1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠵᠢᠨ ᠴᠠᠭᠠᠨ ᠰᠦ᠋ ᠬᠠᠷᠢᠭᠤᠯᠬᠤ-ᠰ᠂ ᠠᠯᠲᠠᠨᠰᠦ᠋ᠬᠡЭхээгийн цагаан соо хариулах-С· Алтансүх

ᠡᠬᠡ ᠵᠢᠨ ᠴᠠᠭᠠᠨ ᠰᠦ᠋ ᠬᠠᠷᠢᠭᠤᠯᠬᠤ-ᠰ᠂ ᠠᠯᠲᠠᠨᠰᠦ᠋ᠬᠡЭхээгийн цагаан соо хариулах-С· Алтансүх

2025-01-23

1392

ᠡᠬᠡ ᠶ᠋ᠢᠨ ᠴᠠᠭᠠᠨ ᠰᠦ᠋ ᠬᠠᠷᠢᠭᠤᠯᠬᠤ

   ᠢᠷᠦᠭᠡᠭᠴᠢ ᠄ᠰ᠂ ᠠᠯᠲᠠᠨᠰᠦ᠋ᠬᠡ 

ᠡᠩᠬᠡ ᠰᠠᠢᠨ ᠠᠮᠤᠭᠤᠯᠠᠩ ᠪᠣᠯᠲᠤᠭᠠᠢ 
ᠠᠭᠠᠷᠤ ᠽᠠᠨᠳᠠᠨ ᠮᠣᠳᠣᠨ ᠳ᠋ᠤ᠌ ᠨᠢ 
ᠠᠶ᠎ᠠ ᠲᠠᠪᠠ ᠪᠠᠷ ᠢ᠋ᠶ᠋ᠠᠨ ᠵᠢᠷᠭᠠᠭᠴᠢ 
ᠠᠩᠭᠢᠷ ᠭᠡᠭᠴᠢ ᠰᠢᠪᠠᠭᠤᠨ ᠤ᠋ 
ᠠᠩᠭᠠᠬᠠᠢ ᠵᠤᠯᠵᠠᠭ᠎ᠠ ᠨᠢ ᠪᠣᠯᠪᠠᠴᠤ 
ᠥᠳᠥ ᠰᠥᠳᠥ ᠨᠢ ᠪᠦᠷᠢᠳᠬᠦ ᠳ᠋ᠦ᠍ ᠪᠡᠨ 
ᠡᠭᠦᠷ ᠶᠦ᠍ᠭᠡᠨ ᠣᠷᠬᠢᠨ 
ᠠᠭᠠᠷ ᠲᠤ᠌ ᠨᠢᠰᠦᠨ ᠣᠳᠬᠤ 
ᠠᠷᠭ᠎ᠠ ᠦᠭᠡᠢ ᠨᠢᠭᠡᠨ ᠶᠣᠰᠣᠨ ᠪᠣᠢ᠃
ᠭᠠᠯᠪᠠᠷᠠᠭᠽᠠ ᠽᠠᠨᠳᠠᠨ ᠮᠣᠳᠣᠨ ᠳ᠋ᠤ᠌
ᠭᠠᠷᠴᠠᠭ᠎ᠠ ᠦᠭᠡᠢ ᠨᠤᠲᠤᠭᠯᠠᠭᠴᠢ
ᠭᠠᠷᠤᠳᠢ ᠭᠡᠭᠴᠢ ᠰᠢᠪᠠᠭᠤᠨ ᠤ᠋
ᠭᠠᠷᠤᠭᠰᠠᠨ ᠵᠤᠯᠵᠠᠭ᠎ᠠ ᠨᠢ ᠪᠣᠯᠪᠠᠴᠤ
ᠭᠠᠩ ᠵᠢᠭᠦᠷ ᠨᠢ ᠪᠦᠷᠢᠳᠬᠦ ᠳ᠋ᠦ᠍ ᠪᠡᠨ
ᠭᠠᠭᠴᠠ ᠡᠬᠡ ᠪᠡᠨ ᠣᠷᠬᠢᠨ
ᠭᠠᠯᠪᠠ ᠳ᠋ᠤ᠌ ᠨᠢᠰᠦᠨ ᠣᠳᠬᠤ ᠶ᠋ᠢᠨ
ᠭᠠᠢᠬᠠᠮᠰᠢᠭᠲᠤ ᠨᠢᠭᠡᠨ ᠴᠠᠭ ᠪᠣᠢ ᠃
ᠬᠥᠮᠦᠨ ᠦ᠌ ᠣᠷᠴᠢᠯᠠᠩ ᠳ᠋ᠤᠷ ᠵᠠᠶᠠᠭᠠᠭᠰᠠᠨ
ᠬᠡᠦᠬᠡᠨ ᠦᠷ᠎ᠡ ᠬᠡᠮᠡᠭᠴᠢ
ᠬᠦᠨᠳᠦᠲᠦ ᠡᠬᠡ ᠡᠴᠡ ᠪᠡᠨ ᠰᠠᠯᠵᠤ
ᠬᠦᠷᠭᠡᠨ ᠳ᠋ᠦ᠍ ᠮᠣᠷᠳᠠᠬᠤ ᠤᠴᠢᠷ ᠪᠣᠢ !
ᠲᠥᠷᠥ ᠭᠦᠷᠦᠨ ᠦ᠌ ᠶᠣᠰᠣ
ᠲᠦᠭᠡᠮᠡᠯ ᠳᠡᠭᠡᠳᠦ ᠬᠠᠤᠯᠢ
ᠲᠦᠮᠡᠨ ᠣᠯᠠᠨ ᠤ᠋ ᠵᠢᠷᠤᠮ
ᠲᠥᠪ ᠶᠣᠰᠣᠲᠤ ᠳᠦᠷᠢᠮ ᠢ᠋ᠶ᠋ᠡᠷ
ᠢᠯᠴᠢᠭᠢᠨᠡᠬᠦ ᠴᠡᠭᠡᠵᠢ ᠶ᠋ᠢ ᠨᠢ ᠪᠤᠯᠭᠢᠯᠠᠭᠤᠯᠤᠨ
ᠢᠷᠪᠢᠭᠢᠨᠡᠬᠦ ᠨᠢᠯᠪᠤᠰᠤ ᠶ᠋ᠢ ᠨᠢ ᠮᠡᠯᠮᠡᠷᠡᠭᠦᠯᠦᠨ
ᠢᠰᠪᠡᠯᠵᠡᠬᠦ ᠨᠢᠭᠤᠷ ᠢ᠋ ᠨᠢ ᠤᠯᠪᠤᠯᠵᠠᠭᠤᠯᠤᠨ
ᠢᠨᠢᠶᠡᠬᠦ ᠴᠢᠷᠠᠢ ᠶ᠋ᠢ ᠨᠢ ᠳᠣᠮᠪᠣᠯᠵᠠᠭᠤᠯᠤᠨ
ᠲᠥᠪ ᠳᠠᠩᠰᠠᠨ ᠳ᠋ᠤ᠌ ᠲᠡᠮᠳᠡᠭᠯᠡᠵᠦ
ᠲᠦᠮᠡᠨ ᠬᠥᠮᠦᠨ ᠳ᠋ᠦ᠍ ᠰᠣᠨᠣᠰᠬᠠᠨ
ᠰᠠᠮ ᠰᠠᠮ ᠢ᠋ᠶ᠋ᠠᠷ ᠪᠡᠯᠡᠳᠬᠡᠵᠦ
ᠳᠠᠮ ᠳᠠᠮ ᠢ᠋ᠶ᠋ᠠᠷ ᠮᠡᠳᠡᠭᠦᠯᠦᠨ
ᠬᠡᠯᠬᠢᠶ᠎ᠡ ᠵᠢᠷᠤᠮ ᠤ᠋ᠨ ᠤᠴᠢᠷ ᠢ᠋
ᠬᠢᠴᠢᠶᠡᠩᠭᠦᠢᠯᠡᠨ ᠭᠦᠢᠴᠡᠳᠬᠡᠬᠦ ᠡᠨᠡ ᠡᠳᠦᠷ
ᠡᠪᠲᠦ ᠰᠠᠢᠬᠠᠨ ᠨᠠᠢᠷ ᠢ᠋
ᠬᠡᠪᠲᠦ ᠶᠣᠰᠣ ᠪᠠᠷ ᠬᠢᠬᠦ ᠳ᠋ᠦ᠍
ᠡᠨᠡᠷᠢᠯ ᠶᠡᠬᠡᠲᠦ ᠡᠵᠢ ᠨᠢ
ᠡᠩᠬᠦᠷᠡᠢ ᠬᠣᠩᠭᠣᠷ ᠦᠷ᠎ᠡ ᠪᠡᠨ
ᠡᠪᠡᠢᠯᠡᠨ ᠰᠠᠨᠠᠵᠤ ᠥᠰᠬᠡᠭᠰᠡᠨ ᠢ᠋
ᠡᠷᠭᠢᠴᠡᠭᠦᠯᠦᠨ ᠪᠣᠳᠣᠵᠤ ᠦᠵᠡᠬᠦᠯ᠎ᠡ
ᠠᠷᠢᠭᠤᠨ ᠴᠠᠭᠠᠨ ᠬᠡᠪᠡᠯᠢ ᠳ᠋ᠦ᠍ ᠪᠡᠨ
ᠠᠷᠪᠠᠨ ᠰᠠᠷ᠎ᠠ ᠡᠷᠭᠦᠭᠡᠳ
ᠷᠠᠰᠢᠶᠠᠨ ᠲᠤᠩᠭᠠᠯᠠᠭ ᠤᠰᠤ ᠪᠠᠷ
ᠠᠷᠢᠭᠤᠳᠬᠠᠨ ᠤᠬᠢᠶᠠᠵᠤ ᠠᠪᠤᠭᠠᠳ
ᠨᠢᠭᠡ ᠨᠠᠰᠤ ᠲᠠᠢ ᠪᠠᠢᠬᠤ ᠳ᠋ᠤ᠌ ᠨᠢ
ᠨᠡᠬᠡᠢ ᠬᠤᠴᠢᠯᠭᠠᠨ ᠳ᠋ᠤ᠌ ᠬᠤᠴᠢᠭᠰᠠᠨ
ᠨᠡᠮᠦᠭᠦᠨ ᠵᠥᠭᠡᠯᠡᠨ ᠳᠠᠭᠤ ᠪᠠᠷ ᠢ᠋ᠶ᠋ᠠᠨ
ᠨᠡᠷ᠎ᠡ ᠶ᠋ᠢ ᠨᠢ ᠳᠠᠭᠤᠳᠠᠵᠤ ᠰᠣᠨᠣᠰᠬᠠᠭᠰᠠᠨ
ᠬᠥᠨᠳᠡᠢ ᠰᠠᠢᠬᠠᠨ ᠬᠠᠷᠠᠭ᠎ᠠ ᠲᠠᠢ
ᠬᠥᠨᠳᠡᠯᠡᠨ ᠭᠤᠷᠪᠠᠨ ᠤᠶᠠᠭ᠎ᠠ ᠲᠠᠢ
ᠬᠥᠨᠵᠢᠯᠡ ᠮᠡᠲᠦ ᠶ᠋ᠢᠨ ᠬᠤᠴᠢᠯᠭ᠎ᠠ ᠲᠠᠢ
ᠬᠥᠪᠥᠩ ᠥᠭᠡᠷ᠎ᠡ ᠦᠭᠡᠢ ᠳᠡᠪᠢᠰᠬᠡᠷ ᠲᠡᠢ
ᠦᠯᠵᠡᠢᠲᠡᠢᠬᠡᠨ ᠥᠯᠥᠭᠡᠢ ᠳ᠋ᠦ᠍ ᠨᠢ
ᠡᠳᠦᠷ ᠦ᠋ᠨ ᠰᠠᠢᠨ ᠳ᠋ᠤ᠌ ᠨᠢ ᠥᠯᠥᠭᠡᠢᠳᠡᠭᠡᠳ
ᠡᠪᠦᠷ ᠦ᠋ᠨ ᠲᠣᠪᠴᠢ ᠪᠠᠨ ᠳᠠᠢᠯᠠᠵᠤ
ᠦᠨᠦᠰᠦᠨ ᠲᠠᠭᠠᠯᠠᠨ ᠬᠥᠬᠥᠭᠦᠯᠦᠭᠰᠡᠨ
ᠣᠩᠬᠣᠷ ᠥᠯᠥᠭᠡᠢ ᠳ᠋ᠦ᠍ ᠨᠢ ᠥᠯᠥᠭᠡᠢᠳᠡᠭᠡᠳ
ᠤᠤᠪᠠᠢ ᠪᠦᠪᠡᠢ ᠰᠠᠭᠠᠲᠠᠭᠤᠯᠤᠭᠰᠠᠨ
ᠤᠤᠵᠢ ᠶ᠋ᠢᠨ ᠲᠣᠪᠴᠢ ᠪᠠᠨ ᠲᠠᠢᠯᠤᠭᠠᠳ
ᠤᠭᠤᠷᠠᠭ ᠰᠦ ᠪᠡᠨ ᠰᠢᠮᠡᠭᠦᠯᠦᠭᠰᠡᠨ
ᠣᠷᠣ ᠶ᠋ᠢᠨ ᠡᠮᠦᠨ᠎ᠡ ᠪᠡᠨ ᠤᠨᠲᠠᠭᠤᠯᠵᠤ
ᠤᠬᠢᠯᠠᠬᠤ ᠳᠠᠭᠤ ᠶ᠋ᠢ ᠨᠢ ᠨᠠᠮᠳᠠᠭᠠᠭᠰᠠᠨ
ᠤᠬᠠᠭᠠᠨᠲᠤ ᠪᠤᠭᠤᠷᠤᠯ ᠡᠵᠢ ᠶ᠋ᠢᠨ ᠬᠢᠨᠢ
ᠠᠭᠤᠳᠠᠮ ᠠᠴᠢᠯᠠᠯ ᠢ᠋ ᠨᠢ ᠬᠠᠷᠢᠭᠤᠯᠠᠮᠤ ᠃
ᠬᠣᠶᠠᠷ ᠨᠠᠰᠤ ᠶ᠋ᠢ ᠬᠦᠷᠴᠦ
ᠬᠣᠢᠭᠤᠷ ᠤᠷᠳᠤᠭᠤᠷ ᠮᠥᠯᠬᠥᠵᠦ
ᠬᠣᠷᠭᠣ ᠠᠪᠳᠠᠷ᠎ᠠ ᠶ᠋ᠢ ᠨᠢ ᠲᠦᠰᠢᠵᠦ
ᠬᠣᠭ ᠦᠨᠡᠰᠦ ᠶ᠋ᠢ ᠪᠠᠵᠠᠬᠤ ᠳ᠋ᠤ᠌ ᠨᠢ
ᠬᠣᠩᠰᠢᠶᠠᠷ ᠠᠮᠠ ᠶ᠋ᠢ ᠨᠢ ᠵᠦᠯᠭᠦᠵᠦ
ᠬᠣᠩᠭᠣ ᠪᠣᠷᠪᠢ ᠶ᠋ᠢ ᠨᠢ ᠠᠷᠴᠢᠵᠤ
ᠬᠣᠯᠪᠣᠭ᠎ᠠ ᠬᠣᠶᠠᠷ ᠬᠥᠬᠥ ᠪᠡᠨ
ᠥᠷᠥᠵᠦ ᠥᠭᠭᠦᠭᠡᠳ ᠰᠢᠮᠡᠭᠦᠯᠦᠭᠰᠡᠨ
ᠮᠠᠩᠬᠠᠨ ᠰᠢᠷᠣᠢ ᠶ᠋ᠢ ᠬᠠᠯᠠᠭᠤᠯᠵᠤ
ᠮᠠᠨᠴᠤᠢ ᠳᠣᠲᠣᠷ᠎ᠠ ᠨᠢ ᠳᠡᠪᠢᠰᠦᠭᠰᠡᠨ
ᠮᠠᠷᠢᠶ᠎ᠠ ᠮᠢᠬ᠎ᠠ ᠶ᠋ᠢ ᠨᠢ ᠴᠢᠩᠭᠠᠯᠠᠵᠤ
ᠮᠠᠭᠠᠳ ᠬᠠᠢᠷᠠᠯᠠᠨ ᠥᠰᠬᠡᠭᠰᠡᠨ
ᠳᠠᠪᠤᠤ ᠬᠤᠴᠢᠯᠭ᠎ᠠ ᠳ᠋ᠤ᠌ ᠮᠠᠨᠴᠤᠢᠳᠠᠭᠠᠳ
ᠲᠠᠭᠠᠷᠠᠵᠤ ᠬᠠᠯᠠᠬᠤ ᠶ᠋ᠢ ᠨᠢ ᠬᠢᠴᠢᠶᠡᠭᠰᠡᠨ
ᠳᠠᠪᠲᠠᠵᠤ ᠪᠠᠢᠭᠠᠳ ᠤᠨᠲᠠᠭᠤᠯᠤᠭᠰᠠᠨ
ᠳᠠᠩᠴᠤ ᠬᠠᠢᠷᠠᠯᠠᠨ ᠥᠰᠬᠡᠭᠰᠡᠨ
ᠡᠷᠪᠡᠩ ᠳᠠᠷᠪᠠᠩ ᠠᠯᠬᠤᠬᠤ ᠳ᠋ᠤ᠌ ᠨᠢ
ᠡᠩᠬᠡᠭᠡ ᠪᠠᠳᠠᠢ ᠡᠮᠦᠰᠬᠡᠭᠰᠡᠨ
ᠡᠵᠢ ᠠ᠋ ᠠᠪᠤ ᠠ᠋ ᠳᠠᠭᠤᠳᠠᠬᠤ ᠳ᠋ᠤ᠌ ᠨᠢ
ᠡᠨᠡᠷᠢᠯ ᠦ᠋ᠨ ᠰᠦ ᠪᠡᠨ ᠢᠪᠢᠯᠭᠡᠭᠰᠡᠨ
ᠠᠷᠭᠠᠯ ᠲᠦᠯᠡᠰᠢᠨ ᠳ᠋ᠦ᠍ ᠶᠠᠪᠤᠪᠠᠴᠤ
ᠠᠷᠤᠨᠰᠢ ᠪᠠᠨ ᠰᠠᠨᠠᠭᠠᠰᠢᠷᠠᠨ ᠪᠣᠳᠣᠳᠠᠭ
ᠤᠰᠤ ᠴᠠᠰᠤᠨ ᠳ᠋ᠤ᠌ ᠶᠠᠪᠤᠪᠠᠴᠤ
ᠤᠬᠤᠷᠢᠵᠤ ᠰᠠᠨᠠᠨ ᠪᠣᠳᠣᠳᠠᠭ
ᠡᠩᠭᠡᠷ ᠳᠡᠭᠡᠷ᠎ᠡ ᠪᠡᠨ ᠰᠠᠭᠤᠯᠭᠠᠭᠠᠳ
ᠡᠯᠢᠭᠡᠨ ᠳᠡᠭᠡᠷ᠎ᠡ ᠪᠡᠨ ᠲᠡᠪᠡᠷᠢᠭᠰᠡᠨ
ᠡᠨᠡᠷᠢᠯ ᠶᠡᠬᠡᠲᠦ ᠡᠵᠢ ᠶ᠋ᠢᠨ ᠬᠢᠨᠢ
ᠡᠷᠬᠢᠮ ᠠᠴᠢᠯᠠᠯ ᠢ᠋ ᠨᠢ ᠬᠠᠷᠢᠭᠤᠯᠠᠮᠤ!
ᠭᠤᠷᠪᠠᠨ ᠨᠠᠰᠤ ᠶ᠋ᠢ ᠬᠦᠷᠴᠦ
ᠭᠤᠯᠤᠭᠠᠨᠠᠨ ᠱᠤᠯᠤᠭᠠᠨᠠᠨ ᠶᠠᠷᠢᠬᠤ ᠳ᠋ᠤ᠌ ᠨᠢ
ᠭᠤᠯᠭᠤᠵᠤ ᠮᠥᠯᠬᠥᠨ ᠨᠠᠭᠠᠳᠴᠤ
ᠭᠤᠯᠠᠰᠴᠤ ᠲᠣᠰᠴᠤ ᠶᠠᠪᠤᠬᠤ ᠳ᠋ᠤ᠌ ᠨᠢ
ᠭᠤᠢᠪᠢᠨ ᠲᠤᠢᠪᠢᠨ ᠠᠯᠬᠤᠬᠤ ᠳ᠋ᠤ᠌ ᠨᠢ
ᠭᠤᠲᠤᠯ ᠪᠣᠢᠲᠣᠭ ᠢ᠋ ᠡᠮᠦᠰᠦᠭᠦᠯᠦᠭᠰᠡᠨ
ᠭᠤᠩᠭᠠᠯᠠᠵᠤ ᠭᠠᠩᠭᠠᠯᠠᠵᠤ ᠵᠠᠰᠠᠭᠰᠠᠨ
ᠭᠣᠢᠳᠠ ᠬᠠᠢᠷᠠᠯᠠᠨ ᠰᠠᠨᠠᠭᠰᠠᠨ
ᠤᠬᠢᠯᠠᠵᠤ ᠨᠢᠭᠡ ᠠᠶᠤᠯᠭᠠᠪᠠᠯ
ᠪᠦᠪᠡᠢᠯᠡᠵᠦ ᠨᠢᠭᠡ ᠠᠷᠭᠠᠳᠠᠭᠰᠠᠭᠠᠷ
ᠤᠢᠳᠬᠠᠷ ᠰᠡᠷᠭᠦᠭᠡᠬᠦ ᠨᠠᠭᠠᠳᠤᠮ ᠢ᠋
ᠤᠷᠠᠨ ᠠᠪᠤ ᠪᠠᠷ ᠨᠢ ᠬᠢᠯᠭᠡᠭᠰᠡᠨ
ᠡᠪᠦᠯ ᠦ᠋ᠨ ᠰᠥᠨᠢ ᠶ᠋ᠢᠨ ᠤᠷᠲᠤ ᠳ᠋ᠤ᠌ ᠨᠢ
ᠥᠨᠳᠡᠢᠨ ᠥᠨᠳᠡᠢᠨ ᠬᠥᠬᠥᠭᠦᠯᠦᠭᠰᠡᠨ
ᠦᠨᠡᠨ ᠬᠠᠢᠷᠠᠲᠠᠢ ᠡᠵᠢ ᠶ᠋ᠢᠨ ᠬᠢᠨᠢ
ᠥᠨᠳᠥᠷ ᠠᠴᠢᠯᠠᠯ ᠢ᠋ ᠨᠢ ᠬᠠᠷᠢᠭᠤᠯᠠᠮᠤ ᠃
ᠳᠥᠷᠪᠡᠨ ᠨᠠᠰᠤ ᠶ᠋ᠢ ᠬᠦᠷᠬᠦ ᠳ᠋ᠦ᠍ ᠨᠢ
ᠳᠦᠢᠪᠡᠭᠡᠵᠦ ᠳᠡᠷᠪᠡᠢᠭᠡᠳ ᠭᠦᠶᠦᠬᠦ ᠳ᠋ᠦ᠍ ᠨᠢ
ᠲᠥᠷᠥᠯ ᠰᠠᠳᠤᠨ ᠨᠢ ᠥᠬᠥᠭᠡᠷᠳᠡᠨ
ᠲᠦᠯᠬᠢᠵᠦ ᠲᠠᠲᠠᠭᠠᠳ ᠬᠥᠲᠥᠯᠦᠭᠰᠡᠨ
ᠤᠯᠠᠭᠠᠨ ᠭᠠᠯ ᠳᠡᠭᠡᠷ᠎ᠡ ᠤᠨᠠᠬᠤ ᠪᠣᠢ
ᠬᠢᠲᠤᠭ᠎ᠠ ᠰᠢᠪᠦᠭᠡᠨ ᠳ᠋ᠦ᠍ ᠡᠨᠳᠡᠬᠦ ᠪᠣᠢ
ᠤᠯᠤᠰ ᠤ᠋ᠨ ᠬᠡᠦᠬᠡᠳ ᠲᠦ᠍ ᠬᠣᠣᠷᠯᠠᠭᠳᠠᠬᠤ ᠪᠣᠢ
ᠤᠶᠠᠭ᠎ᠠ ᠲᠠᠢ ᠮᠣᠷᠢᠨ ᠳ᠋ᠤ᠌ ᠣᠷᠣᠬᠤ ᠪᠣᠢ
ᠠᠭᠤᠷ ᠲᠠᠢ ᠨᠣᠬᠠᠢ ᠳ᠋ᠤ᠌ ᠬᠠᠵᠠᠭᠳᠠᠴᠢᠬᠠᠬᠤ ᠪᠣᠢ
ᠤᠰᠤ ᠰᠢᠪᠠᠷ ᠲᠤ᠌ ᠵᠢᠪᠬᠦ ᠪᠣᠢ
ᠤᠨᠲᠠᠵᠤ ᠪᠠᠢᠭᠠᠳ ᠰᠣᠴᠢᠬᠤ ᠪᠣᠢ
ᠤᠬᠢᠯᠠᠵᠤ ᠪᠠᠢᠭᠠᠳ ᠬᠥᠰᠢᠬᠦ ᠪᠣᠢ ᠭᠡᠵᠦ
ᠤᠯᠠᠮ ᠶᠡᠬᠡ ᠪᠡᠷ ᠬᠢᠴᠢᠶᠡᠵᠦ
ᠤᠶᠠᠷᠠᠨ ᠵᠣᠪᠠᠵᠤ ᠥᠰᠬᠡᠭᠰᠡᠨ
ᠤᠬᠠᠭᠠᠨᠲᠤ ᠪᠤᠭᠤᠷᠤᠯ ᠡᠵᠢ ᠶ᠋ᠢᠨ ᠬᠢᠨᠢ
ᠠᠭᠤᠳᠠᠮ ᠠᠴᠢᠯᠠᠯ ᠢ᠋ ᠨᠢ ᠬᠠᠷᠢᠭᠤᠯᠠᠮᠤ ᠃
ᠲᠠᠪᠤᠨ ᠨᠠᠰᠤ ᠶ᠋ᠢ ᠬᠦᠷᠴᠦ
ᠲᠠᠯ᠎ᠠ ᠶ᠋ᠢ ᠲᠣᠭᠣᠷᠢᠨ ᠭᠦᠶᠦᠬᠦ ᠳ᠋ᠦ᠍ ᠨᠢ
ᠲᠠᠲᠠᠵᠤ ᠨᠠᠭᠠᠰᠢ ᠨᠢ ᠠᠪᠴᠢᠷᠠᠭᠠᠳ
ᠲᠡᠷᠯᠡᠨ ᠲᠤᠭᠤᠯ ᠢ᠋ ᠴᠢᠩᠭᠠᠭᠠᠯᠭᠠᠭᠰᠠᠨ
ᠲᠠᠨ ᠤ᠋ ᠮᠠᠨ ᠤ᠋ ᠬᠢ ᠶ᠋ᠢ ᠲᠠᠨᠢᠭᠤᠯᠵᠤ
ᠲᠠᠪᠯᠠᠭᠠᠳ ᠰᠠᠢᠬᠠᠨ ᠬᠤᠪᠴᠠᠯᠠᠵᠤ
ᠲᠠᠨ᠎ᠠ ᠰᠤᠪᠤᠳ ᠢ᠋ᠶ᠋ᠠᠷ ᠴᠢᠮᠡᠭᠯᠡᠵᠦ
ᠲᠠᠷᠠᠭ ᠠᠢᠷᠠᠭ ᠢ᠋ᠶ᠋ᠠᠷ ᠲᠡᠵᠢᠭᠡᠭᠰᠡᠨ
ᠬᠠᠬᠢᠷ ᠬᠦᠢᠲᠡᠨ ᠳ᠋ᠦ᠍ ᠲᠠᠭᠠᠷᠠᠬᠤ ᠪᠣᠢ
ᠬᠠᠯᠠᠭᠤᠨ ᠨᠠᠷᠠᠨ ᠳ᠋ᠤ᠌ ᠰᠢᠷᠠᠭᠳᠠᠬᠤ ᠪᠣᠢ
ᠬᠠᠷᠠᠩᠭᠤᠢ ᠰᠥᠨᠢ ᠠᠶᠤᠬᠤ ᠪᠣᠢ
ᠬᠠᠨᠢᠶᠠᠳᠤ ᠲᠠᠭᠰᠢᠭᠤᠷ ᠬᠦᠷᠬᠦ ᠪᠣᠢ
ᠬᠠᠢᠴᠢ ᠰᠢᠪᠦᠭᠡᠨ ᠳ᠋ᠦ᠍ ᠡᠨᠳᠡᠬᠦ ᠪᠣᠢ
ᠬᠠᠳᠠ ᠮᠣᠳᠣᠨ ᠳ᠋ᠤ᠌ ᠴᠤ᠌ ᠪᠦᠳᠦᠷᠢᠬᠦ ᠪᠣᠢ
ᠬᠠᠯᠭᠤᠷᠢᠵᠤ ᠭᠤᠯᠭᠤᠷᠢᠵᠤ ᠣᠢᠴᠢᠬᠤ ᠪᠣᠢ
ᠬᠠᠴᠠᠷ ᠨᠢᠭᠤᠷ ᠢ᠋ᠶ᠋ᠠᠨ ᠰᠢᠯᠪᠤᠯᠴᠢᠬᠠᠬᠤ ᠪᠣᠢ ᠭᠡᠵᠦ
ᠡᠩᠬᠦᠷᠡᠢ ᠬᠣᠩᠭᠣᠷ ᠦᠷ᠎ᠡ ᠶ᠋ᠢ ᠪᠡᠨ
ᠡᠷᠳᠡᠨᠢ ᠮᠡᠲᠦ ᠬᠠᠢᠷᠠᠯᠠᠭᠰᠠᠨ
ᠡᠨᠡᠷᠢᠯ ᠶᠡᠬᠡᠲᠦ ᠡᠵᠢ ᠶ᠋ᠢᠨ ᠬᠢᠨᠢ
ᠡᠷᠬᠢᠮ ᠠᠴᠢᠯᠠᠯ ᠢ᠋ ᠨᠢ ᠬᠠᠷᠢᠭᠤᠯᠠᠮᠤ ᠃
ᠵᠢᠷᠭᠤᠭᠠᠨ ᠨᠠᠰᠤ ᠶ᠋ᠢ ᠬᠦᠷᠬᠦᠯᠡᠷ
ᠵᠤᠯᠵᠠᠭ᠎ᠠ ᠭᠡᠮᠡᠨ ᠪᠣᠢᠵᠢᠭᠤᠯᠤᠭᠰᠠᠨ
ᠵᠢᠷᠤᠮ ᠶᠣᠰᠣ ᠶ᠋ᠢ ᠲᠠᠨᠢᠭᠤᠯᠵᠤ
ᠵᠢᠷᠤᠭ ᠬᠤᠸᠠᠷ ᠢ᠋ ᠦᠵᠡᠭᠦᠯᠦᠭᠰᠡᠨ
ᠪᠤᠭᠤᠷᠤᠯ ᠨᠠᠰᠤᠲᠠᠨ ᠢ᠋ᠶ᠋ᠠᠨ ᠬᠦᠨᠳᠦᠯᠡᠬᠦ ᠶ᠋ᠢ
ᠪᠣᠰᠤᠨ ᠪᠣᠰᠤᠨ ᠵᠢᠭᠠᠭᠰᠠᠨ
ᠪᠤᠯᠪᠠᠷᠠᠢ ᠳᠡᠭᠦᠦ ᠪᠡᠨ ᠬᠠᠢᠷᠠᠯᠠᠬᠤ ᠶ᠋ᠢ
ᠪᠣᠳᠣᠨ ᠪᠣᠳᠣᠨ ᠵᠠᠬᠢᠭᠰᠠᠨ
ᠲᠥᠷᠥᠭᠰᠡᠨ ᠦᠰᠦ ᠶ᠋ᠢ ᠨᠢ ᠠᠪᠤᠭᠠᠳ
ᠲᠥᠭᠥᠷᠢᠭ ᠭᠡᠵᠢᠭᠡ ᠲᠠᠯᠪᠢᠭᠰᠠᠨ
ᠴᠢᠬᠢ ᠶ᠋ᠢ ᠨᠢ ᠵᠢᠷᠭᠤᠭ᠎ᠠ ᠬᠠᠪᠴᠢᠵᠤ
ᠴᠢᠮᠡᠭ ᠵᠡᠭᠦᠯᠭᠡᠬᠦ ᠪᠡᠷ ᠪᠡᠯᠡᠳᠬᠡᠭᠰᠡᠨ
ᠵᠡᠭᠦᠨ ᠪᠠᠷᠠᠭᠤᠨ ᠢ᠋ ᠮᠡᠳᠡᠭᠦᠯᠵᠦ
ᠵᠦᠭ ᠴᠢᠭ ᠢ᠋ ᠲᠠᠨᠢᠭᠤᠯᠤᠭᠰᠠᠨ
ᠲᠣᠭ᠎ᠠ ᠬᠡᠮᠵᠢᠶ᠎ᠡ ᠶ᠋ᠢ ᠣᠢᠯᠠᠭᠠᠭᠤᠯᠵᠤ
ᠲᠣᠮᠵᠢᠶ᠎ᠠ ᠲᠥᠯᠥᠪ ᠢ᠋ ᠣᠯᠭᠣᠭᠰᠠᠨ
ᠵᠢᠯ ᠰᠠᠷ᠎ᠠ ᠶ᠋ᠢ ᠴᠡᠭᠡᠵᠢᠯᠡᠭᠦᠯᠵᠦ
ᠵᠢᠩ ᠯᠠᠩ ᠢ᠋ ᠮᠡᠳᠡᠭᠦᠯᠦᠭᠰᠡᠨ
ᠵᠢᠩᠬᠢᠨᠢ ᠬᠠᠢᠷᠠᠲᠤ ᠡᠵᠢ ᠶ᠋ᠢᠨ ᠬᠢᠨᠢ
ᠠᠴᠢᠯᠠᠯ ᠢ᠋ ᠨᠢ ᠳᠤᠷᠠᠰᠬᠠᠨ ᠬᠠᠷᠢᠭᠤᠯᠠᠮᠤ ᠃
ᠳᠣᠯᠣᠭᠠᠨ ᠨᠠᠰᠤ ᠶ᠋ᠢ ᠬᠦᠷᠬᠦ ᠳ᠋ᠦ᠍ ᠨᠢ
ᠳᠣᠣᠷᠠᠬᠢ ᠳᠡᠭᠡᠷᠡᠬᠢ ᠶ᠋ᠢ ᠢᠯᠭᠠᠬᠤ ᠳ᠋ᠤ᠌ ᠨᠢ
ᠲᠣᠪᠴᠢ ᠰᠢᠯᠪᠢ ᠶ᠋ᠢ ᠡᠮᠵᠢᠭᠦᠯᠦᠭᠰᠡᠨ
ᠲᠣᠭᠲᠠᠭᠤᠨ ᠨᠣᠮᠣᠬᠠᠨ ᠰᠤᠷᠭᠠᠭᠰᠠᠨ
ᠲᠣᠮᠣᠭ᠎ᠠ ᠦᠭᠡᠢ ᠪᠢᠲᠡᠭᠡᠢ ᠵᠠᠩᠨᠠᠭᠠᠷᠠᠢ
ᠲᠣᠭᠣᠮᠵᠢ ᠦᠭᠡᠢ ᠪᠢᠲᠡᠭᠡᠢ ᠶᠠᠪᠤᠭᠠᠷᠠᠢ ᠭᠡᠵᠦ
ᠳᠣᠭᠰᠢᠨ ᠳᠣᠷᠢᠭᠤᠨ ᠬᠡᠯᠡᠪᠡᠴᠦ
ᠳᠣᠲᠣᠷ᠎ᠠ ᠪᠠᠨ ᠶᠡᠬᠡ ᠯᠡ ᠰᠠᠨᠠᠵᠤ
ᠤᠲᠠᠰᠤᠨ ᠰᠦᠪᠡᠭᠴᠢ ᠭᠠᠷᠭᠠᠬᠤ ᠳ᠋ᠤ᠌
ᠤᠷᠠᠨ ᠰᠠᠨᠵᠢ ᠶ᠋ᠢ ᠣᠯᠬᠤ ᠳ᠋ᠤ᠌
ᠡᠪ ᠳᠠᠮ ᠲᠠᠢ ᠪᠠᠢᠬᠤ ᠶ᠋ᠢ
ᠡᠬᠢᠯᠡᠨ ᠴᠢᠩᠭ᠎ᠠ ᠰᠤᠷᠭᠠᠭᠰᠠᠨ
ᠭᠠᠩ ᠬᠠᠢᠴᠢᠨ ᠤ᠋ ᠪᠠᠷᠢᠭᠤᠯ ᠢ᠋
ᠭᠠᠷ ᠲᠤ᠌ ᠨᠢ ᠡᠪ ᠲᠡᠢ ᠠᠳᠬᠤᠭᠤᠯᠤᠭᠰᠠᠨ
ᠭᠠᠢᠬᠠᠮ᠎ᠠ ᠤᠷᠠᠨ ᠪᠣᠯᠬᠤ ᠳ᠋ᠤ᠌ ᠨᠢ
ᠭᠠᠷ ᠤᠬᠠᠭᠠᠨ ᠢ᠋ ᠳᠠᠰᠬᠠᠭᠰᠠᠨ
ᠵᠦᠢᠳᠡᠰᠦ ᠥᠭᠡᠳᠡᠰᠦ ᠨᠡᠢᠯᠡᠭᠦᠯᠬᠦ ᠶ᠋ᠢᠨ
ᠵᠦᠢ ᠶ᠋ᠢ ᠨᠢ ᠰᠠᠢᠬᠠᠨ ᠮᠡᠳᠡᠭᠦᠯᠦᠭᠰᠡᠨ
ᠵᠡᠭᠦᠦ ᠤᠲᠠᠰᠤᠨ ᠤ᠋ ᠦᠢᠯᠡ ᠶ᠋ᠢᠨ
ᠵᠦᠭ ᠲᠦ᠍ ᠨᠢ ᠠᠶᠠᠲᠠᠢ ᠣᠷᠣᠭᠤᠯᠤᠭᠰᠠᠨ
ᠠᠮᠠᠷᠠᠭ ᠬᠣᠩᠭᠣᠷ ᠦᠷ᠎ᠡ ᠶ᠋ᠢ ᠪᠡᠨ
ᠠᠯᠭᠠᠰᠠᠯ ᠦᠭᠡᠢ ᠰᠠᠨᠠᠨ ᠰᠤᠷᠭᠠᠭᠰᠠᠨ
ᠠᠵᠢᠯᠴᠢ ᠤᠷᠠᠨ ᠡᠵᠢ ᠶ᠋ᠢᠨ ᠬᠢᠨᠢ
ᠠᠴᠢᠯᠠᠯ ᠢ᠋ ᠬᠦᠨᠳᠦᠳᠬᠡᠨ ᠬᠠᠷᠢᠭᠤᠯᠠᠮᠤ ᠃
ᠨᠠᠢ᠍ᠮᠠᠨ ᠨᠠᠰᠤ ᠲᠠᠢ ᠪᠣᠯᠵᠤ
ᠨᠠᠷᠢᠨ ᠵᠡᠭᠦᠦ ᠶ᠋ᠢ ᠪᠠᠷᠢᠬᠤ ᠳ᠋ᠤ᠌ ᠨᠢ
ᠨᠠᠪᠴᠢ ᠴᠡᠴᠡᠭ ᠢ᠋ ᠤᠷᠠᠯᠠᠭᠤᠯᠵᠤ
ᠨᠠᠭᠠᠮᠠᠯ ᠤᠭᠠᠯᠵᠠ ᠶ᠋ᠢ ᠬᠠᠳᠬᠤᠭᠤᠯᠤᠭᠰᠠᠨ
ᠨᠠᠷᠠᠨ ᠰᠠᠷᠠᠨ ᠢ᠋ ᠰᠡᠢᠯᠦᠭᠦᠯᠵᠦ
ᠨᠠᠴᠢᠨ ᠭᠠᠷᠤᠳᠢ ᠶ᠋ᠢ ᠵᠢᠷᠤᠭᠤᠯᠤᠭᠰᠠᠨ
ᠨᠠᠭᠠᠳᠴᠤ ᠭᠦᠶᠦᠬᠦ ᠶ᠋ᠢ ᠨᠢ ᠪᠠᠭᠠᠰᠬᠠᠵᠤ
ᠨᠠᠮᠤᠭᠤᠨ ᠲᠣᠭᠲᠠᠭᠤᠨ ᠰᠤᠷᠭᠠᠭᠰᠠᠨ
ᠨᠢᠯᠬ᠎ᠠ ᠪᠠᠭ᠎ᠠ ᠪᠠᠨ ᠬᠠᠢᠷᠠᠯᠠᠬᠤ
ᠨᠠᠰᠤᠲᠠᠨ ᠶᠡᠬᠡᠰ ᠢ᠋ᠶ᠋ᠡᠨ ᠬᠦᠨᠳᠦᠯᠡᠬᠦ
ᠨᠢᠮᠪᠠᠢ ᠬᠢᠴᠢᠶᠡᠩᠭᠦᠢ ᠪᠠᠢᠬᠤ ᠶ᠋ᠢ
ᠨᠢᠭᠲᠠ ᠰᠤᠷᠭᠠᠨ ᠵᠠᠬᠢᠭᠰᠠᠨ
ᠡᠩᠬᠦᠷᠡᠢ ᠬᠣᠩᠭᠣᠷ ᠦᠷ᠎ᠡ ᠪᠡᠨ
ᠡᠯᠢᠭᠡ ᠡᠮᠲᠡᠷᠡᠮ᠎ᠡ ᠰᠠᠨᠠᠭᠰᠠᠨ
ᠡᠨᠡᠷᠢᠯ ᠶᠡᠬᠡᠲᠦ ᠡᠵᠢ ᠶ᠋ᠢᠨ ᠬᠢᠨᠢ
ᠡᠷᠬᠢᠮ ᠠᠴᠢᠯᠠᠯ ᠢ᠋ ᠬᠠᠷᠢᠭᠤᠯᠠᠮᠤ ᠃
ᠶᠢᠰᠦᠨ ᠨᠠᠰᠤ ᠶ᠋ᠢ ᠬᠦᠷᠴᠦ
ᠶᠡᠷᠦᠳᠡ ᠶ᠋ᠢᠨ ᠶᠣᠰᠣ ᠶ᠋ᠢ ᠰᠤᠷᠬᠤ ᠳ᠋ᠤ᠌ ᠨᠢ
ᠤᠷᠤᠭᠤ ᠱᠤᠷᠤᠭᠤ ᠶ᠋ᠢ ᠣᠶᠣᠭᠤᠯᠵᠤ
ᠤᠷᠠᠨ ᠦᠢᠯᠡ ᠶ᠋ᠢ ᠪᠦᠷᠢᠳᠦᠭᠦᠯᠦᠭᠰᠡᠨ
ᠤᠤᠭᠤᠵᠤ ᠢᠳᠡᠬᠦ ᠪᠡᠨ ᠮᠠᠷᠲᠠᠨ
ᠤᠨᠲᠠᠬᠤ ᠨᠣᠢᠷ ᠢ᠋ᠶ᠋ᠠᠨ ᠬᠠᠶᠠᠨ
ᠠᠭᠤᠰᠬᠢ ᠵᠢᠷᠦᠬᠡ ᠪᠡᠨ ᠠᠭᠤᠳᠠᠯᠤᠨ
ᠤᠢᠳᠤᠯ ᠦᠭᠡᠢ ᠬᠥᠮᠦᠵᠢᠭᠦᠯᠦᠭᠰᠡᠨ
ᠤᠷᠭᠤᠵᠤ ᠪᠣᠢᠵᠢᠬᠤ ᠨᠠᠰᠤᠨ ᠳ᠋ᠤ᠌ ᠨᠢ
ᠣᠶᠤᠨ ᠪᠢᠯᠢᠭ ᠢ᠋ ᠨᠢ ᠨᠡᠮᠡᠭᠳᠡᠭᠦᠯᠦᠭᠰᠡᠨ
ᠡᠨᠡᠷᠢᠯ ᠵᠤᠵᠠᠭᠠᠨ ᠡᠵᠢ ᠶ᠋ᠢᠨ ᠬᠢᠨᠢ
ᠡᠷᠬᠢᠮ ᠠᠴᠢᠯᠠᠯ ᠢ᠋ ᠬᠠᠷᠢᠭᠤᠯᠠᠮᠤ
ᠠᠷᠪᠠᠨ ᠨᠠᠰᠤ ᠶ᠋ᠢ ᠬᠦᠷᠴᠦ
ᠠᠯᠢᠶᠠᠯᠠᠵᠤ ᠨᠠᠭᠠᠳᠬᠤ ᠶ᠋ᠢ ᠨᠢ ᠴᠥᠭᠡᠴᠢᠯᠡᠬᠦ ᠳ᠋ᠦ᠍
ᠠᠭᠠᠰᠢ ᠵᠠᠩ ᠢ᠋ ᠨᠢ ᠵᠠᠰᠠᠵᠤ
ᠠᠵᠢᠯ ᠤ᠋ᠨ ᠶᠡᠬᠡ ᠶ᠋ᠢ ᠰᠤᠷᠭᠠᠭᠰᠠᠨ
ᠠᠷᠠᠳ ᠤ᠋ᠨ ᠰᠤᠷᠭᠠᠭᠤᠯᠢ ᠳ᠋ᠤ᠌ ᠣᠷᠣᠭᠤᠯᠵᠤ
ᠠᠴᠢᠲᠤ ᠪᠠᠭᠰᠢ ᠳ᠋ᠤ᠌ ᠳᠡᠪᠰᠢᠭᠦᠯᠵᠦ
ᠠ ᠠ᠋ ᠶ᠋ᠢ ᠲᠠᠨᠢᠭᠤᠯᠵᠤ
ᠠᠯᠲᠠᠨ ᠦᠰᠦᠭ ᠢ᠋ ᠰᠤᠷᠭᠠᠭᠰᠠᠨ
ᠡᠷᠳᠡᠮ ᠪᠣᠯᠪᠠᠰᠤᠷᠠᠯ ᠳ᠋ᠤ᠌ ᠬᠢᠴᠢᠶᠡᠯᠭᠡᠭᠰᠡᠨ
ᠡᠷᠬᠢᠮ ᠦᠢᠯᠡᠰ ᠲᠦ᠍ ᠮᠡᠷᠡᠢᠯᠭᠡᠭᠰᠡᠨ
ᠡᠨᠡᠷᠢᠯ ᠵᠤᠵᠠᠭᠠᠨ ᠡᠵᠢ ᠶ᠋ᠢᠨ ᠬᠢᠨᠢ
ᠡᠷᠬᠢᠮ ᠠᠴᠢᠯᠠᠯ ᠢ᠋ ᠬᠠᠷᠢᠭᠤᠯᠠᠮᠤ ᠃
ᠠᠷᠪᠠᠨ ᠬᠡᠳᠦ ᠶ᠋ᠢ ᠥᠩᠭᠡᠷᠡᠭᠡᠳ
ᠬᠣᠷᠢᠨ ᠨᠠᠰᠤ ᠶ᠋ᠢ ᠠᠶᠠᠳᠬᠤ ᠳ᠋ᠤ᠌ ᠨᠢ
ᠠᠯᠢ ᠰᠠᠢᠬᠠᠨ ᠢ᠋ᠶ᠋ᠠᠨ ᠡᠮᠦᠰᠦᠭᠦᠯᠵᠦ
ᠠᠯᠲᠠ ᠮᠥᠩᠭᠥ ᠶ᠋ᠢ ᠡᠳ᠋ᠯᠡᠭᠦᠯᠦᠭᠰᠡᠨ
ᠵᠠᠩ ᠰᠠᠢᠲᠠᠢ ᠶᠠᠪᠤᠭ ᠠ᠋ ᠭᠡᠵᠦ
ᠵᠠᠬᠢᠵᠤ ᠣᠯᠠᠨ ᠰᠤᠷᠭᠠᠭᠰᠠᠨ ᠢ᠋
ᠠᠵᠢᠯ ᠰᠠᠢᠲᠠᠢ ᠪᠣᠯᠤᠭ ᠭᠡᠵᠦ
ᠠᠩᠬᠠᠷᠴᠤ ᠶᠡᠬᠡ ᠯᠡ ᠬᠥᠮᠦᠵᠢᠭᠦᠯᠦᠭᠰᠡᠨ
ᠬᠡᠦᠬᠡᠨ ᠦᠷ᠎ᠡ ᠪᠡᠨ ᠲᠡᠵᠢᠭᠡᠭᠡᠳ
ᠬᠥᠮᠦᠨ ᠦ᠌ ᠵᠡᠷᠭᠡ ᠳ᠋ᠦ᠍ ᠬᠦᠷᠭᠡᠭᠡᠳ
ᠬᠦᠨᠳᠦᠲᠦ ᠶᠣᠰᠣᠨ ᠢ᠋ ᠳᠠᠭᠠᠭᠤᠯᠤᠨ
ᠬᠦᠷᠭᠡᠨ ᠦ᠌ ᠭᠠᠵᠠᠷ ᠮᠣᠷᠳᠠᠭᠤᠯᠬᠤ ᠳ᠋ᠤ᠌
ᠥᠯᠥᠭᠡᠢ ᠲᠡᠢ ᠪᠠᠢᠬᠤ ᠠ᠋ᠴᠠ ᠨᠢ ᠡᠬᠢᠯᠡᠵᠦ
ᠥᠪᠡᠷ ᠦ᠋ᠨ ᠭᠡᠮᠡᠨ ᠪᠣᠳᠣᠵᠤ
ᠥᠯᠵᠡᠢ ᠲᠡᠢ ᠴᠠᠭ ᠨᠢ ᠣᠢᠷᠠᠳᠴᠤ
ᠦᠰᠦ ᠶ᠋ᠢ ᠨᠢ ᠵᠠᠳᠠᠯᠬᠤ ᠪᠣᠯᠤᠭᠰᠠᠨ ᠳ᠋ᠤ᠌
ᠲᠡᠭᠰᠢ ᠬᠣᠶᠠᠷ ᠴᠢᠬᠢᠨ ᠳ᠋ᠦ᠍ ᠨᠢ
ᠰᠣᠨᠣᠰᠬᠠᠯ ᠦᠭᠡᠢ ᠨᠢᠭᠤᠵᠤ
ᠳᠡᠯᠭᠡᠷᠡᠩᠭᠦᠢ ᠬᠣᠶᠠᠷ ᠨᠢᠳᠦᠨ ᠳ᠋ᠦ᠍ ᠨᠢ
ᠦᠵᠡᠭᠦᠯᠦᠯ ᠦᠭᠡᠢ ᠳᠠᠯᠳᠠᠯᠠᠵᠤ
ᠳᠠᠷᠬᠠᠨ ᠤ᠋ ᠰᠠᠢᠨ ᠢ᠋ ᠨᠢ ᠵᠠᠯᠠᠵᠤ
ᠳᠠᠪᠲᠠᠮᠠᠯ ᠮᠥᠩᠭᠥ ᠶ᠋ᠢ ᠴᠠᠪᠴᠢᠭᠤᠯᠤᠭᠰᠠᠨ
ᠤᠷᠠᠨ ᠤ᠋ ᠰᠠᠢᠨ ᠢ᠋ ᠨᠢ ᠤᠷᠢᠵᠤ
ᠤᠭᠠᠯᠵᠠ ᠲᠠᠢ ᠬᠤᠪᠴᠠᠰᠤ ᠶ᠋ᠢ ᠣᠶᠣᠭᠤᠯᠤᠭᠰᠠᠨ
ᠡᠭᠡᠰᠢᠭᠲᠦ ᠳᠠᠭᠤᠤ ᠶ᠋ᠢ ᠡᠷᠭᠦᠯᠴᠡᠨ
ᠡᠵᠢ ᠠᠪᠤ ᠶ᠋ᠢ ᠨᠢ ᠤᠶᠠᠷᠠᠭᠤᠯᠵᠤ
ᠡᠯᠢᠭᠡᠨ ᠰᠠᠳᠤᠨ ᠢ᠋ ᠨᠢ ᠴᠤᠭᠯᠠᠭᠤᠯᠵᠤ
ᠡᠩ ᠦᠭᠡᠢ ᠨᠠᠢᠷ ᠢ᠋ ᠪᠡᠯᠡᠳᠬᠡᠵᠦ
ᠬᠠᠮᠢᠶᠠᠲᠠᠨ ᠰᠠᠳᠤᠨ ᠢ᠋ ᠨᠢ ᠵᠠᠯᠠᠵᠤ
ᠬᠠᠵᠠᠭᠤ ᠲᠠᠯ᠎ᠠ ᠠ᠋ᠴᠠ ᠨᠢ ᠲᠦᠰᠢᠭᠦᠯᠵᠦ
ᠦᠶ᠎ᠡ ᠶ᠋ᠢᠨ ᠨᠥᠬᠥᠳ ᠢ᠋ ᠨᠢ ᠠᠪᠴᠢᠷᠠᠵᠤ
ᠡᠮᠦᠨ᠎ᠡ ᠬᠣᠢᠨ᠎ᠠ ᠠ᠋ᠴᠠ ᠨᠢ ᠲᠦᠰᠢᠭᠦᠯᠵᠦ
ᠬᠠᠮᠪᠤ ᠲᠣᠷᠭ᠎ᠠ ᠶ᠋ᠢ ᠡᠮᠦᠰᠦᠭᠦᠯᠵᠦ
ᠬᠠᠮ ᠲᠡᠷᠭᠡᠨ ᠳ᠋ᠦ᠍ ᠰᠠᠭᠤᠯᠭᠠᠭᠠᠳ
ᠬᠠᠮᠤᠭ ᠰᠠᠳᠤᠨ ᠨᠢ ᠬᠦᠷᠢᠶᠡᠯᠡᠵᠦ
ᠬᠠᠷᠢᠯᠠᠭᠰᠠᠨ ᠭᠠᠵᠠᠷ ᠨᠢ ᠬᠦᠷᠭᠡᠭᠰᠡᠨ ᠳ᠋ᠦ᠍
ᠡᠷᠡᠯᠬᠡᠭ ᠮᠣᠩᠭᠣᠯ ᠤ᠋ᠨ ᠵᠠᠩᠰᠢᠯ
ᠡᠷᠲᠡᠨ ᠦ᠌ ᠰᠠᠢᠬᠠᠨ ᠳᠠᠳᠬᠠᠯ ᠢ᠋ᠶ᠋ᠠᠷ
ᠡᠴᠢᠭᠡ ᠳᠡᠭᠡᠳᠦᠰ ᠦ᠋ᠨ ᠦᠶ᠎ᠡ ᠶ᠋ᠢᠨ
ᠡᠷᠬᠢᠮ ᠠᠷᠢᠭᠤᠨ ᠤᠳᠤᠮᠰᠢᠯ ᠢ᠋ᠶ᠋ᠠᠷ
ᠡᠯᠢᠭᠡᠨ ᠬᠠᠢᠷᠠᠲᠤ ᠦᠷ᠎ᠡ ᠶ᠋ᠢ ᠪᠡᠨ
ᠡᠩᠬᠦᠷᠡᠢᠯᠡᠨ ᠪᠦᠪᠡᠢᠯᠡᠵᠦ ᠥᠰᠬᠡᠭᠰᠡᠨ
ᠡᠨᠡᠷᠢᠯ ᠶᠡᠬᠡᠲᠡᠢ ᠡᠵᠢ ᠲᠠᠨ ᠤ᠋
ᠡᠬᠡ ᠶ᠋ᠢᠨ ᠴᠠᠭᠠᠨ ᠰᠦ ᠶ᠋ᠢ ᠬᠠᠷᠢᠭᠤᠯᠠᠬᠤ ᠨᠢ ᠄
ᠠᠯᠲᠠᠨ ᠠᠶᠠᠭᠠᠨ ᠳ᠋ᠤ᠌ ᠮᠡᠯᠮᠡᠯᠵᠡᠭᠦᠯᠦᠭᠰᠡᠨ
ᠠᠩᠭᠢᠷ ᠴᠠᠭᠠᠨ ᠰᠦ
ᠠᠷᠲᠠᠢ ᠲᠣᠷᠭᠠᠨ ᠳᠡᠭᠡᠷ᠎ᠡ
ᠠᠯᠠᠭᠯᠠᠵᠤ ᠨᠡᠬᠡᠭᠰᠡᠨ ᠬᠡᠪᠢᠰ ᠲᠡᠷᠢᠭᠦᠲᠡᠨ ᠢ᠋
ᠤᠶᠠᠬᠠᠨ ᠬᠣᠩᠭᠣᠷ ᠦᠷ᠎ᠡ ᠶ᠋ᠢ ᠪᠡᠨ
ᠤᠭᠲᠤᠨ ᠪᠠᠭᠤᠯᠭᠠᠬᠤ ᠶ᠋ᠢᠨ ᠤᠴᠢᠷ ᠲᠤ᠌
ᠤᠷᠤᠭ ᠬᠣᠲᠠ ᠶ᠋ᠢᠨ ᠴᠢᠨᠢ ᠭᠠᠵᠠᠷ ᠠ᠋ᠴᠠ
ᠬᠠᠷᠠᠮᠵᠢ ᠪᠣᠯᠭᠠᠨ ᠳᠡᠪᠰᠢᠭᠦᠯᠵᠦ ᠪᠠᠢᠨ᠎ᠠ ᠃
ᠪᠤᠯᠪᠠᠷᠠᠢ ᠬᠠᠢᠷᠠᠲᠤ ᠦᠷ᠎ᠡ ᠶ᠋ᠢ ᠪᠡᠨ
ᠪᠣᠭᠲᠣᠯᠠᠨ ᠪᠠᠭᠤᠯᠭᠠᠬᠤ ᠶ᠋ᠢᠨ ᠤᠴᠢᠷ ᠲᠤ᠌
ᠪᠤᠶᠠᠨ ᠢᠪᠡᠭᠡᠯ ᠲᠡᠭᠦᠰ
ᠪᠤᠭᠤᠷᠤᠯ ᠡᠵᠢ ᠲᠠᠨ ᠳ᠋ᠤ᠌
ᠬᠠᠷᠢ ᠤᠷᠤᠭ ᠤ᠋ᠨ ᠴᠢᠨᠢ ᠭᠠᠵᠠᠷ ᠠ᠋ᠴᠠ
ᠬᠠᠷᠠᠮᠵᠢ ᠪᠣᠯᠭᠠᠨ ᠳᠡᠪᠰᠢᠭᠦᠯᠵᠦ ᠪᠠᠢᠨ᠎ᠠ
ᠬᠠᠮᠤᠭ ᠰᠠᠢᠬᠠᠨ ᠤᠴᠠᠷᠠᠯ ᠪᠦᠷᠢᠯᠳᠦᠨ
ᠬᠠᠮᠲᠤ ᠲᠡᠭᠰᠢᠳᠡ ᠵᠢᠷᠭᠠᠬᠤ ᠪᠣᠯᠲᠤᠭᠠᠢ !

   ᠦᠰᠦᠭ ᠠᠮᠢᠯᠠᠭᠤᠯᠤᠭᠴᠢ ᠂ ᠬᠠᠳᠠᠭᠴᠢ ᠄ ᠾᠦᠩ ᠸᠸᠢ
   ᠬᠢᠨᠠᠯᠲᠠ᠄ ᠮᠦᠴᠢᠷ᠂ ᠮᠤᠩᠭᠤᠯ ᠰᠦᠨᠡᠰᠦ᠂ ᠱᠤᠳᠤᠷᠭᠤ