ᠬᠥᠮᠦᠨ ᠦ᠌ ᠬᠢ ᠶᠤᠮ ᠦᠦ ᠮᠢᠨᠦᠬᠢ ᠶᠤᠮ ᠦᠦ ᠴᠢ Хүнийх юм үү минийх юм үү чи ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠦ᠌ ᠬᠢ ᠶᠤᠮ ᠦᠦ ᠮᠢᠨᠦᠬᠢ ᠶᠤᠮ ᠦᠦ ᠴᠢ Хүнийх юм үү минийх юм үү чи

ᠬᠥᠮᠦᠨ ᠦ᠌ ᠬᠢ ᠶᠤᠮ ᠦᠦ ᠮᠢᠨᠦᠬᠢ ᠶᠤᠮ ᠦᠦ ᠴᠢ Хүнийх юм үү минийх юм үү чи

2025-01-23

901

ᠬᠥᠮᠦᠨ ᠦ᠌ ᠬᠢ ᠶᠤᠮ ᠦᠦ ᠮᠢᠨᠦᠬᠢ ᠶᠤᠮ ᠦᠦ ᠴᠢ

ᠬᠠᠢᠷᠠᠯᠠᠬᠤ ᠪᠠᠷ ᠵᠢᠷᠦᠬᠡᠨ ᠳ᠋ᠦ᠍ ᠪᠠᠭᠲᠠᠬᠤ ᠦᠭᠡᠢ 
ᠬᠠᠢᠬᠤ ᠪᠠᠷ ᠤᠯᠠᠮ ᠬᠣᠯᠠᠳᠠᠭᠠᠳ ᠶᠠᠪᠤᠴᠢᠬᠠᠳᠠᠭ 
ᠬᠠᠨᠠᠭᠠᠷ ᠰᠦᠷᠯᠢᠭ ᠠᠭᠤᠯᠠ ᠶᠤᠮ ᠤᠤ 
ᠬᠠᠷᠠᠭ᠎ᠠ ᠴᠤᠴᠠᠮ᠎ᠠ ᠲᠠᠯ᠎ᠠ ᠶᠤᠮ ᠤᠤ ᠴᠢ 
ᠬᠠᠮᠲᠤ ᠪᠠᠢᠬᠤ ᠪᠠᠷ ᠢ᠋ᠶ᠋ᠠᠨ ᠤᠢᠳᠴᠢᠬᠠᠳᠠᠭ 
ᠬᠠᠶᠠ ᠭᠣᠮᠣᠳᠠᠬᠤ ᠪᠠᠷ ᠢ᠋ᠶ᠋ᠠᠨ ᠠᠭᠤᠷᠯᠠᠴᠢᠬᠠᠳᠠᠭ 
ᠬᠠᠪᠤᠷ ᠤ᠋ᠨ ᠲᠡᠭᠷᠢ ᠶᠤᠮ ᠤᠤ 
ᠬᠠᠬᠢᠷ ᠬᠦᠢᠲᠡᠨ ᠡᠪᠦᠯ ᠶᠤᠮ  ᠦᠦ ᠴᠢ 
ᠳᠡᠷᠭᠡᠳᠡ ᠮᠢᠨᠢ ᠲᠣᠭᠲᠠᠬᠤ ᠦᠭᠡᠢ 
ᠲᠡᠪᠡᠷᠢ ᠳ᠋ᠦ᠍ ᠮᠢᠨᠢ ᠪᠠᠭᠲᠠᠬᠤ ᠦᠭᠡᠢ 
ᠲᠡᠭᠷᠢ ᠶ᠋ᠢᠨ ᠣᠳᠣ ᠶᠤᠮ ᠤᠤ
ᠲᠠᠩᠭᠢᠰ ᠤ᠋ᠨ ᠰᠤᠪᠤᠳ ᠶᠤᠮ ᠤᠤ ᠴᠢ
ᠲᠡᠷᠡ ᠭᠡᠵᠦ ᠵᠢᠭᠠᠵᠤ ᠪᠣᠯᠳᠠᠭ ᠦᠭᠡᠢ 
ᠲᠡᠢᠮᠦ ᠭᠡᠵᠦ ᠬᠡᠯᠡᠵᠦ ᠴᠢᠳᠠᠳᠠᠭ ᠦᠭᠡᠢ
ᠲᠡᠨᠦᠭᠦᠯᠴᠢ ᠬᠥᠬᠡ ᠰᠠᠯᠬᠢ ᠶᠤᠮ ᠤᠤ
ᠲᠡᠷᠭᠡᠯ ᠴᠠᠭᠠᠨ ᠰᠠᠷᠠ ᠶᠤᠮ ᠤᠤ ᠴᠢ
ᠬᠠᠢᠷᠠᠯᠠᠬᠤ ᠪᠠᠷ ᠵᠢᠷᠦᠬᠡᠨ ᠳ᠋ᠦ᠍ ᠪᠠᠭᠲᠠᠬᠤ ᠦᠭᠡᠢ
ᠬᠠᠢᠬᠤ ᠪᠠᠷ ᠤᠯᠠᠮ ᠬᠣᠯᠠᠳᠠᠭᠠᠳ ᠶᠠᠪᠤᠴᠢᠬᠠᠳᠠᠭ
ᠬᠠᠨᠠᠭᠠᠷ ᠰᠦᠷᠯᠢᠭ ᠠᠭᠤᠯᠠ ᠶᠤᠮ ᠤᠤ 
ᠬᠠᠷᠠᠭ᠎ᠠ ᠴᠤᠴᠠᠮ᠎ᠠ ᠲᠠᠯ᠎ᠠ ᠶᠤᠮ ᠤᠤ ᠴᠢ 
ᠬᠠᠮᠲᠤ ᠪᠠᠢᠬᠤ ᠪᠠᠷ ᠢ᠋ᠶ᠋ᠠᠨ ᠤᠢᠳᠴᠢᠬᠠᠳᠠᠭ
ᠬᠠᠶᠠ ᠭᠣᠮᠣᠳᠠᠬᠤ ᠪᠠᠷ ᠢ᠋ᠶ᠋ᠠᠨ ᠠᠭᠤᠷᠯᠠᠴᠢᠬᠠᠳᠠᠭ 
ᠬᠠᠪᠤᠷ ᠤ᠋ᠨ ᠲᠡᠭᠷᠢ ᠶᠤᠮ ᠤᠤ
ᠬᠠᠬᠢᠷ ᠬᠦᠢᠲᠡᠨ ᠡᠪᠦᠯ ᠶᠤᠮ ᠦᠦ ᠴᠢ
ᠨᠥᠮᠥᠷᠢ ᠳ᠋ᠦ᠍ ᠮᠢᠨᠢ ᠵᠢᠷᠭᠠᠬᠤ ᠦᠭᠡᠢ 
ᠨᠥᠬᠥᠷ ᠮᠢᠨᠢ ᠴᠦ᠍ ᠪᠣᠯᠬᠤ ᠦᠭᠡᠢ
ᠨᠠᠮᠤᠷ ᠤ᠋ᠨ ᠨᠠᠪᠴᠢ ᠶᠤᠮ ᠤᠤ ᠴᠢ 
ᠨᠠᠢᠷᠠᠭ ᠤ᠋ᠨ ᠮᠢᠨᠢ ᠰᠢᠯᠦᠭ ᠶᠤᠮ ᠤᠤ ᠴᠢ᠃
ᠴᠢᠮ᠎ᠠ ᠶ᠋ᠢ ᠪᠢ ᠮᠡᠳᠡᠨ᠎ᠡ ᠭᠡᠬᠦ ᠪᠡᠷ ᠮᠡᠳᠡᠬᠦ ᠦᠭᠡᠢ
ᠮᠢᠨᠦᠬᠢ ᠭᠡᠬᠦ ᠪᠡᠷ ᠣᠢᠷᠠᠲᠤᠭᠤᠯᠬᠤ ᠦᠭᠡᠢ
ᠬᠥᠮᠦᠨ ᠦ᠌ ᠬᠢ ᠶᠤᠮ ᠦᠦ᠂ ᠮᠢᠨᠦᠬᠢ ᠶᠤᠮ ᠦᠦ ᠴᠢ 

 ᠦᠰᠦᠭ ᠠᠮᠢᠯᠠᠭᠤᠯᠤᠭᠴᠢ᠄ ᠮᠣᠩᠭᠣᠯᠵᠠᠶᠠᠭ᠎ᠠ ᠪᠦᠷᠢᠨ᠎ᠡ
 ᠦᠰᠦᠭ ᠬᠠᠳᠠᠭᠴᠢ᠄ ᠮᠣᠳᠤᠳᠤ ᠬᠠᠪᠤᠷᠵᠢᠶ᠎ᠠ