠡᠵᠦ ᠦᠵᠡᠵᠦ ᠪᠠᠢᠨ᠎ᠠ᠃ ᠵᠠ ᠢᠩᠭᠢᠬᠦ ᠪᠡᠷ ᠢ᠋ᠶ᠋ᠡᠨ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠠᠵᠢᠯ ᠢ᠋ ᠬᠢᠬᠦ ᠳ᠋ᠦ᠍ ᠪᠡᠨ ᠮᠢᠨᠦ ᠳᠡᠭᠡᠷ᠎ᠡ ᠶᠠᠷᠢᠭᠰᠠᠨ ᠭᠡᠷ ᠪᠦᠯᠢ᠂ ᠭᠡᠷ ᠦ᠋ᠨ ᠬᠥᠮᠦᠵᠢᠯ᠂ ᠭᠡᠷ ᠦ᠋ᠨ ᠰᠤᠷᠲᠠᠯ ᠭᠡᠳᠡᠭ ᠳᠡᠭᠡᠷ᠎ᠡ ᠮᠠᠨ ᠤ᠋ ᠭᠡᠷ ᠦ᠋ᠨ ᠠᠬᠠᠮᠠᠳ ᠬᠦᠴᠦ ᠲᠠᠯᠪᠢᠶ᠎ᠠ᠃ ᠵᠢᠱ᠌ᠢᠶᠡᠯᠡᠪᠡᠯ᠂ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠮᠠᠨ ᠤ᠋ ᠵᠢᠷᠠᠨ ᠨᠠᠰᠤᠨ ᠠ᠋ᠴᠠ ᠳᠡᠭᠡᠭᠰᠢᠬᠢ ᠭᠡᠷ ᠦ᠋ᠨ ᠠᠬᠠᠮᠠᠳ ᠶᠠᠭᠤ ᠬᠢᠵᠦ ᠪᠠᠢᠨ᠎ᠠ? ᠡᠬᠢᠯᠡᠭᠡᠳ ᠭᠡᠷ ᠦ᠋ᠨ ᠴᠠᠳᠢᠭ ᠡᠮᠬᠢᠳᠬᠡᠨ ᠨᠠᠢᠷᠠᠭᠤᠯᠬᠤ ᠠᠵᠢᠯ ᠢ᠋ ᠬᠢᠵᠦ ᠪᠠᠢᠨ᠎ᠠ᠃ ᠡᠨᠡ ᠪᠣᠯ ᠶᠡᠬᠡ ᠰᠠᠢᠨ ᠶᠠᠪᠤᠳᠠᠯ᠂ ᠭᠡᠷ ᠦ᠋ᠨ ᠴᠠᠳᠢᠭ ᠤ᠋ᠨ ᠦᠨᠳᠦᠰᠦᠨ ᠦᠢᠯᠡᠳᠦᠯ ᠨᠢ ᠡᠨᠡ ᠭᠡᠷ ᠪᠦᠯᠢ ᠳ᠋ᠦ᠍ ᠭᠠᠷᠴᠤ ᠢᠷᠡᠵᠦ ᠪᠠᠢᠭ᠎ᠠ ᠬᠡᠦᠬᠡᠳ ᠡᠭᠦᠨ ᠢ᠋ ᠦᠵᠡᠪᠡᠯ ᠤᠤ᠂ ᠮᠠᠨ ᠤ᠋ ᠡᠪᠦᠭᠡ ᠳᠡᠭᠡᠳᠦᠰ ᠪᠣᠯ ᠶᠠᠮᠠᠷ ᠬᠥᠮᠦᠨ ᠬᠠᠮᠢᠭ᠎ᠠ ᠠ᠋ᠴᠠ ᠢᠷᠡᠵᠡᠢ᠂ ᠶᠠᠭᠤ ᠬᠢᠳᠡᠭ ᠶᠠᠮᠠᠷ ᠠᠯᠳᠠᠷ ᠲᠠᠢ ᠨᠡᠢᠭᠡᠮ ᠳᠡᠭᠡᠷ᠎ᠡ ᠶᠠᠮᠠᠷ ᠶᠠᠮᠠᠷ ᠭᠠᠪᠢᠶ᠎ᠠ ᠵᠢᠳᠬᠦᠯ ᠲᠡᠢ ᠶᠠᠪᠤᠭᠰᠠᠨ ᠵᠡᠷᠭᠡ ᠶ᠋ᠢ ᠦᠨᠳᠦᠰᠦᠨ ᠳ᠋ᠦ᠍ ᠨᠢ ᠮᠡᠳᠡᠨ᠎ᠡ᠂ ᠬᠡᠨ ᠢ᠋ᠶ᠋ᠡᠨ ᠮᠡᠳᠡᠨ᠎ᠡ᠂ ᠬᠠᠮᠢᠭ᠎ᠠ ᠠ᠋ᠴᠠ ᠢᠷᠡᠭᠰᠡᠨ ᠢ᠋ᠶ᠋ᠡᠨ ᠮᠡᠳᠡᠨ᠎ᠡ᠂ ᠮᠠᠨ ᠤ᠋ ᠬᠡᠦᠬᠡᠳ ᠬᠡᠨ ᠢ᠋ᠶ᠋ᠡᠨ ᠴᠦ᠍ ᠮᠡᠳᠡᠬᠦ ᠦᠭᠡᠢ ᠬᠠᠮᠢᠭ᠎ᠠ ᠠ᠋ᠴᠠ ᠢᠷᠡᠭᠰᠡᠨ ᠢ᠋ᠶ᠋ᠡᠨ ᠴᠦ᠍ ᠮᠡᠳᠡᠬᠦ ᠦᠭᠡᠢ ᠪᠣᠯ ᠡᠨᠡ ᠴᠢᠨᠢ ᠶᠠᠷᠰᠢᠭ ᠪᠣᠯᠤᠨ᠎ᠠ ᠰᠢᠦ᠂ ᠵᠠ ᠢᠩᠭᠢᠬᠦ ᠪᠡᠷ ᠢ᠋ᠶ᠋ᠡᠨ ᠭᠡᠷ ᠦ᠋ᠨ ᠴᠠᠳᠢᠭ ᠢ᠋ ᠡᠮᠬᠢᠳᠬᠡᠵᠦ ᠪᠠᠢᠭ᠎ᠠ ᠨᠢᠭᠡ ᠪᠦᠯᠦᠭ ᠭᠡᠷ ᠦ᠋ᠨ ᠠᠬᠠᠮᠠᠳ ᠨᠢᠭᠡᠨ ᠳᠠᠭᠤᠷᠢᠶᠠᠯ ᠪᠣᠯᠵᠤ ᠪᠠᠢᠨ᠎ᠠ᠂ ᠬᠡᠷᠪᠡ ᠡᠢᠮᠦ ᠠᠵᠢᠯᠯᠠᠭ᠎ᠠ ᠪᠠᠨ ᠬᠢᠭᠡ ᠦᠭᠡᠢ ᠮᠠᠨ ᠤ᠋ ᠭᠡᠷ ᠪᠦᠯᠢ ᠶ᠋ᠢᠨ ᠬᠢᠨ ᠪᠠᠢᠬᠤ ᠳ᠋ᠤ᠌ ᠬᠦᠷᠪᠡᠯ ᠡᠭᠦᠨ ᠢ᠋ ᠯᠠᠪᠯᠠᠯᠲᠠ ᠪᠣᠯᠭᠠᠵᠤ ᠪᠣᠯᠤᠨ᠎ᠠ᠃ ᠬᠠᠷᠢᠨ ᠡᠭᠦᠨ ᠢ᠋ ᠳᠠᠭᠤᠷᠢᠶᠠᠵᠤ ᠰᠤᠷᠴᠤ ᠪᠣᠯᠤᠨ᠎ᠠ᠃ ᠡᠭᠦᠨ ᠢ᠋ ᠪᠢ ᠭᠡᠷ ᠦ᠋ᠨ ᠰᠤᠷᠲᠠᠯ᠂ ᠭᠡᠷ ᠦ᠋ᠨ ᠬᠥᠮᠦᠵᠢᠯ ᠦ᠋ᠨ ᠴᠢᠬᠤᠯᠠ ᠵᠢᠭᠠᠬᠤ ᠪᠢᠴᠢᠭ ᠭᠡᠵᠦ ᠦᠵᠡᠵᠦ ᠪᠠᠢᠨ᠎ᠠ᠃ ᠮᠠᠨ ᠢ᠋ ᠪᠠᠭ᠎ᠠ ᠳ᠋ᠤ᠌ ᠮᠢᠨᠦ ᠡᠵᠢ ᠣᠨᠴᠠᠭᠠᠢᠯᠠᠨ ᠨᠠᠳᠠ ᠶᠡᠬᠡ ᠠᠷᠪᠢᠨ ᠶᠠᠭᠤᠮ᠎ᠠ ᠬᠡᠯᠡᠳᠡᠭ ᠶᠦᠮ᠂ ᠮᠠᠨ ᠤ᠋ ᠨᠣᠶᠠᠭᠢᠨ ᠣᠪᠣᠭᠲᠠᠨ ᠤ᠋ ᠤᠳᠤᠮ ᠤᠭᠰᠠᠭ᠎ᠠ ᠶᠠᠮᠠᠷ ᠠ᠋! ᠠᠪᠤ ᠳᠡᠭᠡᠳᠦᠰ ᠦ᠋ᠨ ᠴᠢᠨᠢ ᠦᠶ᠎ᠡ ᠳ᠋ᠦ᠍ ᠶᠠᠮᠠᠷ ᠪᠠᠢᠭᠰᠠᠨ ᠶᠤᠮ ᠠ᠋᠂ ᠵᠢᠱ᠌ᠢᠶᠡᠯᠡᠪᠡᠯ ᠲᠠᠷᠢᠶ᠎ᠠ ᠳᠠᠷᠢᠪᠠᠯ ᠰᠠᠢᠨ ᠲᠠᠷᠢᠶᠠᠴᠢᠨ᠂ ᠮᠠᠯᠴᠢᠨ ᠪᠣᠯ ᠰᠠᠢᠨ ᠮᠠᠯᠴᠢᠨ᠂ ᠨᠣᠶᠠᠨ ᠰᠠᠭᠤᠪᠠᠯ ᠰᠠᠢᠨ ᠨᠣᠶᠠᠨ᠂ ᠪᠯᠠᠮ᠎ᠠ ᠪᠣᠯ ᠡᠷᠳᠡᠮ ᠲᠡᠢ ᠪᠯᠠᠮ᠎ᠠ ᠭᠠᠷᠳᠠᠭ ᠭᠡᠵᠦ ᠮᠠᠨᠤᠰ ᠲᠤ᠌ ᠰᠤᠷᠭᠠᠵᠤ ᠪᠠᠢᠭᠰᠠᠨ᠃ ᠲᠡᠷᠡ ᠨᠢ ᠮᠠᠨᠤᠰ ᠲᠤ᠌ ᠠᠭᠠᠵᠢᠮ ᠢ᠋ᠶ᠋ᠠᠷ ᠶᠠᠭᠤ ᠶ᠋ᠢ ᠪᠣᠢ ᠪᠣᠯᠭᠠᠭᠰᠠᠨ ᠪᠣᠢ ᠭᠡᠪᠡᠯ ᠮᠠᠨ ᠤ᠋ ᠡᠪᠦᠭᠡ ᠳᠡᠭᠡᠳᠦᠰ ᠦ᠋ᠨ ᠳᠣᠲᠣᠷ᠎ᠠ ᠴᠢᠨᠢ ᠡᠢᠮᠦ ᠠᠷᠪᠢᠨ ᠨᠡᠷ᠎ᠡ ᠬᠦᠨᠳᠦ ᠲᠡᠢ ᠤᠯᠤᠰ ᠪᠠᠢᠭᠰᠠᠨ ᠶᠤᠮ ᠪᠠᠢᠨ᠎ᠠ᠂ ᠪᠢ ᠴᠦ᠍ ᠭᠡᠰᠡᠨ ᠡᠢᠮᠦ ᠬᠥᠮᠦᠨ ᠪᠣᠯᠬᠤ ᠬᠡᠷᠡᠭᠲᠡᠢ ᠭᠡᠵᠦ ᠨᠢᠯᠬ᠎ᠠ ᠣᠶᠤᠨ ᠳ᠋ᠤ᠌ ᠪᠠᠨ ᠰᠢᠩᠭᠡᠭᠡᠵᠦ ᠠᠪᠴᠤ ᠪᠠᠢᠭᠰᠠᠨ᠃ ᠲᠡᠷᠡ ᠨᠢ ᠠᠶᠠᠨᠳᠠᠭᠠᠨ ᠮᠠᠨ ᠢ᠋ ᠲᠣᠮᠣ ᠪᠣᠯᠤᠭᠠᠳ ᠰᠤᠷᠭᠠᠭᠤᠯᠢ ᠰᠣᠶᠣᠯ ᠤ᠋ᠨ ᠮᠥᠷ ᠬᠥᠭᠡᠭᠡᠬᠦ ᠳ᠋ᠦ᠍ ᠠᠵᠢᠯ ᠠᠮᠢᠳᠤᠷᠠᠯ ᠤ᠋ᠨ ᠳᠤᠮᠳᠠ ᠪᠤᠶᠤ ᠠᠯᠪᠠᠨ ᠪᠠᠢᠭᠤᠯᠭ᠎ᠠ ᠳ᠋ᠤ᠌ ᠠᠵᠢᠯᠯᠠᠬᠤ ᠳ᠋ᠤ᠌ ᠳᠤᠲᠠᠭᠳᠠᠵᠤ ᠪᠣᠯᠣᠰᠢ ᠦᠭᠡᠢ ᠰᠤᠷᠭᠠᠯ ᠪᠣᠯᠵᠤ ᠬᠣᠴᠣᠷᠴᠠᠢ᠃ ᠢᠩᠭᠢᠬᠦ ᠪᠡᠷ ᠢ᠋ᠶ᠋ᠡᠨ ᠪᠠᠭ᠎ᠠ ᠶ᠋ᠢᠨ ᠦᠶ᠎ᠡ ᠳ᠋ᠦ᠍ ᠰᠤᠷᠭᠠᠭᠰᠠᠨ ᠲᠡᠷᠡ ᠭᠡᠷ ᠦ᠋ᠨ ᠰᠤᠷᠭᠠᠨ ᠬᠥᠮᠦᠵᠢᠯ ᠭᠡᠳᠡᠭ ᠶᠠᠭᠤᠮ᠎ᠠ ᠪᠣᠯ ᠨᠢᠭᠡ ᠬᠥᠮᠦᠨ ᠦ᠌ ᠨᠢᠭᠡ ᠨᠠᠰᠤᠨ ᠳ᠋ᠤ᠌ ᠨᠥᠯᠥᠭᠡᠯᠡᠳᠡᠭ᠃ ᠡᠢᠮᠦ ᠨᠢᠭᠡ ᠴᠢᠬᠤᠯᠠ ᠰᠤᠷᠭᠠᠨ ᠬᠥᠮᠦᠵᠢᠯ ᠦ᠋ᠨ ᠬᠦᠷᠢᠶ᠎ᠡ ᠴᠠᠷ᠎ᠠ ᠤᠴᠢᠷ ᠠ᠋ᠴᠠ ᠮᠠᠨ ᠤ᠋ ᠭᠡᠷ ᠦ᠋ᠨ ᠠᠬᠠᠮᠠᠳ ᠳᠠᠷᠠᠭᠠᠴᠢ ᠶ᠋ᠢᠨ ᠭᠡᠷ ᠪᠦᠯᠢ ᠶ᠋ᠢᠨ ᠢ᠋ᠶ᠋ᠡᠨ ᠠᠵᠢᠯ ᠳᠡᠭᠡᠷ᠎ᠡ ᠪᠡᠨ ᠮᠢᠨᠦ ᠶᠠᠷᠢᠭᠰᠠᠨ ᠵᠦᠢᠯ ᠦ᠋ᠳ ᠢ᠋ ᠯᠠᠪᠯᠠᠯᠲᠠ ᠪᠣᠯᠭᠠᠵᠤ ᠲᠤᠩᠭᠠᠵᠤ ᠦᠵᠡ ᠭᠡᠵᠦ ᠲᠠᠨᠤᠰ ᠲᠤ᠌ ᠪᠠᠨ ᠨᠠᠢᠳᠠᠵᠤ ᠪᠠᠢᠨ᠎ᠠ᠃ 
   ᠵᠠ ᠲᠡᠭᠡᠪᠡᠯ ᠮᠠᠨ ᠤ᠋ ᠭᠡᠷ ᠪᠦᠯᠢ ᠶ᠋ᠢᠨ ᠰᠤᠷᠭᠠᠨ ᠬᠥᠮᠦᠵᠢᠯ ᠢ᠋ᠶ᠋ᠡᠨ ᠴᠢᠬᠤᠯᠠ ᠪᠠᠢᠷᠢᠨ ᠳ᠋ᠤ᠌ ᠲᠠᠯᠪᠢᠵᠤ᠂ ᠲᠡᠭᠦᠨ ᠦ᠌ ᠪᠠᠢᠷᠢ ᠰᠠᠭᠤᠷᠢ ᠶ᠋ᠢ ᠦᠨᠡᠨᠬᠦ ᠵᠣᠬᠢᠬᠤ ᠬᠡᠮᠵᠢᠶᠡᠨ ᠳ᠋ᠦ᠍ ᠬᠦᠷᠭᠡᠬᠦ ᠪᠤᠶᠤ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠦᠢᠯᠡᠳᠦᠯ ᠢ᠋ ᠪᠠᠳᠠᠷᠠᠭᠤᠯᠬᠤ ᠳ᠋ᠤ᠌ ᠪᠠᠰᠠ ᠨᠢᠭᠡ ᠵᠦᠢᠯ ᠦ᠋ᠨ ᠶᠠᠭᠤᠮ᠎ᠠ ᠶ᠋ᠢ ᠲᠣᠳᠣᠷᠬᠠᠢ ᠪᠣᠯᠭᠠᠬᠤ ᠬᠡᠷᠡᠭᠲᠡᠢ᠂ ᠳᠠᠷᠤᠢ ᠭᠡᠷ ᠪᠦᠯᠢ ᠪᠣᠯᠤᠭᠠᠳ ᠰᠤᠷᠭᠠᠭᠤᠯᠢ ᠶ᠋ᠢᠨ ᠬᠣᠭᠣᠷᠣᠨᠳᠣᠬᠢ ᠬᠠᠷᠢᠴᠠᠭ᠎ᠠ᠂ ᠡᠨᠡ ᠬᠣᠶᠠᠷ ᠤ᠋ᠨ ᠬᠠᠷᠢᠴᠠᠭ᠎ᠠ ᠪᠣᠯ ᠬᠣᠶᠠᠷ ᠲᠠᠯ᠎ᠠ ᠶ᠋ᠢᠨ ᠠᠵᠢᠯ ᠦᠢᠯᠡᠰ ᠪᠤᠶᠤ ᠭᠡᠷ ᠪᠦᠯᠢ ᠪᠠ ᠰᠤᠷᠭᠠᠭᠤᠯᠢ ᠡᠨᠡ ᠬᠣᠶᠠᠷ ᠲᠠᠯ᠎ᠠ ᠶ᠋ᠢᠨ ᠡᠭᠦᠷᠭᠡ ᠬᠠᠷᠢᠭᠤᠴᠠᠯᠭ᠎ᠠ ᠤᠴᠢᠷ ᠠ᠋ᠴᠠ ᠨᠢᠭᠡ ᠯᠡ ᠲᠠᠯ᠎ᠠ ᠶ᠋ᠢᠨ ᠵᠣᠭᠰᠣᠴᠠ ᠠ᠋ᠴᠠ ᠣᠴᠢᠵᠤ ᠦᠵᠡᠵᠦ ᠣᠢᠯᠠᠭᠠᠵᠤ ᠪᠣᠯᠬᠤ ᠦᠭᠡᠢ᠂ ᠤᠴᠢᠷ ᠨᠢ ᠶᠠᠭᠤᠨ ᠳ᠋ᠤ᠌ ᠢᠩᠭᠢᠵᠦ ᠬᠡᠯᠡᠨ᠎ᠡ ᠭᠡᠪᠡᠯ ᠭᠡᠷ ᠪᠦᠯᠢ ᠪᠣᠯ ᠭᠡᠷ ᠪᠦᠯᠢ ᠶ᠋ᠢᠨ ᠪᠡᠶ᠎ᠡ ᠪᠡᠨ ᠳᠠᠭᠠᠭᠠᠭᠰᠠᠨ ᠲᠡᠷᠡ ᠶᠣᠰᠣ ᠤᠴᠢᠷ ᠢ᠋ᠶ᠋ᠠᠷ ᠢ᠋ᠶ᠋ᠠᠨ ᠶᠠᠪᠤᠭᠳᠠᠨ᠎ᠠ᠃ ᠰᠤᠷᠭᠠᠭᠤᠯᠢ ᠪᠣᠯ ᠰᠤᠷᠭᠠᠭᠤᠯᠢ ᠶ᠋ᠢᠨ ᠢ᠋ᠶ᠋ᠡᠨ ᠲᠡᠷᠡ ᠡᠭᠦᠷᠭᠡ ᠬᠠᠷᠢᠭᠤᠴᠠᠯᠭ᠎ᠠ ᠪᠠᠷ ᠢ᠋ᠶ᠋ᠠᠨ ᠪᠢᠴᠢᠭ ᠵᠢᠭᠠᠳᠠᠭ ᠡᠭᠦᠷᠭᠡ ᠬᠠᠷᠢᠭᠤᠴᠠᠯᠭ᠎ᠠ ᠪᠠᠷ ᠢ᠋ᠶ᠋ᠠᠨ ᠭᠣᠣᠯ ᠪᠣᠯᠭᠠᠵᠤ ᠶᠠᠪᠤᠭᠳᠠᠨ᠎ᠠ᠃ ᠡᠨᠡ ᠬᠣᠶᠠᠷ ᠬᠣᠭᠣᠷᠣᠨᠳᠣ ᠪᠠᠨ ᠶᠠᠮᠠᠷ ᠬᠠᠷᠢᠴᠠᠭ᠎ᠠ ᠲᠠᠢ ᠪᠣᠢ? ᠶᠠᠭᠤᠨ ᠤ᠋ ᠡᠮᠦᠨ᠎ᠡ ᠡᠨᠡ ᠬᠣᠶᠠᠷ ᠬᠣᠭᠣᠷᠣᠨᠳᠣ ᠪᠠᠨ ᠪᠡᠶ᠎ᠡ ᠪᠡᠶ᠎ᠡ ᠪᠡᠨ ᠳᠠᠭᠠᠭᠠᠭᠰᠠᠨ ᠲᠤᠰᠬᠠᠢᠵᠢᠭᠰᠠᠨ ᠡᠢᠮᠦ ᠬᠣᠶᠠᠷ ᠠᠰᠲᠠᠭᠠᠨ ᠰᠤᠷᠭᠠᠨ ᠬᠥᠮᠦᠵᠢᠯ ᠦ᠋ᠨ ᠬᠦᠷᠢᠶ᠎ᠡ ᠬᠡᠪᠴᠢᠶ᠎ᠡ ᠭᠡᠵᠦ ᠦᠵᠡᠵᠦ ᠪᠣᠯᠤᠨ᠎ᠠ᠃ ᠪᠢ ᠳᠡᠭᠡᠷ᠎ᠡ ᠶᠠᠷᠢᠯ᠎ᠠ ᠰᠢᠳᠡ ᠰᠤᠷᠭᠠᠨ ᠬᠥᠮᠦᠵᠢᠯ ᠭᠡᠳᠡᠭ ᠤᠬᠠᠭᠳᠠᠬᠤᠨ ᠢ᠋᠂ ᠵᠠ ᠲᠡᠭᠡᠬᠦ ᠪᠡᠷ ᠢ᠋ᠶ᠋ᠡᠨ ᠭᠡᠷ ᠪᠦᠯᠢ ᠪᠣᠯ ᠭᠡᠷ ᠪᠦᠯᠢ ᠶ᠋ᠢᠨ ᠬᠢᠬᠦ ᠴᠢᠬᠤᠯᠠ ᠲᠠᠢ ᠠᠵᠢᠯᠯᠠᠭᠠᠨ ᠢ᠋ᠶ᠋ᠠᠨ ᠵᠠᠪᠠᠯ ᠭᠡᠷ ᠪᠦᠯᠢ ᠳ᠋ᠦ᠍ ᠪᠡᠨ ᠬᠢᠨ᠎ᠡ᠂ ᠰᠤᠷᠭᠠᠭᠤᠯᠢ ᠪᠣᠯ ᠰᠤᠷᠭᠠᠭᠤᠯᠢ ᠶ᠋ᠢᠨ ᠵᠢᠭᠠᠨ ᠰᠤᠷᠭᠠᠯᠲᠠ ᠪᠠᠨ ᠴᠢᠨᠦ ᠲᠡᠨᠳᠡ ᠣᠴᠢᠭᠰᠠᠨ ᠬᠡᠦᠬᠡᠳ ᠢ᠋ᠶ᠋ᠡᠨ ᠬᠥᠮᠦᠵᠢᠭᠦᠯᠬᠦ ᠲᠡᠷᠡ ᠭᠣᠣᠯ ᠠᠵᠢᠯ ᠳᠡᠭᠡᠷ᠎ᠡ ᠪᠡᠨ ᠲᠠᠯᠪᠢᠨ᠎ᠠ᠃ ᠢᠩᠭᠢᠬᠦ ᠪᠡᠷ ᠢ᠋ᠶ᠋ᠡᠨ ᠬᠣᠶᠠᠳᠤᠭᠠᠷ ᠠᠭᠤᠯᠭ᠎ᠠ ᠭᠠᠷᠴᠤ ᠢᠷᠡᠨ᠎ᠡ᠂ ᠳᠠᠷᠤᠢ ᠡᠨᠡ ᠬᠣᠶᠠᠷ ᠬᠣᠭᠣᠷᠣᠨᠳᠣ ᠪᠠᠨ ᠤᠶᠠᠯᠳᠤᠬᠤ ᠲᠠᠯ᠎ᠠ ᠪᠠᠷ ᠢ᠋ᠶ᠋ᠠᠨ ᠬᠡᠷᠬᠢᠨ ᠰᠢᠢᠳᠪᠦᠷᠢᠯᠡᠬᠦ ᠪᠣᠢ? ᠭᠡᠰᠡᠨ ᠠᠰᠠᠭᠤᠳᠠᠯ ᠭᠠᠷᠴᠤ ᠢᠷᠡᠨ᠎ᠡ᠃ ᠣᠨᠴᠠᠭᠠᠢᠯᠠᠨ ᠰᠤᠷᠭᠠᠭᠤᠯᠢ ᠶ᠋ᠢᠨ ᠲᠠᠯ᠎ᠠ ᠠ᠋ᠴᠠ ᠠᠪᠴᠤ ᠦᠵᠡᠪᠡᠯ ᠭᠡᠷ ᠦ᠋ᠨ ᠠᠬᠠᠮᠠᠳ ᠤ᠋ᠨ ᠬᠤᠷᠠᠯ ᠬᠢᠬᠦ ᠭᠡᠨ᠎ᠡ᠂ ᠭᠡᠷ ᠦ᠋ᠨ ᠠᠬᠠᠮᠠᠳ ᠢ᠋ ᠰᠤᠷᠪᠤᠯᠵᠢᠯᠠᠬᠤ ᠭᠡᠨ᠎ᠡ᠂ ᠡᠢᠮᠦ ᠠᠵᠢᠯᠯᠠᠭ᠎ᠠ ᠶ᠋ᠢ ᠶᠡᠷᠦ ᠳ᠋ᠦ᠍ ᠪᠡᠨ ᠬᠢᠳᠡᠭ᠃ ᠭᠡᠬᠦ ᠳ᠋ᠦ᠍ ᠪᠡᠨ ᠬᠢᠬᠦ ᠶᠠᠪᠤᠴᠠ ᠳ᠋ᠤ᠌ ᠪᠠᠨ ᠶᠠᠭᠤ ᠪᠠᠷ ᠭᠣᠣᠯ ᠪᠣᠯᠭᠠᠵᠤ ᠪᠠᠢᠨ᠎ᠠ ᠭᠡᠪᠡᠯ ᠮᠢᠨᠦ ᠣᠢᠯᠠᠭᠠᠵᠤ ᠪᠠᠢᠬᠤ ᠪᠠᠷ ᠳᠠᠰᠬᠠᠯ ᠳᠠᠭᠠᠭᠠᠯᠭᠠᠪᠤᠷᠢ ᠰᠢᠯᠭᠠᠯᠲᠠ ᠭᠡᠰᠡᠨ ᠶᠠᠭᠤᠮ᠎ᠠ ᠪᠠᠷ ᠭᠣᠣᠯ ᠪᠣᠯᠭᠠᠵᠤ ᠪᠠᠢᠨ᠎ᠠ᠃ ᠥᠭᠡᠷ᠎ᠡ ᠪᠡᠷ ᠬᠡᠯᠡᠪᠡᠯ ᠭᠡᠷ ᠦ᠋ᠨ ᠠᠬᠠᠮᠠᠳ ᠲᠠᠢ ᠬᠠᠷᠢᠯᠴᠠᠬᠤ ᠳ᠋ᠤ᠌ ᠪᠠᠨ ᠡᠨᠡ ᠬᠣᠶᠠᠷ ᠶᠠᠭᠤᠮ᠎ᠠ ᠶ᠋ᠢ ᠭᠣᠣᠯ ᠪᠣᠯᠭᠠᠵᠤ ᠪᠠᠢᠨ᠎ᠠ᠂ ᠨᠢᠭᠡ ᠨᠢ ᠰᠢᠯᠭᠠᠯᠲᠠ ᠶ᠋ᠢᠨ ᠦᠷ᠎ᠡ ᠳ᠋ᠦᠩ᠂ ᠨᠥᠭᠦᠭᠡ ᠨᠢ ᠳᠠᠰᠬᠠᠯ ᠳᠠᠭᠠᠭᠠᠯᠭᠠᠪᠤᠷᠢ᠃ ᠣᠨᠴᠠᠭᠠᠢᠯᠠᠨ ᠣᠢᠷ᠎ᠠ ᠶ᠋ᠢᠨ ᠵᠢᠯ ᠦ᠋ᠳ ᠦ᠋ᠨ ᠪᠠᠢᠳᠠᠯ ᠢ᠋ᠶ᠋ᠠᠷ ᠦᠵᠡᠪᠡᠯ ᠳᠠᠰᠬᠠᠯ ᠭᠡᠰᠡᠨ ᠶᠠᠭᠤᠮ᠎ᠠ ᠶᠡᠬᠡ ᠶᠠᠭᠤᠮ᠎ᠠ ᠪᠣᠯᠵᠤ ᠪᠠᠢᠨ᠎ᠠ᠂ ᠥᠭᠡᠷ᠎ᠡ ᠪᠡᠷ ᠬᠡᠯᠡᠪᠡᠯ᠂ ᠭᠡᠷ ᠦ᠋ᠨ ᠠᠬᠠᠮᠠᠳ ᠤ᠋ᠨ ᠲᠣᠯᠣᠭᠠᠢ ᠶ᠋ᠢ ᠡᠪᠡᠳᠬᠡᠵᠦ ᠪᠠᠢᠭ᠎ᠠ᠂ ᠬᠡᠦᠬᠡᠳ ᠦ᠋ᠨ ᠲᠣᠯᠣᠭᠠᠢ ᠶ᠋ᠢ ᠡᠪᠡᠳᠬᠡᠵᠦ ᠪᠠᠢᠭ᠎ᠠ᠂ ᠭᠡᠷ ᠪᠦᠯᠢ ᠳ᠋ᠦ᠍ ᠣᠴᠢᠭᠠᠳ ᠪᠠᠷᠤᠭ ᠥᠭᠡᠷ᠎ᠡ ᠶᠠᠭᠤᠮ᠎ᠠ ᠦᠭᠡᠢ᠂ ᠡᠳᠦᠷ ᠰᠥᠨᠢ ᠦᠭᠡᠢ ᠶᠠᠭ ᠳᠠᠰᠬᠠᠯ᠂ ᠡᠨᠳᠡ ᠶᠠᠮᠠᠷ ᠠᠰᠠᠭᠤᠳᠠᠯ ᠪᠣᠯᠵᠤ ᠪᠠᠢᠨ᠎ᠠ? ᠭᠡᠪᠡᠯ ᠬᠣᠶᠠᠷ ᠶᠠᠭᠤᠮ᠎ᠠ ᠶ᠋ᠢ ᠵᠠᠪᠠᠯ ᠲᠣᠳᠣᠷᠬᠠᠢ ᠪᠣᠯᠭᠠᠨ᠎ᠠ᠂ ᠨᠢᠭᠡ ᠨᠢ ᠰᠤᠷᠭᠠᠭᠤᠯᠢ ᠰᠤᠷᠭᠠᠭᠤᠯᠢ ᠳ᠋ᠤ᠌ ᠪᠠᠨ ᠬᠢᠬᠦ ᠠᠵᠢᠯ ᠢ᠋ᠶ᠋ᠠᠨ ᠰᠤᠷᠭᠠᠭᠤᠯᠢ ᠳ᠋ᠤ᠌ ᠪᠠᠨ ᠬᠢᠨ᠎ᠡ᠂ ᠪᠠᠭᠰᠢ ᠬᠥᠮᠦᠨ ᠭᠡᠳᠡᠭ ᠴᠢᠨᠢ ᠰᠤᠷᠭᠠᠭᠤᠯᠢ ᠳ᠋ᠤ᠌ ᠪᠠᠨ ᠵᠢᠭᠠᠬᠤ ᠶᠠᠭᠤᠮ᠎ᠠ ᠪᠠᠨ ᠵᠢᠭᠠᠨ᠎ᠠ ᠰᠢᠳᠡ᠂ ᠥᠪᠡᠷ ᠦ᠋ᠨ ᠬᠢᠭᠰᠡᠨ ᠠᠵᠢᠯ ᠢ᠋ᠶ᠋ᠠᠨ ᠥᠪᠡᠷ ᠢ᠋ᠶ᠋ᠡᠨ ᠪᠠᠢᠴᠠᠭᠠᠨ᠎ᠠ ᠰᠢᠳᠡ᠂ ᠡᠨᠡ ᠴᠢᠨᠢ ᠮᠠᠨ ᠤ᠋ ᠪᠠᠭᠰᠢ ᠬᠥᠮᠦᠨ ᠦ᠌ ᠬᠠᠮᠤᠭ ᠨᠠᠭᠠᠳᠤ ᠵᠠᠬ᠎ᠠ ᠶ᠋ᠢᠨ ᠡᠭᠦᠷᠭᠡ ᠬᠠᠷᠢᠭᠤᠴᠠᠯᠭ᠎ᠠ ᠰᠢᠲᠠ᠂ ᠴᠢ ᠡᠭᠦᠨ ᠢ᠋ᠶ᠋ᠡᠨ ᠭᠡᠷ ᠲᠦ᠍ ᠨᠢ ᠥᠭᠴᠦ ᠶᠠᠪᠤᠭᠤᠯᠴᠢᠬᠠᠭᠠᠳ ᠭᠡᠷ ᠦ᠋ᠨ ᠠᠬᠠᠮᠠᠳ ᠢ᠋ᠶ᠋ᠠᠷ ᠣᠴᠢᠵᠤ ᠬᠢᠯᠭᠡᠬᠦ ᠴᠢᠨᠢ ᠨᠢᠭᠡᠳᠦᠭᠡᠷ ᠲᠦ᠍᠂ ᠡᠨᠡ ᠪᠣᠯ ᠪᠠᠭᠰᠢ ᠶ᠋ᠢᠨ ᠬᠠᠷᠢᠭᠤᠴᠠᠯᠭ᠎ᠠ ᠶ᠋ᠢᠨ ᠠᠰᠠᠭᠤᠳᠠᠯ᠂ ᠬᠣᠶᠠᠷ ᠲᠤ᠌ ᠡᠢᠮᠦ ᠨᠢᠭᠡ ᠬᠡᠯᠪᠡᠷᠢ ᠪᠣᠯ ᠬᠠᠤᠯᠢ ᠲᠣᠭᠲᠠᠭᠠᠯ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠠᠬᠢᠭᠤᠯᠬᠤ ᠬᠠᠤᠯᠢ ᠪᠠᠷ ᠠᠪᠴᠤ ᠦᠵᠡᠪᠡᠯ ᠴᠢ ᠪᠣᠯ ᠬᠥᠮᠦᠨ ᠦ᠌ ᠭᠡᠷ ᠪᠦᠯᠢ ᠶ᠋ᠢᠨ ᠰᠤᠷᠭᠠᠨ ᠬᠥᠮᠦᠵᠢᠯ ᠦ᠋ᠨ ᠴᠠᠭ ᠪᠠ ᠣᠷᠣᠨ ᠵᠠᠢ ᠶ᠋ᠢ ᠱᠠᠮᠰᠢᠵᠤ ᠪᠠᠢᠨ᠎ᠠ᠃ ᠬᠡᠨ ᠱᠠᠮᠰᠢᠵᠤ ᠪᠠᠢᠨ᠎ᠠ ᠪᠣᠢ? ᠶᠡᠬᠡ ᠪᠡᠷ ᠬᠡᠯᠡᠪᠡᠯ ᠰᠤᠷᠭᠠᠭᠤᠯᠢ ᠱᠠᠮᠰᠢᠵᠤ ᠪᠠᠢᠨ᠎ᠠ᠂ ᠬᠣᠶᠠᠳᠤᠭᠠᠷ ᠲᠤ᠌ ᠪᠠᠭᠰᠢ ᠱᠠᠮᠰᠢᠵᠤ ᠪᠠᠢᠨ᠎ᠠ᠃ ᠴᠢᠨᠦ ᠲᠡᠷᠡ ᠲᠥᠷᠥᠯ ᠦ᠋ᠨ ᠬᠢᠴᠢᠶᠡᠯ ᠦ᠋ᠨ ᠳᠠᠰᠬᠠᠯ ᠢ᠋ ᠬᠢᠬᠦ ᠡᠴᠡ ᠪᠣᠯᠵᠤ ᠵᠢᠩᠬᠢᠨᠢ ᠭᠡᠷ ᠪᠦᠯᠢ ᠳ᠋ᠦ᠍ ᠪᠡᠨ ᠬᠢᠬᠦ ᠰᠤᠷᠭᠠᠨ ᠬᠥᠮᠦᠵᠢᠯ ᠶᠠᠪᠤᠭᠳᠠᠬᠤ ᠦᠭᠡᠢ ᠪᠣᠯᠴᠢᠬᠠᠨ᠎ᠠ᠃ ᠡᠢᠮᠦ ᠴᠠᠭ ᠦᠭᠡᠢ᠂ ᠣᠳᠣ ᠲᠡᠷᠡ ᠳᠠᠰᠬᠠᠯ ᠲᠠᠢ ᠨᠣᠣᠷᠤᠭᠠᠳ ᠲᠠᠭᠠᠷᠠᠵᠤ ᠪᠠᠢᠬᠤ ᠴᠢᠨᠢ᠂ ᠡᠢᠮᠦ ᠪᠡᠷ ᠢ᠋ᠶ᠋ᠡᠨ ᠪᠠᠰᠠ ᠨᠢᠭᠡ ᠠᠶᠤᠮᠰᠢᠭᠲᠠᠢ ᠠᠰᠠᠭᠤᠳᠠᠯ᠃ ᠶᠠᠭᠠᠬᠢᠭᠠᠳ ᠡᠢᠮᠦ ᠪᠣᠯᠵᠤ ᠪᠠᠢᠨ᠎ᠠ ᠤᠤ? ᠪᠢ ᠪᠠᠰᠠ ᠥᠨᠥ ᠬᠡᠯᠡᠵᠦ ᠳᠡᠢᠯᠬᠦ ᠦᠭᠡᠢ᠂ ᠤᠴᠢᠷ ᠨᠢ ᠮᠠᠨᠤᠰ ᠶᠡᠷᠦ ᠢᠩᠭᠢᠵᠦ ᠬᠢᠵᠦ ᠪᠠᠢᠭᠰᠠᠨ ᠦᠭᠡᠢ᠂ ᠪᠢ ᠶᠡᠷᠦ ᠨᠢ ᠳᠥᠴᠢᠨ ᠵᠢᠯ ᠠᠵᠢᠯᠯᠠᠭᠠᠳ ᠮᠢᠨᠦ ᠡᠨᠡ ᠳᠠᠰᠬᠠᠯ ᠢ᠋ ᠭᠡᠷ ᠲᠦ᠍ ᠪᠡᠨ ᠬᠠᠷᠢᠭᠠᠳ ᠬᠢᠭᠡᠳ ᠭᠡᠷ ᠦ᠋ᠨ ᠠᠬᠠᠮᠠᠳ ᠢ᠋ᠶ᠋ᠠᠷ ᠢ᠋ᠶ᠋ᠠᠨ ᠬᠢᠨᠠᠭᠤᠯᠤᠭᠠᠳ ᠭᠠᠷ ᠤ᠋ᠨ ᠦᠰᠦᠭ ᠵᠢᠷᠤᠭᠤᠯᠤᠭᠠᠳ ᠠᠪᠤᠭᠠᠳ ᠢᠷ᠎ᠡ ᠭᠡᠰᠡᠨ ᠦᠭᠡ ᠶ᠋ᠢ ᠨᠡᠢᠭᠡᠮ ᠡᠴᠡ ᠲᠠ ᠠᠰᠠᠭᠤᠵᠤ ᠦᠵᠡ! ᠥᠨᠥ ᠡᠢᠮᠦ ᠶᠠᠭᠤᠮ᠎ᠠ ᠠᠷᠪᠢᠳᠴᠤ ᠪᠠᠢᠨ᠎ᠠ᠂ ᠶᠠᠭᠠᠬᠢᠭᠠᠳ ᠡᠢᠮᠦ ᠪᠣᠯᠤᠭᠰᠠᠨ ᠢ᠋ ᠪᠢ ᠪᠠᠰᠠ ᠮᠡᠳᠡᠬᠦ ᠦᠭᠡᠢ᠃ ᠢᠩᠭᠢᠬᠦ ᠪᠡᠷ ᠢ᠋ᠶ᠋ᠡᠨ ᠡᠨᠡ ᠪᠣᠯ ᠨᠢᠭᠡᠨ ᠠᠶᠤᠮᠰᠢᠭᠲᠠᠢ ᠠᠰᠠᠭᠤᠳᠠᠯ᠂ ᠰᠤᠷᠭᠠᠨ ᠬᠥᠮᠦᠵᠢᠯ ᠳ᠋ᠦ᠍ ᠪᠠᠢᠵᠤ ᠪᠣᠯᠣᠰᠢ ᠦᠭᠡᠢ ᠠᠰᠠᠭᠤᠳᠠᠯ᠂ ᠢᠩᠭᠢᠬᠦ ᠪᠡᠷ ᠢ᠋ᠶ᠋ᠡᠨ ᠰᠤᠷᠭᠠᠭᠤᠯᠢ ᠪᠣᠯᠤᠭᠠᠳ ᠭᠡᠷ ᠪᠦᠯᠢ ᠶ᠋ᠢᠨ ᠬᠣᠭᠣᠷᠣᠨᠳᠣ ᠪᠠᠨ ᠬᠠᠷᠢᠯᠴᠠᠭ᠎ᠠ ᠪᠠᠨ ᠰᠠᠢᠵᠢᠷᠠᠭᠤᠯᠤᠶ᠎ᠠ ᠭᠡᠪᠡᠯ ᠶᠠᠭᠠᠬᠢᠬᠤ ᠬᠡᠷᠡᠭᠲᠡᠢ ᠪᠣᠢ? ᠵᠢᠱ᠌ᠢᠶᠡᠯᠡᠪᠡᠯ᠂ ᠨᠢᠭᠡ ᠠᠩᠭᠢ ᠡᠷᠬᠢᠯᠡᠭᠴᠢ ᠪᠡᠷ ᠬᠡᠯᠡᠪᠡᠯ ᠬᠡᠦᠬᠡᠳ ᠦ᠋ᠨ ᠢ᠋ᠶ᠋ᠡᠨ ᠲᠤᠬᠠᠢ ᠣᠢᠯᠠᠭᠠᠶ᠎ᠠ ᠭᠡᠪᠡᠯ ᠭᠡᠷ ᠦ᠋ᠨ ᠠᠬᠠᠮᠠᠳ ᠲᠠᠢ ᠬᠠᠷᠢᠴᠠᠭᠠᠳ ᠶᠠᠭᠤ ᠶ᠋ᠢ ᠣᠢᠯᠠᠭᠠᠨ᠎ᠠ? ᠭᠡᠷ ᠪᠦᠯᠢ ᠳ᠋ᠦ᠍ ᠪᠡᠨ ᠶᠠᠮᠠᠷ ᠪᠠᠢᠳᠠᠯ ᠲᠠᠢ ᠪᠠᠢᠬᠤ ᠪᠣᠢ᠂ ᠭᠡᠷ ᠪᠦᠯᠢ ᠨᠢ ᠶᠠᠮᠠᠷ ᠰᠢᠦ ᠭᠡᠷ ᠪᠦᠯᠢ ᠪᠣᠢ? ᠠᠪᠤ ᠡᠵᠢ ᠨᠢ ᠶᠠᠮᠠᠷ ᠰᠢᠦ ᠣᠨᠴᠠᠯᠢᠭ ᠲᠠᠢ ᠪᠣᠢ? ᠶᠠᠮᠠᠷ ᠠᠵᠢᠯ ᠲᠥᠷᠥᠯ ᠡᠷᠬᠢᠯᠡᠵᠦ ᠪᠠᠢᠬᠤ ᠪᠣᠢ? ᠠᠮᠢᠳᠤᠷᠠᠯ ᠤ᠋ᠨ ᠬᠢᠨ ᠰᠠᠭᠤᠷᠢ ᠳᠦᠭᠦᠷᠦᠮᠵᠢ ᠨᠢ ᠶᠠᠮᠠᠷ ᠵᠡᠷᠭᠡ ᠪᠣᠢ? ᠢᠩᠭᠢᠪᠡᠯ ᠬᠡᠳᠦᠨ ᠬᠡᠦᠬᠡᠳ ᠲᠡᠢ ᠪᠣᠢ? ᠬᠡᠦᠬᠡᠳ ᠢ᠋ᠶ᠋ᠡᠨ ᠶᠠᠭᠠᠬᠢᠵᠤ ᠬᠥᠮᠦᠵᠢᠭᠦᠯᠳᠡᠭ ᠪᠣᠢ? ᠡᠢᠮᠦ ᠵᠦᠢᠯᠡᠰ ᠢ᠋ ᠣᠢᠯᠠᠭᠠᠵᠤ ᠠᠪᠤᠨ᠎ᠠ᠂ ᠪᠠᠭᠰᠢ ᠨᠠᠷ᠃ ᠡᠳᠡᠭᠡᠷ ᠢ᠋ ᠣᠢᠯᠠᠭᠠᠵᠤ ᠠᠪᠤᠭᠠᠳ ᠰᠣᠯᠢᠯᠴᠠᠭ᠎ᠠ ᠪᠠᠨ ᠨᠢᠭᠲᠠᠷᠠᠭᠤᠯᠤᠨ᠎ᠠ᠃ ᠡᠨᠡ ᠨᠢ ᠬᠠᠷᠢᠨ ᠴᠢᠨᠦ ᠰᠤᠷᠭᠠᠭᠤᠯᠢ ᠶ᠋ᠢᠨ ᠴᠢᠨᠢ ᠬᠦᠷᠢᠶ᠎ᠡ ᠬᠡᠪᠴᠢᠶ᠎ᠡ ᠳ᠋ᠦ᠍ ᠣᠴᠢᠭᠠᠳ ᠰᠤᠷᠭᠠᠭᠤᠯᠢ ᠶ᠋ᠢᠨ ᠬᠣᠷᠢᠶᠠᠨ ᠳ᠋ᠤ᠌ ᠣᠴᠢᠭᠠᠳ ᠪᠢᠴᠢᠭ ᠰᠤᠷᠬᠤ ᠦᠶ᠎ᠡ ᠳ᠋ᠦ᠍ ᠵᠠᠢᠯᠠᠭᠤᠯᠵᠤ ᠪᠣᠯᠣᠰᠢ ᠦᠭᠡᠢ ᠨᠢᠭᠡ ᠰᠠᠭᠤᠷᠢ ᠰᠤᠷᠭᠠᠨ ᠬᠥᠮᠦᠵᠢᠯ ᠮᠥᠨ᠃ ᠴᠢ ᠡᠭᠦᠨ ᠢ᠋ ᠰᠠᠢᠬᠠᠨ ᠬᠦᠨᠳᠦᠳᠬᠡᠭᠡᠳ ᠭᠡᠷ ᠦ᠋ᠨ ᠠᠬᠠᠮᠠᠳ ᠲᠠᠢ ᠬᠠᠮᠵᠢᠵᠤ ᠬᠢᠭᠡᠳ ᠴᠢᠳᠠᠪᠠᠯ ᠴᠢᠨᠦ ᠲᠡᠷᠡ ᠠᠩᠭᠢ ᠶ᠋ᠢᠨ ᠴᠢᠨᠢ ᠰᠤᠷᠤᠭᠴᠢᠳ ᠯᠠᠪᠲᠠᠢ ᠪᠢᠴᠢᠭ ᠰᠤᠷᠬᠤ ᠤᠷᠮ᠎ᠠ ᠵᠣᠷᠢᠭ᠂ ᠪᠢᠴᠢᠭ ᠰᠤᠷᠬᠤ ᠬᠢᠷᠢ ᠬᠡᠮᠵᠢᠶ᠎ᠡ᠂ ᠳᠠᠰᠬᠠᠯ ᠳᠠᠭᠠᠭᠠᠯᠭᠠᠪᠤᠷᠢ ᠬᠢᠬᠦ ᠳ᠋ᠦ᠍ ᠬᠥᠮᠦᠨ ᠢ᠋ᠶ᠋ᠡᠷ ᠱᠠᠭᠠᠷᠳᠠᠭᠤᠯᠬᠤ ᠶᠠᠭᠤᠮ᠎ᠠ ᠪᠢᠰᠢ᠃ ᠲᠡᠳᠡ ᠠᠶᠠᠨᠳᠠᠭᠠᠨ ᠰᠤᠷᠬᠤ ᠭᠡᠰᠡᠨ ᠶᠠᠭᠤᠮ᠎ᠠ ᠪᠠᠨ ᠰᠤᠷᠳᠠᠭ᠃ ᠡᠢᠮᠦ ᠬᠡᠮᠵᠢᠶᠡᠨ ᠳ᠋ᠦ᠍ ᠬᠦᠷᠴᠦ ᠳᠡᠢᠯᠦᠨ᠎ᠡ ᠰᠢᠲᠠ᠃ ᠢᠩᠭᠢᠬᠦ ᠪᠡᠷ ᠢ᠋ᠶ᠋ᠡᠨ ᠰᠤᠷᠭᠠᠭᠤᠯᠢ ᠶ᠋ᠢᠨ ᠰᠤᠷᠭᠠᠨ ᠬᠥᠮᠦᠵᠢᠯ ᠪᠠ ᠭᠡᠷ ᠪᠦᠯᠢ ᠶ᠋ᠢᠨ ᠰᠤᠷᠭᠠᠨ ᠬᠥᠮᠦᠵᠢᠯ ᠬᠣᠭᠣᠷᠣᠨᠳᠣ ᠪᠠᠨ ᠵᠠᠪᠠᠯ ᠵᠠᠭᠠᠭ ᠱᠤᠭᠤᠮ ᠢ᠋ᠶ᠋ᠠᠨ ᠲᠣᠳᠣᠷᠬᠠᠢ ᠪᠣᠯᠭᠠᠨ᠎ᠠ᠃ ᠥᠪᠡᠷ ᠥᠪᠡᠷ ᠦ᠋ᠨ ᠢ᠋ᠶ᠋ᠡᠨ ᠣᠷᠣᠨ ᠪᠠᠢᠷᠢ ᠪᠠᠨ ᠲᠣᠳᠣᠷᠬᠠᠢ ᠪᠣᠯᠭᠠᠨ᠎ᠠ᠃ ᠥᠪᠡᠷ ᠥᠪᠡᠷ ᠦ᠋ᠨ ᠬᠢᠬᠦ ᠠᠵᠢᠯ ᠤ᠋ᠨ ᠭᠣᠣᠯᠳᠠᠯᠭ᠎ᠠ ᠪᠠᠨ ᠲᠣᠳᠣᠷᠬᠠᠢ ᠪᠣᠯᠭᠠᠨ᠎ᠠ᠃ ᠬᠠᠷᠢᠨ ᠭᠡᠷ ᠪᠦᠯᠢ ᠨᠢ ᠰᠤᠷᠭᠠᠭᠤᠯᠢ ᠶ᠋ᠢᠨ ᠰᠤᠷᠭᠠᠨ ᠬᠥᠮᠦᠵᠢᠯ ᠢ᠋ ᠡᠵᠡᠮᠰᠢᠬᠦ ᠭᠡᠵᠦ ᠣᠷᠣᠯᠳᠣᠬᠤ ᠶᠤᠮ ᠤᠤ ᠡᠰᠡᠪᠡᠯ ᠰᠤᠷᠭᠠᠭᠤᠯᠢ ᠨᠢ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠴᠠᠭ ᠪᠤᠶᠤ ᠣᠷᠣᠨ ᠵᠠᠢ ᠶ᠋ᠢ ᠨᠢ ᠡᠵᠡᠮᠰᠢᠴᠢᠬᠡᠬᠦ ᠨᠢ ᠪᠦᠷ ᠰᠤᠷᠭᠠᠨ ᠬᠥᠮᠦᠵᠢᠯ ᠦ᠋ᠨ ᠵᠢᠩᠬᠢᠨᠢ ᠵᠢᠭᠠᠯᠲᠠ ᠳ᠋ᠤ᠌ ᠪᠦᠷ ᠵᠣᠬᠢᠴᠠᠬᠤ ᠦᠭᠡᠢ᠃ ᠡᠢᠮᠦ ᠪᠣᠯᠵᠠᠢ᠃ ᠲᠡᠭᠡᠬᠦ ᠪᠡᠷ ᠢ᠋ᠶ᠋ᠡᠨ ᠡᠳᠡᠭᠡᠷ ᠵᠦᠢᠯ ᠢ᠋ ᠪᠢ ᠦᠵᠡᠪᠡᠯ ᠮᠠᠨ ᠤ᠋ ᠬᠢᠨ ᠠᠩᠬᠠᠷᠤᠯ ᠳ᠋ᠤ᠌ ᠪᠠᠨ ᠠᠪᠬᠤ ᠦᠭᠡᠢ ᠪᠣᠯᠬᠤ ᠦᠭᠡᠢ᠃ ᠣᠨᠴᠠᠭᠠᠢᠯᠠᠨ ᠮᠠᠨ ᠤ᠋ ᠠᠷᠤ ᠬᠣᠷᠴᠢᠨ ᠤ᠋ ᠦᠨᠳᠦᠰᠦᠲᠡᠨ ᠦ᠌ ᠰᠤᠷᠭᠠᠨ ᠬᠥᠮᠦᠵᠢᠯ ᠤᠤᠯ ᠠ᠋ᠴᠠ ᠪᠠᠨ ᠶᠡᠬᠡ ᠯᠠᠪᠳᠠᠭᠤᠨ ᠬᠥᠭᠵᠢᠵᠦ ᠢᠷᠡᠵᠡᠢ᠂ ᠲᠡᠭᠡᠪᠡᠯ ᠪᠢᠳᠡ ᠡᠨᠡ ᠰᠠᠭᠤᠷᠢᠨ ᠳᠡᠭᠡᠷ᠎ᠡ ᠪᠡᠨ ᠤᠯᠠᠮᠵᠢᠯᠠᠯᠲᠤ ᠵᠤᠷᠰᠢᠯ ᠢ᠋ᠶ᠋ᠠᠨ ᠰᠠᠢᠬᠠᠨ ᠪᠡᠬᠢᠵᠢᠭᠦᠯᠬᠦ ᠦᠭᠡᠢ ᠪᠣᠯᠬᠤ ᠦᠭᠡᠢ᠃ ᠢᠩᠭᠢᠪᠡᠯ ᠰᠠᠶᠢ ᠮᠠᠨ ᠤ᠋ ᠰᠤᠷᠭᠠᠨ ᠬᠥᠮᠦᠵᠢᠯ ᠪᠣᠯ ᠵᠢᠩᠬᠢᠨᠢ ᠣᠷᠣᠨ ᠵᠠᠢ ᠪᠠᠨ ᠣᠯᠵᠤ ᠴᠢᠳᠠᠭᠠᠳ ᠭᠡᠷ ᠪᠦᠯᠢ ᠵᠢᠴᠢ ᠰᠤᠷᠭᠠᠭᠤᠯᠢ ᠶ᠋ᠢᠨ ᠬᠣᠭᠣᠷᠣᠨᠳᠣ ᠬᠢ ᠣᠢᠯᠠᠭᠠᠯᠴᠠᠭ᠎ᠠ ᠪᠠᠨ ᠨᠢᠭᠡᠳᠬᠡᠵᠦ ᠴᠢᠳᠠᠨ᠎ᠠ᠃ 
   ᠡᠭᠦᠨ ᠳ᠋ᠦ᠍ ᠪᠢᠴᠢᠭ ᠵᠢᠭᠠᠬᠤ ᠪᠠ ᠰᠣᠶᠣᠯ ᠡᠨᠡ ᠬᠣᠶᠠᠷ ᠤᠬᠠᠭᠳᠠᠬᠤᠨ ᠢ᠋ ᠪᠠᠰᠠ ᠲᠣᠳᠣᠷᠬᠠᠢ ᠪᠣᠯᠭᠠᠬᠤ ᠴᠢᠬᠤᠯᠠ ᠲᠠᠢ᠃ 
   ᠰᠤᠷᠭᠠᠭᠤᠯᠢ ᠭᠡᠳᠡᠭ ᠶᠠᠭᠤᠮ᠎ᠠ ᠪᠣᠯ ᠪᠢᠴᠢᠭ ᠵᠢᠭᠠᠵᠤ ᠪᠠᠢᠨ᠎ᠠ᠂ ᠡᠨᠡ ᠪᠣᠯ ᠭᠣᠣᠯ᠂ ᠥᠭᠡᠷ᠎ᠡ ᠪᠡᠷ ᠬᠡᠯᠡᠪᠡᠯ ᠰᠤᠷᠭᠠᠭᠤᠯᠢ ᠶ᠋ᠢᠨ ᠠᠵᠢᠯ ᠤ᠋ᠨ ᠭᠣᠣᠯᠳᠠᠯᠭ᠎ᠠ ᠨᠢ ᠪᠢᠴᠢᠭ ᠵᠢᠭᠠᠨ᠎ᠠ᠃ ᠰᠣᠶᠣᠯ ᠭᠡᠳᠡᠭ ᠶᠠᠭᠤᠮ᠎ᠠ ᠶ᠋ᠢ ᠭᠡᠷ ᠪᠦᠯᠢ ᠳ᠋ᠦ᠍ ᠰᠤᠷᠤᠨ᠎ᠠ᠃ ᠡᠨᠡ ᠬᠣᠶᠠᠷ ᠨᠢᠭᠡ ᠶᠠᠭᠤᠮ᠎ᠠ ᠪᠢᠰᠢ ᠰᠢᠦ᠂ ᠣᠳᠣ ᠡᠨᠡ ᠶᠠᠭᠤᠮ᠎ᠠ ᠶ᠋ᠢ ᠬᠤᠳᠬᠤᠯᠳᠤᠭᠤᠯᠵᠤ ᠪᠠᠢᠨ᠎ᠠ᠃ ᠲᠡᠭᠡᠪᠡᠯ ᠰᠣᠶᠣᠯ ᠭᠡᠳᠡᠭ ᠶᠠᠭᠤᠮ᠎ᠠ ᠶ᠋ᠢ ᠶᠠᠭᠤᠨ ᠳ᠋ᠤ᠌ ᠭᠡᠷ ᠲᠦ᠍ ᠰᠤᠷᠤᠨ᠎ᠠ? ᠭᠡᠷ ᠪᠦᠯᠢ ᠳ᠋ᠦ᠍ ᠵᠢᠭᠠᠨ᠎ᠠ ᠭᠡᠵᠦ ᠬᠡᠯᠡᠨ᠎ᠡ ᠪᠣᠢ? ᠳᠠᠷᠤᠢ ᠰᠣᠶᠣᠯ ᠪᠣᠯ ᠬᠥᠮᠦᠨ ᠦ᠌ ᠮᠥᠰᠥ ᠴᠢᠨᠠᠷ ᠲᠤ᠌ ᠪᠠᠢᠭ᠎ᠠ ᠬᠥᠮᠦᠨ ᠦ᠌ ᠴᠢᠰᠤᠨ ᠳ᠋ᠤ᠌ ᠤᠷᠤᠰᠴᠤ ᠪᠠᠢᠭ᠎ᠠ ᠬᠥᠮᠦᠨ ᠦ᠌ ᠡᠰ ᠲᠦ᠍ ᠰᠢᠩᠭᠡᠵᠦ ᠪᠠᠢᠭ᠎ᠠ ᠲᠡᠢᠮᠦ ᠨᠢᠭᠡ ᠵᠦᠢᠯ ᠦ᠋ᠨ ᠤᠬᠠᠮᠰᠠᠷ ᠣᠢᠯᠠᠭᠠᠭᠳᠠᠬᠤᠨ᠃ ᠪᠢ ᠡᠭᠦᠨ ᠢ᠋ ᠳᠥᠭᠥᠮ ᠶᠠᠷᠢᠴᠢᠬᠠᠶ᠎ᠠ᠂ ᠡᠨᠡ ᠡᠳᠦᠷ ᠲᠤᠰᠬᠠᠢ ᠰᠣᠶᠣᠯ ᠭᠡᠳᠡᠭ ᠢ᠋ ᠲᠤᠰᠬᠠᠢ ᠲᠠᠢᠯᠪᠤᠷᠢᠯᠠᠵᠤ ᠪᠠᠢᠬᠤ ᠦᠭᠡᠢ ᠤᠴᠢᠷ ᠠ᠋ᠴᠠ ᠡᠭᠦᠨ ᠢ᠋ ᠨᠠᠷᠢᠨ ᠳᠡᠯᠭᠡᠬᠦ ᠦᠭᠡᠢ᠃ ᠰᠣᠶᠣᠯ ᠭᠡᠳᠡᠭ ᠤᠬᠠᠮᠰᠠᠷ ᠨᠢ ᠶᠡᠬᠡ ᠲᠣᠮᠣ ᠶᠠᠭᠤᠮ᠎ᠠ᠃ ᠤᠴᠢᠷ ᠨᠢ ᠮᠠᠨ ᠤ᠋ ᠮᠣᠩᠭᠣᠯ ᠦᠨᠳᠦᠰᠦᠲᠡᠨ ᠪᠣᠯ ᠨᠡᠭᠦᠳᠡᠯ ᠰᠣᠶᠣᠯᠲᠠᠨ ᠰᠢᠳᠡ᠂ ᠮᠠᠨ ᠤ᠋ ᠨᠡᠭᠦᠳᠡᠯ ᠰᠣᠶᠣᠯ ᠤ᠋ᠨ ᠲᠣᠮᠣ ᠬᠦᠷᠢᠶ᠎ᠡ ᠬᠡᠪᠴᠢᠶᠡᠨ ᠳ᠋ᠦ᠍ ᠪᠠᠢᠭ᠎ᠠ ᠠᠭᠤᠤ ᠶᠡᠬᠡ ᠦᠢᠯᠡᠰ ᠨᠢ ᠭᠡᠷ ᠪᠦᠯᠢ ᠪᠡᠷ ᠯᠠ ᠳᠡᠮᠵᠢᠵᠦ ᠰᠠᠶᠢ ᠪᠡᠶᠡᠯᠡᠭᠳᠡᠨ᠎ᠡ᠃ ᠵᠢᠱ᠌ᠢᠶᠡᠯᠡᠪᠡᠯ᠂ ᠡᠬᠡ ᠶ᠋ᠢᠨ ᠰᠤᠷᠭᠠᠯ᠃ ᠡᠬᠡ ᠬᠥᠮᠦᠨ ᠬᠡᠦᠬᠡᠨ ᠢ᠋ᠶ᠋ᠡᠨ ᠰᠤᠷᠭᠠᠳᠠᠭ ᠲᠡᠷᠡ ᠬᠦ᠌ ᠡᠭᠦᠷᠭᠡ ᠬᠠᠷᠢᠭᠤᠴᠠᠯᠭ᠎ᠠ᠂ ᠮᠠᠨ ᠤ᠋ ᠮᠣᠩᠭᠣᠯᠴᠤᠳ ᠤ᠋ᠨ ᠨᠡᠷᠡᠲᠦ ᠬᠠᠲᠤᠳ ᠠᠯᠤᠩᠭᠤᠸ᠎ᠠ ᠡᠬᠡ᠂ ᠥᠭᠡᠯᠦᠨ ᠬᠠᠲᠤᠨ᠂ ᠪᠥᠷᠲᠡ ᠬᠠᠲᠤᠨ᠂ ᠰᠤᠷᠬᠠᠭᠲᠠᠨᠢ ᠪᠡᠬᠢ ᠬᠠᠲᠤᠨ ᠵᠡᠷᠭᠡ ᠠᠯᠳᠠᠷᠲᠤ ᠬᠠᠲᠤᠳ ᠤ᠋ᠨ ᠬᠢᠵᠦ ᠢᠷᠡᠭᠰᠡᠨ ᠲᠡᠦᠬᠡ ᠶ᠋ᠢ ᠮᠠᠨᠤᠰ ᠪᠦᠷ ᠮᠡᠳᠡᠨ᠎ᠡ ᠰᠢᠳᠡ᠃ ᠡᠭᠦᠨ ᠳ᠋ᠦ᠍ ᠶᠠᠭᠤ ᠪᠠᠢᠨ᠎ᠠ ᠪᠣᠢ ᠭᠡᠵᠦ ᠬᠡᠯᠡᠪᠡᠯ ᠪᠦᠷ ᠭᠡᠷ ᠪᠦᠯᠢ ᠳ᠋ᠦ᠍ ᠶᠠᠪᠤᠭᠳᠠᠭᠰᠠᠨ ᠰᠢᠲᠠ! ᠲᠡᠷᠡ ᠦᠶ᠎ᠡ ᠳ᠋ᠦ᠍ ᠰᠤᠷᠭᠠᠭᠤᠯᠢ ᠭᠡᠵᠦ ᠪᠠᠢᠭᠰᠠᠨ ᠦᠭᠡᠢ ᠰᠢᠳᠡ᠂ ᠪᠦᠷ ᠭᠡᠷ ᠪᠦᠯᠢ ᠳ᠋ᠦ᠍ ᠶᠠᠪᠤᠭᠳᠠᠭᠰᠠᠨ᠃ ᠲᠡᠭᠡᠬᠦ ᠪᠡᠷ ᠢ᠋ᠶ᠋ᠡᠨ ᠲᠡᠭᠦᠨ ᠳ᠋ᠦ᠍ ᠶᠠᠭᠤ ᠪᠠᠢᠨ᠎ᠠ ᠭᠡᠪᠡᠯ ᠰᠣᠶᠣᠯ ᠭᠡᠰᠡᠨ ᠶᠠᠭᠤᠮ᠎ᠠ ᠪᠠᠢᠨ᠎ᠠ᠃ ᠵᠢᠱ᠌ᠢᠶᠡᠯᠡᠪᠡᠯ᠂ ᠭᠠᠯ ᠲᠠᠬᠢᠯᠭ᠎ᠠ᠂ ᠠᠭᠤᠯᠠ ᠤᠰᠤᠨ ᠤ᠋ ᠲᠠᠬᠢᠯᠭ᠎ᠠ᠂ ᠵᠢᠯ ᠴᠠᠭᠠᠨ ᠰᠠᠷ᠎ᠠ ᠶ᠋ᠢᠨ ᠵᠣᠯᠭᠠᠯᠲᠠ᠂ ᠡᠩ ᠦ᠋ᠨ ᠴᠠᠭ ᠲᠤ᠌ ᠲᠠᠪᠤᠨ ᠬᠣᠰᠢᠭᠤ ᠮᠠᠯ ᠢ᠋ᠶ᠋ᠠᠨ ᠡᠳ᠋ᠯᠡᠬᠦ ᠤᠬᠠᠮᠰᠠᠷ᠂ ᠲᠤᠬᠠᠢᠯᠠᠪᠠᠯ᠂ ᠨᠠᠮᠤᠷ ᠱᠥᠯᠥ ᠤᠤᠭᠤᠨ᠎ᠠ ᠭᠡᠵᠦ ᠶᠠᠷᠢᠨ᠎ᠠ᠂ ᠡᠨᠡ ᠴᠢᠨᠢ ᠨᠢᠭᠡ ᠵᠦᠢᠯ ᠦ᠋ᠨ ᠰᠣᠶᠣᠯ ᠤ᠋ᠨ ᠤᠬᠠᠮᠰᠠᠷ ᠰᠢᠳᠡ᠂ ᠲᠡᠭᠦᠨ ᠢ᠋ ᠯᠠᠪ ᠮᠠᠯ ᠠᠯᠠᠵᠤ ᠢᠳᠡᠨ᠎ᠡ ᠭᠡᠵᠦ ᠬᠡᠯᠡᠬᠦ ᠦᠭᠡᠢ ᠰᠢᠲᠠ᠂ ᠮᠠᠨ ᠤ᠋ ᠮᠣᠩᠭᠣᠯ ᠬᠥᠮᠦᠨ ᠪᠣᠯ ᠮᠠᠯ ᠠᠯᠠᠵᠤ ᠢᠳᠡᠨ᠎ᠡ ᠭᠡᠵᠦ ᠬᠡᠯᠡᠬᠦ ᠦᠭᠡᠢ᠂ ᠬᠠᠷᠢᠨ ᠱᠥᠯᠥ ᠤᠤᠭᠤᠨ᠎ᠠ ᠭᠡᠳᠡᠭ᠃ ᠡᠪᠦᠯ ᠳ᠋ᠦ᠍ ᠪᠡᠨ ᠢᠳᠡᠰᠢ ᠢᠳᠡᠨ᠎ᠡ ᠭᠡᠵᠦ ᠬᠡᠯᠡᠨ᠎ᠡ᠃ ᠡᠨᠡ ᠴᠢᠨᠢ ᠪᠦᠷ ᠰᠣᠶᠣᠯ ᠤ᠋ᠨ ᠤᠬᠠᠮᠰᠠᠷ ᠰᠢᠲᠠ᠂ ᠡᠭᠦᠨ ᠢ᠋ ᠬᠠᠮᠢᠭ᠎ᠠ ᠰᠤᠷᠳᠠᠭ ᠪᠣᠢ? ᠭᠡᠷ ᠪᠦᠯᠢ ᠳ᠋ᠦ᠍ ᠯᠡ ᠰᠤᠷᠤᠨ᠎ᠠ ᠰᠢᠲᠠ᠃ ᠡᠭᠦᠨ ᠢ᠋ ᠭᠡᠷ ᠪᠦᠯᠢ ᠳ᠋ᠦ᠍ ᠰᠤᠷᠤᠭᠠᠳ ᠰᠤᠷᠭᠠᠭᠤᠯᠢ ᠳ᠋ᠤ᠌ ᠣᠴᠢᠭᠠᠳ ᠪᠢᠴᠢᠭ ᠰᠤᠷᠬᠤ ᠦᠶ᠎ᠡ ᠳ᠋ᠦ᠍ ᠵᠣᠪᠠᠬᠤ ᠶᠠᠭᠤᠮ᠎ᠠ ᠦᠭᠡᠢ ᠪᠣᠯᠤᠨ᠎ᠠ᠃ ᠬᠠᠷᠢᠨ ᠨᠡᠩ ᠤᠷᠮ᠎ᠠ ᠲᠠᠢ᠂ ᠨᠡᠩ ᠰᠢᠯᠢᠳᠡᠭ ᠰᠤᠷᠤᠯᠭᠠᠲᠠᠨ ᠪᠣᠯ ᠰᠠᠶᠢ ᠰᠤᠷᠭᠠᠭᠤᠯᠢ ᠳ᠋ᠤ᠌ ᠣᠴᠢᠭᠠᠳ ᠭᠠᠷᠤᠨ᠎ᠠ᠃ ᠮᠠᠨ ᠤ᠋ ᠪᠠᠭᠰᠢ ᠨᠠᠷ ᠤ᠋ᠨ ᠶᠠᠷᠢᠳᠠᠭ ᠥᠨᠳᠥᠷ ᠬᠢᠷᠢ ᠪᠦᠲᠦᠮᠵᠢ ᠲᠡᠢ ᠰᠤᠷᠤᠭᠴᠢᠳ ᠲᠡᠷᠡ ᠭᠡᠷ ᠪᠦᠯᠢ ᠶ᠋ᠢᠨ ᠰᠤᠷᠭᠠᠨ ᠬᠥᠮᠦᠵᠢᠯ ᠯᠠᠪᠲᠠᠢ ᠰᠠᠢᠨ᠃ ᠡᠨᠡ ᠬᠡᠦᠬᠡᠳ ᠢ᠋ ᠰᠤᠷᠭᠠᠭᠤᠯᠢ ᠠᠪᠤᠭᠠᠴᠢᠭᠠᠳ ᠰᠠᠢᠨ ᠪᠣᠯᠭᠠᠴᠢᠬᠠᠵᠠᠢ ᠭᠡᠵᠦ ᠥᠷᠥᠭᠡᠰᠦᠯ ᠢ᠋ᠶ᠋ᠡᠷ ᠦᠵᠡᠵᠦ ᠪᠣᠯᠬᠤ ᠦᠭᠡᠢ᠃ ᠲᠡᠷᠡ ᠴᠢᠨᠢ ᠰᠢᠭᠤᠳ ᠭᠡᠷ ᠪᠦᠯᠢ ᠶ᠋ᠢᠨ ᠰᠤᠷᠭᠠᠨ ᠬᠥᠮᠦᠵᠢᠯ ᠲᠡᠢ ᠬᠣᠯᠪᠣᠭ᠎ᠠ ᠲᠠᠢ᠃ 
   ᠭᠡᠷ ᠪᠦᠯᠢ ᠶ᠋ᠢᠨ ᠰᠤᠷᠭᠠᠨ ᠬᠥᠮᠦᠵᠢᠯ ᠮᠠᠰᠢ ᠣᠯᠠᠨ ᠶᠠᠭᠤᠮ᠎ᠠ ᠶ᠋ᠢ ᠬᠡᠦᠬᠡᠳ ᠦ᠋ᠨ ᠢ᠋ᠶ᠋ᠡᠨ ᠶᠡᠬᠡ ᠲᠠᠷᠢᠬᠢᠨ ᠳ᠋ᠤ᠌ ᠨᠢ ᠬᠢᠭᠡᠳ ᠥᠭᠴᠢᠬᠡᠭᠰᠡᠨ ᠡᠴᠡ ᠰᠤᠷᠭᠠᠭᠤᠯᠢ ᠳ᠋ᠤ᠌ ᠣᠴᠢᠭᠰᠠᠨ ᠤ᠋ ᠳᠠᠷᠠᠭ᠎ᠠ ᠪᠢᠴᠢᠭ ᠨᠢ ᠲᠡᠳᠡᠨ ᠳ᠋ᠦ᠍ ᠠᠪᠴᠤ ᠬᠡᠯᠡᠪᠡᠯ ᠨᠢᠭᠡ ᠵᠢᠭᠠᠬᠠᠨ ᠶᠠᠭᠤᠮ᠎ᠠ ᠪᠣᠯᠤᠭᠠᠳ ᠶᠠᠪᠤᠴᠢᠬᠠᠨ᠎ᠠ᠃ ᠢᠩᠭᠢᠬᠦ ᠪᠡᠷ ᠢ᠋ᠶ᠋ᠡᠨ ᠪᠢᠴᠢᠭ ᠰᠤᠷᠤᠨ᠎ᠠ ᠭᠡᠳᠡᠭ ᠴᠢᠨᠢ ᠨᠢᠭᠡ ᠬᠥᠮᠦᠨ ᠦ᠌ ᠨᠢᠭᠡ ᠨᠠᠰᠤᠨ ᠳ᠋ᠤ᠌ ᠠᠪᠴᠤ ᠬᠡᠯᠡᠪᠡᠯ ᠲᠡᠷᠡ ᠨᠢ ᠨᠢᠭᠡ ᠵᠦᠢᠯ ᠦ᠋ᠨ ᠪᠠᠭᠠᠵᠢ ᠮᠥᠨ᠃ ᠪᠦᠬᠦ ᠶᠠᠭᠤᠮ᠎ᠠ ᠶ᠋ᠢ ᠣᠷᠣᠯᠠᠵᠤ ᠳᠡᠢᠯᠬᠦ ᠦᠭᠡᠢ᠃ ᠢᠩᠭᠢᠵᠦ ᠬᠡᠯᠡᠪᠡᠯ ᠮᠠᠨ ᠤ᠋ ᠬᠢᠨ ᠪᠣᠳᠣᠬᠤ ᠮᠠᠭᠠᠳ ᠡᠨᠡ ᠴᠢᠨᠢ ᠪᠢᠴᠢᠭ ᠰᠤᠷᠬᠤ ᠨᠢ ᠬᠡᠷᠡᠭ ᠦᠭᠡᠢ ᠭᠡᠵᠦ ᠬᠡᠯᠡᠵᠦ ᠪᠠᠢᠨ᠎ᠠ ᠤᠤ? ᠭᠡᠬᠦ ᠪᠠᠢᠬ᠎ᠠ! ᠲᠡᠷᠡ ᠴᠢᠨᠢ ᠲᠡᠢᠮᠦ ᠪᠢᠰᠢ᠂ ᠪᠢᠴᠢᠭ ᠪᠣᠯ ᠵᠥᠪᠬᠡᠨ ᠨᠢᠭᠡ ᠵᠦᠢᠯ ᠦ᠋ᠨ ᠲᠤᠰᠬᠠᠢ ᠮᠡᠷᠭᠡᠵᠢᠯ ᠲᠡᠳᠦᠢ ᠲᠡᠭᠦᠨ ᠢ᠋ᠶ᠋ᠡᠷ ᠣᠴᠢᠵᠤ ᠠᠯᠢᠪᠠ ᠶ᠋ᠢ ᠣᠷᠣᠯᠠᠭᠤᠯᠵᠤ ᠪᠣᠯᠬᠤ ᠦᠭᠡᠢ᠃ ᠡᠢᠮᠦ ᠨᠢᠭᠡ ᠵᠦᠢᠯ ᠦ᠋ᠨ ᠯᠣᠭᠢᠭ ᠵᠢᠮ᠎ᠡ ᠬᠠᠤᠯᠢ ᠪᠠᠢᠨ᠎ᠠ ᠭᠡᠳᠡᠭ ᠢ᠋ ᠮᠡᠳᠡᠵᠦ ᠠᠪᠤᠶ᠎ᠠ ᠭᠡᠰᠡᠨ ᠰᠠᠨᠠᠭ᠎ᠠ᠃ ᠢᠩᠭᠢᠬᠦ ᠪᠡᠷ ᠢ᠋ᠶ᠋ᠡᠨ ᠰᠣᠶᠣᠯ ᠤ᠋ᠨ ᠲᠤᠬᠠᠢ ᠮᠠᠨᠤᠰ ᠨᠥᠬᠥᠴᠡᠯ ᠲᠡᠢ ᠪᠣᠯ ᠰᠤᠷᠤᠯᠴᠠᠵᠤ ᠪᠣᠯᠤᠨ᠎ᠠ᠃ ᠪᠢᠳᠡ ᠴᠠᠭ ᠤ᠋ᠨ ᠬᠠᠷᠠᠭ᠎ᠠ ᠪᠠᠷ ᠡᠭᠦᠨ ᠢ᠋ ᠶᠡᠬᠡ ᠳᠡᠯᠭᠡᠬᠦ ᠦᠭᠡᠢ᠃ ᠳᠥᠭᠥᠮ ᠢ᠋ᠶ᠋ᠡᠷ ᠬᠡᠯᠡᠪᠡᠯ ᠰᠣᠶᠣᠯ ᠢ᠋ ᠨᠢ ᠭᠡᠷ ᠪᠦᠯᠢ ᠳ᠋ᠦ᠍ ᠰᠤᠷᠤᠭᠠᠳ ᠪᠢᠴᠢᠭ ᠢ᠋ ᠨᠢ ᠰᠤᠷᠭᠠᠭᠤᠯᠢ ᠳ᠋ᠤ᠌ ᠰᠤᠷᠤᠨ᠎ᠠ᠃ ᠢᠩᠭᠢᠭᠡᠳ ᠮᠠᠨᠤᠰ ᠵᠢᠩᠬᠢᠨᠢ ᠰᠣᠶᠣᠯ ᠲᠠᠢ ᠪᠢᠴᠢᠭᠲᠡᠨ ᠢ᠋ ᠬᠥᠮᠦᠵᠢᠭᠦᠯᠦᠨ᠎ᠡ᠃ ᠬᠠᠷᠢᠨ ᠨᠢᠭᠡ ᠠᠷᠪᠢᠨ ᠰᠣᠶᠣᠯ ᠦᠭᠡᠢ ᠪᠢᠴᠢᠭᠲᠡᠨ ᠢ᠋ ᠬᠥᠮᠦᠵᠢᠭᠦᠯᠵᠦ ᠭᠠᠷᠭᠠᠭᠠᠳ ᠪᠠᠢᠪᠠᠯ ᠠᠰᠢᠭ ᠦᠭᠡᠢ ᠪᠣᠯᠤᠨ᠎ᠠ᠃ ᠥᠨᠥ ᠡᠢᠮᠦ ᠪᠠᠢᠳᠠᠯ ᠶᠡᠬᠡ ᠲᠣᠳᠣᠷᠬᠠᠢ ᠪᠣᠯᠵᠤ ᠪᠠᠢᠨ᠎ᠠ᠃ ᠵᠠᠷᠢᠮ ᠬᠡᠦᠬᠡᠳ ᠪᠢᠴᠢᠭ ᠢ᠋ᠶ᠋ᠡᠨ ᠡᠪᠯᠡᠭᠦᠯᠦᠭᠡᠳ ᠪᠣᠯᠴᠢᠬᠠᠨ᠎ᠠ᠂ ᠭᠡᠲᠡᠯ᠎ᠡ ᠰᠣᠶᠣᠯ ᠤ᠋ᠨ ᠤᠬᠠᠮᠰᠠᠷ ᠦᠭᠡᠢ ᠤᠴᠢᠷ ᠠ᠋ᠴᠠ ᠬᠥᠮᠦᠨ ᠦ᠌ ᠬᠣᠭᠤᠡᠤᠨᠳᠤᠬᠢ ᠬᠠᠷᠢᠴᠠᠭ᠎ᠠ᠂ ᠨᠡᠢᠭᠡᠮ ᠢ᠋ ᠠᠵᠢᠭᠯᠠᠬᠤ᠂ ᠨᠡᠢᠭᠡᠮ ᠢ᠋ ᠣᠢᠯᠠᠭᠠᠬᠤ᠂ ᠠᠮᠢᠳᠤᠷᠠᠯ ᠢ᠋ᠶ᠋ᠠᠨ ᠲᠥᠪᠬᠢᠨᠡᠭᠦᠯᠬᠦ ᠳ᠋ᠦ᠍ ᠮᠠᠰᠢ ᠣᠯᠠᠨ ᠠᠰᠠᠭᠤᠳᠠᠯ ᠭᠠᠷᠴᠤ ᠪᠠᠢᠭ᠎ᠠ ᠨᠢ ᠰᠢᠭᠤᠳ ᠰᠣᠶᠣᠯ ᠭᠡᠳᠡᠭ ᠶᠠᠭᠤᠮ᠎ᠠ ᠶ᠋ᠢᠨ ᠬᠥᠮᠦᠵᠢᠯ ᠳᠤᠲᠠᠭᠳᠠᠭᠰᠠᠨ ᠠ᠋ᠴᠠ ᠪᠣᠯᠵᠠᠢ᠃ ᠰᠣᠶᠣᠯ ᠤ᠋ᠨ ᠤᠬᠠᠮᠰᠠᠷ ᠪᠣᠢ ᠪᠣᠯᠤᠭᠰᠠᠨ ᠦᠭᠡᠢ ᠡᠴᠡ ᠪᠣᠯᠵᠠᠢ ᠭᠡᠵᠦ ᠪᠢ ᠦᠵᠡᠵᠦ ᠪᠠᠢᠨ᠎ᠠ᠃ ᠲᠡᠷᠡ ᠴᠢᠨᠢ ᠪᠢᠴᠢᠭ ᠲᠡᠢ ᠬᠣᠯᠪᠣᠭᠳᠠᠬᠤ ᠦᠭᠡᠢ᠂ ᠲᠡᠭᠡᠬᠦ ᠪᠡᠷ ᠢ᠋ᠶ᠋ᠡᠨ ᠪᠢᠴᠢᠭ ᠭᠡᠳᠡᠭ ᠦᠭᠡ ᠪᠠ ᠰᠣᠶᠣᠯ ᠭᠡᠰᠡᠨ ᠬᠣᠶᠠᠷ ᠦᠭᠡ ᠶ᠋ᠢ ᠵᠠᠪᠠᠯ ᠢᠯᠭᠠᠵᠤ ᠰᠠᠯᠭᠠᠵᠤ ᠲᠣᠳᠣᠷᠬᠠᠢ ᠪᠣᠯᠭᠠᠨ᠎ᠠ᠃ 
   ᠮᠢᠨᠦ ᠣᠢᠯᠠᠭᠠᠵᠤ ᠪᠠᠢᠬᠤ ᠪᠠᠷ ᠳᠠᠯᠠᠭᠠᠳ ᠣᠨ ᠤ᠋ ᠰᠡᠭᠦᠯᠴᠢ ᠨᠠᠶᠠᠭᠠᠳ ᠣᠨ ᠤ᠋ ᠡᠬᠢ ᠪᠡᠷ《ᠰᠣᠶᠣᠯ ᠤ᠋ᠨ ᠪᠠᠯᠠᠢ ᠠ᠋ᠴᠠ ᠳᠡᠢᠯᠦᠨ᠎ᠡ》ᠭᠡᠰᠡᠨ ᠦᠭᠡ ᠭᠠᠷᠤᠭᠰᠠᠨ᠂ ᠣᠳᠣ ᠪᠣᠳᠣᠪᠠᠯ ᠮᠣᠩᠭᠣᠯ ᠦᠭᠡ ᠶ᠋ᠢᠨ ᠯᠣᠭᠢᠭ ᠲᠤ᠌ ᠨᠡᠢᠴᠡᠬᠦ ᠦᠭᠡᠢ ᠦᠭᠡ᠃ ᠶᠠᠭᠤ ᠭᠡᠰᠡᠨ ᠦᠭᠡ ᠪᠣᠢ? ᠰᠣᠶᠣᠯ ᠤ᠋ᠨ ᠪᠠᠯᠠᠢ ᠠ᠋ᠴᠠ ᠳᠡᠢᠯᠦᠨ᠎ᠡ ᠭᠡᠳᠡᠭ ᠴᠢᠨᠢ? ᠲᠡᠷᠡ ᠴᠢᠨᠢ ᠣᠳᠣ ᠪᠣᠳᠣᠪᠠᠯ ᠪᠢᠴᠢᠭ ᠦᠭᠡᠢ ᠬᠥᠮᠦᠨ ᠢ᠋ ᠪᠢᠴᠢᠭ ᠲᠡᠢ ᠪᠣᠯᠭᠠᠨ᠎ᠠ ᠭᠡᠰᠡᠨ ᠦᠭᠡ᠃ ᠦᠨᠡᠨ ᠳ᠋ᠦ᠍ ᠪᠡᠨ ᠲᠡᠷᠡ ᠨᠢ ᠪᠢᠴᠢᠭ ᠦ᠋ᠨ ᠪᠠᠯᠠᠢ ᠠ᠋ᠴᠠ ᠳᠡᠢᠯᠦᠨ᠎ᠡ ᠭᠡᠰᠡᠨ ᠦᠭᠡ᠃ ᠬᠠᠷᠢᠨ ᠰᠣᠶᠣᠯ ᠤ᠋ᠨ ᠪᠠᠯᠠᠢ ᠠ᠋ᠴᠠ ᠳᠠᠢᠯᠵᠤ ᠪᠠᠢᠬᠤ ᠦᠭᠡᠢ᠂ ᠲᠡᠳᠡᠭᠡᠷ ᠬᠥᠮᠦᠰ ᠪᠦᠷ ᠰᠣᠶᠣᠯ ᠲᠠᠢ ᠰᠢᠦ ᠳᠡ! ᠮᠠᠨ ᠤ᠋ ᠮᠠᠯᠴᠢᠳ ᠪᠦᠷ ᠰᠣᠶᠣᠯ ᠲᠠᠢ᠂ ᠭᠡᠪᠡᠴᠦ ᠵᠠᠷᠢᠮ ᠬᠥᠮᠦᠨ ᠪᠢᠴᠢᠭ ᠰᠤᠷᠤᠭᠰᠠᠨ ᠦᠭᠡᠢ ᠮᠠᠭᠠᠳ᠂ ᠢᠩᠭᠢᠬᠦ ᠪᠡᠷ ᠢ᠋ᠶ᠋ᠡᠨ ᠴᠢ ᠲᠡᠭᠦᠨ ᠢ᠋ ᠰᠣᠶᠣᠯ ᠦᠭᠡᠢ ᠭᠡᠵᠦ ᠬᠡᠯᠡᠵᠦ ᠪᠣᠯᠬᠤ ᠦᠭᠡᠢ ᠰᠢᠲᠠ᠃ ᠪᠦᠷ ᠰᠣᠶᠣᠯ ᠲᠠᠢ᠃ ᠰᠣᠶᠣᠯ ᠪᠠ ᠪᠢᠴᠢᠭ ᠬᠣᠶᠠᠷ ᠪᠣᠯ ᠬᠣᠶᠠᠷ ᠠᠰᠲᠠᠭᠠᠨ ᠮᠥᠷᠲᠡᠭᠡᠨ ᠰᠤᠷᠬᠤ ᠲᠠᠯᠠᠪᠠᠢ ᠨᠢ ᠬᠦᠷᠲᠡᠯ᠎ᠡ ᠠᠳᠠᠯᠢ ᠦᠭᠡᠢ᠂ ᠡᠭᠦᠨ ᠢ᠋ ᠰᠤᠷᠭᠠᠬᠤ ᠡᠵᠡᠨ ᠡᠲᠡᠭᠡᠳ ᠨᠢ ᠬᠦᠷᠲᠡᠯ᠎ᠡ ᠠᠳᠠᠯᠢ ᠦᠭᠡᠢ᠃ ᠭᠡᠷ ᠪᠦᠯᠢ ᠨᠢ ᠰᠣᠶᠣᠯ ᠢ᠋ ᠨᠢ ᠬᠠᠷᠢᠭᠤᠴᠠᠨ᠎ᠠ᠂ ᠰᠤᠷᠭᠠᠭᠤᠯᠢ ᠪᠣᠯ ᠪᠢᠴᠢᠭ ᠢ᠋ ᠨᠢ ᠬᠠᠷᠢᠭᠤᠴᠠᠨ᠎ᠠ᠃ ᠶᠡᠷᠦᠩᠬᠡᠢ ᠳ᠋ᠦ᠍ ᠪᠡᠨ ᠢᠩᠭᠢᠵᠦ ᠬᠡᠯᠡᠳᠡᠭ ᠴᠦ᠍ ᠶᠠᠭ ᠦᠨᠡᠨ ᠳ᠋ᠦ᠍ ᠪᠡᠨ ᠨᠡᠯᠢᠶᠡᠳ ᠡᠷᠳᠡᠮ ᠲᠡᠢ ᠪᠠᠭᠰᠢ ᠨᠠᠷ ᠰᠤᠷᠭᠠᠭᠤᠯᠢ ᠳ᠋ᠤ᠌ ᠡᠨᠡ ᠬᠣᠶᠠᠷ ᠢ᠋ ᠬᠠᠮᠲᠤ ᠳ᠋ᠤ᠌ ᠨᠢ ᠵᠢᠭᠠᠵᠤ ᠳᠡᠢᠯᠦᠨ᠎ᠡ᠃ ᠰᠣᠶᠣᠯ ᠪᠠ ᠪᠢᠴᠢᠭ ᠢ᠋ ᠬᠠᠮᠲᠤ ᠳ᠋ᠤ᠌ ᠨᠢ ᠵᠢᠭᠠᠵᠤ ᠳᠡᠢᠯᠦᠨ᠎ᠡ᠃ ᠭᠡᠪᠡᠴᠦ ᠬᠥᠮᠦᠨ ᠪᠣᠯᠭᠠᠨ ᠪᠡᠶᠡᠯᠡᠭᠦᠯᠵᠦ ᠳᠡᠢᠯᠦᠨ᠎ᠡ ᠤᠤ ᠦᠭᠡᠢ ᠤᠤ? ᠪᠢ ᠡᠨᠳᠡ ᠬᠡᠯᠡᠵᠦ ᠳᠡᠢᠯᠬᠦ ᠦᠭᠡᠢ᠃ ᠲᠡᠭᠡᠬᠦ ᠪᠡᠷ ᠢ᠋ᠶ᠋ᠡᠨ ᠮᠠᠨ ᠤ᠋ ᠬᠢᠨ ᠬᠡᠳᠦᠢᠪᠡᠷ ᠪᠢ ᠥᠨᠥᠳᠥᠷ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠶᠠᠷᠢᠵᠤ ᠪᠠᠢᠨ᠎ᠠ ᠭᠡᠳᠡᠭ ᠪᠣᠯᠪᠠᠴᠤ ᠪᠠᠭᠰᠢ ᠨᠠᠷ ᠲᠤ᠌ ᠠᠪᠴᠤ ᠬᠡᠯᠡᠪᠡᠯ ᠪᠢᠴᠢᠭ ᠪᠣᠯᠤᠨ ᠰᠣᠶᠣᠯ ᠭᠡᠰᠡᠨ ᠬᠣᠶᠠᠷ ᠤᠬᠠᠭᠳᠠᠬᠤᠨ ᠳ᠋ᠤ᠌ ᠴᠠᠭᠠᠷᠠᠬᠤ ᠴᠢᠬᠤᠯᠠ ᠲᠠᠢ ᠭᠡᠰᠡᠨ ᠡᠢᠮᠦ ᠨᠢᠭᠡ ᠱᠠᠭᠠᠷᠳᠠᠯᠭ᠎ᠠ ᠳᠤᠷᠠᠳᠴᠤ ᠪᠠᠢᠨ᠎ᠠ᠃ ᠲᠡᠭᠡᠬᠦ ᠪᠡᠷ ᠢ᠋ᠶ᠋ᠡᠨ ᠪᠢᠳᠡ ᠡᠨᠡ ᠲᠠᠯ᠎ᠠ ᠪᠠᠷ ᠭᠡᠷ ᠦ᠋ᠨ ᠠᠬᠠᠮᠠᠳ ᠲᠠᠢ ᠬᠠᠷᠢᠴᠠᠭ᠎ᠠ ᠪᠠᠨ ᠰᠠᠢᠵᠢᠷᠠᠭᠤᠯᠵᠤ ᠭᠡᠷ ᠦ᠋ᠨ ᠠᠬᠠᠮᠠᠳ ᠲᠠᠢ ᠪᠠᠨ ᠬᠠᠮᠵᠢᠵᠤ ᠪᠠᠢᠭᠠᠳ ᠨᠢᠭᠡ ᠬᠡᠦᠬᠡᠳ ᠢ᠋ᠶ᠋ᠡᠨ ᠬᠥᠮᠦᠵᠢᠭᠦᠯᠬᠦ ᠳ᠋ᠦ᠍ ᠵᠢᠩᠬᠢᠨᠢ ᠬᠥᠮᠦᠨ ᠲᠦᠯᠦᠪᠰᠢᠷᠡᠭᠦᠯᠬᠦ ᠠᠵᠢᠯ ᠢ᠋ ᠭᠡᠷ ᠪᠦᠯᠢ ᠪᠠ ᠰᠤᠷᠭᠠᠭᠤᠯᠢ ᠨᠡᠢᠭᠡᠮ ᠭᠤᠷᠪᠠ ᠨᠡᠢᠯᠡᠵᠦ ᠪᠠᠢᠭᠠᠳ ᠯᠠ ᠬᠥᠮᠦᠵᠢᠭᠦᠯᠵᠦ ᠭᠠᠷᠭᠠᠵᠤ ᠳᠡᠢᠯᠦᠨ᠎ᠡ᠃ 
   ᠬᠥᠮᠦᠨ ᠢ᠋ ᠬᠥᠮᠦᠨ ᠪᠣᠯᠭᠠᠨ᠎ᠠ ᠭᠡᠳᠡᠭ ᠴᠢᠨᠢ ᠭᠠᠭᠴᠠ ᠬᠦ᠌ ᠪᠢᠴᠢᠭ ᠪᠢᠰᠢ ᠰᠢᠦ᠂ ᠭᠠᠭᠴᠠ ᠰᠤᠷᠭᠠᠭᠤᠯᠢ ᠪᠢᠰᠢ᠃ ᠨᠢᠭᠡ ᠬᠥᠮᠦᠨ ᠨᠠᠰᠤᠨ ᠲᠤᠷᠰᠢ ᠭᠡᠷ ᠪᠦᠯᠢ᠂ ᠰᠤᠷᠭᠠᠭᠤᠯᠢ᠂ ᠨᠡᠢᠭᠡᠮ ᠡᠨᠡ ᠭᠤᠷᠪᠠᠨ ᠲᠠᠯ᠎ᠠ ᠶ᠋ᠢᠨ ᠬᠥᠮᠦᠵᠢᠯ ᠪᠣᠯ ᠰᠤᠷᠭᠠᠨ ᠬᠥᠮᠦᠵᠢᠯ ᠭᠡᠳᠡᠭ ᠡᠨᠡ ᠬᠣᠶᠠᠷᠬᠠᠨ ᠦᠭᠡᠨ ᠳ᠋ᠦ᠍ ᠪᠦᠷ ᠪᠠᠭᠲᠠᠨ᠎ᠠ᠃ ᠡᠢᠮᠦ ᠨᠢᠭᠡᠨ ᠲᠣᠮᠣ ᠤᠬᠠᠭᠳᠠᠬᠤᠨ ᠮᠥᠨ᠃ ᠵᠠ ᠢᠩᠭᠢᠬᠦ ᠪᠡᠷ ᠢ᠋ᠶ᠋ᠡᠨ ᠮᠠᠨᠤᠰ ᠳᠠᠷᠠᠭᠠᠴᠢ ᠪᠠᠷ ᠭᠡᠷ ᠪᠦᠯᠢ ᠶ᠋ᠢᠨ ᠰᠤᠷᠭᠠᠨ ᠬᠥᠮᠦᠵᠢᠯ ᠢ᠋ ᠬᠢᠬᠦ ᠳ᠋ᠦ᠍ ᠭᠡᠷ ᠲᠦ᠍ ᠪᠡᠨ ᠶᠠᠭᠤ ᠬᠢᠬᠦ ᠴᠢᠬᠤᠯᠠ ᠲᠠᠢ ᠪᠣᠯᠵᠤ ᠪᠠᠢᠨ᠎ᠠ ᠪᠣᠢ! ᠮᠠᠨ ᠤ᠋ ᠬᠡᠦᠬᠡᠳ ᠲᠦ᠍ ᠪᠡᠨ ᠶᠠᠭᠤ ᠵᠢᠭᠠᠬᠤ ᠴᠢᠬᠤᠯᠠ ᠲᠠᠢ ᠪᠣᠯᠵᠤ ᠪᠠᠢᠨ᠎ᠠ? ᠰᠤᠷᠭᠠᠭᠤᠯᠢ ᠳ᠋ᠤ᠌ ᠣᠴᠢᠭᠰᠠᠨ ᠤ᠋ ᠳᠠᠷᠠᠭ᠎ᠠ ᠶᠠᠭᠠᠬᠢᠬᠤ ᠴᠢᠬᠤᠯᠠ ᠲᠠᠢ ᠪᠣᠯᠵᠤ ᠪᠠᠢᠨ᠎ᠠ? ᠰᠤᠷᠭᠠᠭᠤᠯᠢ ᠪᠠ ᠭᠡᠷ ᠪᠦᠯᠢ ᠶ᠋ᠢᠨ ᠬᠣᠭᠣᠷᠣᠨᠳᠣ ᠶᠠᠭᠠᠬᠢᠬᠤ ᠴᠢᠬᠤᠯᠠ ᠲᠠᠢ ᠪᠣᠯᠵᠤ ᠪᠠᠢᠨ᠎ᠠ? ᠨᠡᠢᠭᠡᠮ ᠪᠠ ᠭᠡᠷ ᠪᠦᠯᠢ ᠶ᠋ᠢᠨ ᠬᠣᠭᠣᠷᠣᠨᠳᠣ ᠶᠠᠭᠠᠬᠢᠬᠤ ᠴᠢᠬᠤᠯᠠ ᠲᠠᠢ ᠪᠣᠯᠵᠤ ᠪᠠᠢᠨ᠎ᠠ? ᠡᠢᠮᠦ ᠤᠴᠢᠷ ᠤ᠋ᠳ ᠠᠶᠠᠨᠳᠠᠭᠠᠨ ᠭᠠᠷᠴᠤ ᠢᠷᠡᠨ᠎ᠡ᠃ ᠲᠡᠭᠡᠬᠦ ᠪᠡᠷ ᠢ᠋ᠶ᠋ᠡᠨ ᠮᠠᠨᠤᠰ ᠬᠠᠮᠲᠤ ᠪᠠᠷ ᠡᠭᠦᠨ ᠢ᠋ ᠰᠤᠳᠤᠯᠵᠤ ᠰᠤᠷᠤᠯᠴᠠᠵᠤ ᠪᠣᠯᠤᠨ᠎ᠠ᠃ ᠵᠠ ᠪᠠᠶᠠᠷᠯᠠᠯ᠎ᠠ!
          2024 ᠣᠨ ᠤ᠋ 9 ᠰᠠᠷ᠎ᠠ ᠶ᠋ᠢᠨ 18 ᠤ᠋ ᠡᠳᠦᠷ᠂ ᠪᠠᠭᠠᠷᠢᠨ ᠪᠠᠷᠠᠭᠤᠨ ᠬᠤᠰᠢᠭᠤᠨ ᠤ᠋ ᠶᠡᠬᠡ ᠪᠠᠢᠰᠢᠩ ᠳ᠋ᠤ᠌