ᠣᠷᠳᠣᠰ ᠮᠣᠩᠭᠣᠯᠴᠤᠳ ᠊ᠤᠨ ᠭᠠᠯ ᠲᠠᠬᠢᠬᠤ ᠶᠣᠰᠣᠨ- ᠮᠢᠩᠭᠠᠲᠤ ᠮᠡᠷᠭᠡᠨᠪᠢᠯᠢᠭОрдос Монголчуудын гал тахих ёсон-Мянгат Мэргэнбилэг ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠳᠣᠰ ᠮᠣᠩᠭᠣᠯᠴᠤᠳ ᠊ᠤᠨ ᠭᠠᠯ ᠲᠠᠬᠢᠬᠤ ᠶᠣᠰᠣᠨ- ᠮᠢᠩᠭᠠᠲᠤ ᠮᠡᠷᠭᠡᠨᠪᠢᠯᠢᠭОрдос Монголчуудын гал тахих ёсон-Мянгат Мэргэнбилэг

ᠣᠷᠳᠣᠰ ᠮᠣᠩᠭᠣᠯᠴᠤᠳ ᠊ᠤᠨ ᠭᠠᠯ ᠲᠠᠬᠢᠬᠤ ᠶᠣᠰᠣᠨ- ᠮᠢᠩᠭᠠᠲᠤ ᠮᠡᠷᠭᠡᠨᠪᠢᠯᠢᠭОрдос Монголчуудын гал тахих ёсон-Мянгат Мэргэнбилэг

ᠠᠩᠭᠢᠯᠠᠯ:ᠵᠠᠩ ᠦᠢᠯᠡ
2025-01-22

3599

ᠣᠷᠳᠣᠰ ᠮᠣᠩᠭᠣᠯᠴᠤᠳ ᠤ᠋ᠨ ᠭᠠᠯ ᠲᠠᠬᠢᠬᠤ ᠶᠣᠰᠣᠨ

           ᠮᠢᠩᠭᠠᠲᠤ ᠮᠡᠷᠭᠡᠨᠪᠢᠯᠢᠭ  
1᠂ ᠡᠪᠴᠢᠭᠦᠦ ᠥᠳᠬᠡᠷᠡᠭᠦᠯᠬᠦ
 ᠣᠷᠳᠣᠰ ᠮᠣᠩᠭᠣᠯᠴᠤᠳ ᠡᠪᠴᠢᠭᠦᠦ ᠪᠡᠨ ᠴᠢᠨᠠᠬᠤ ᠶ᠋ᠢ ᠥᠳᠬᠡᠷᠡᠭᠦᠯᠬᠦ ᠭᠡᠳᠡᠭ᠃ ᠤᠷᠢᠳᠠᠪᠡᠷ ᠡᠪᠴᠢᠭᠦᠨ ᠳᠤ ᠪᠡᠨ ᠦᠯᠡᠳᠡᠭᠡᠭᠰᠡᠨ ᠬᠡᠷᠰᠡᠩ ᠢ᠋ᠶ᠋ᠡᠨ ᠬᠤᠢᠬᠠᠯᠠᠵᠤ ᠴᠡᠪᠡᠷᠯᠡᠭᠡᠳ ᠠᠷᠴᠠ ᠬᠦᠵᠢ ᠪᠡᠷ ᠡᠪᠴᠢᠭᠦᠦ ᠪᠡᠨ ᠠᠷᠢᠭᠤᠳᠬᠠᠨ ᠬᠤᠳᠳᠤᠭ ᠠ᠋ᠴᠠ ᠰᠢᠨ᠎ᠡ ᠤᠰᠤ ᠳᠠᠮᠨᠠᠵᠤ ᠢᠷᠡᠭᠡᠳ ᠲᠣᠭᠣᠭᠠᠨ ᠳ᠋ᠠᠭᠠᠨ ᠬᠢᠵᠦ᠂ ᠳᠠᠷᠠᠭ᠎ᠠ ᠨᠢ ᠲᠣᠭᠣᠭᠠᠨ ᠳ᠋ᠤ᠌ ᠪᠠᠨ ᠵᠢᠭᠠᠬᠠᠨ ᠰᠦ ᠠᠢᠷᠠᠭ ᠳᠤᠰᠤᠭᠠᠳᠠᠭ᠃ ᠬᠠᠷ᠎ᠠ ᠤᠰᠤᠨ ᠳ᠋ᠤ᠌ ᠡᠪᠴᠢᠭᠦᠦ ᠪᠡᠨ ᠴᠢᠨᠠᠬᠤ ᠶ᠋ᠢ ᠴᠡᠭᠡᠷᠯᠡᠨ᠎ᠡ᠃ ᠡᠭᠦᠨ ᠳ᠋ᠦ᠍ ᠳᠠᠪᠤᠰᠤ ᠬᠢᠳᠡᠭ ᠦᠭᠡᠢ᠃ ᠬᠠᠷᠢᠨ ᠠᠯᠢ ᠲᠣᠭᠰᠢᠨ ᠱᠦᠭᠦᠮᠡᠯ (ᠴᠥᠷᠮ᠎ᠡ) ᠬᠤᠷᠤᠳ᠂ ᠤᠯᠠᠭᠠᠨ ᠴᠢᠪᠠᠭ᠎ᠠ ᠬᠢᠳᠡᠭ᠃ ᠥᠭᠡᠷ᠎ᠡ ᠵᠦᠢᠯ ᠢ᠋ ᠬᠢᠳᠡᠭ ᠦᠭᠡᠢ᠃ ᠨᠡᠯᠢᠶᠡᠳ ᠴᠢᠨᠠᠭᠰᠠᠨ ᠤ᠋ ᠳᠠᠷᠠᠭ᠎ᠠ ᠠᠪᠢᠯᠠᠭ ᠢ᠋ᠶ᠋ᠠᠨ ᠬᠠᠮᠲᠤ ᠳ᠋ᠤᠨᠢ ᠴᠢᠨᠠᠳᠠᠭ᠃ ᠡᠪᠴᠢᠭᠦᠦ ᠪᠡᠨ ᠬᠡᠲᠦᠷᠬᠡᠢ ᠵᠥᠭᠡᠯᠡᠷᠡᠭᠦᠯᠵᠦ ᠶᠠᠰᠤ ᠮᠢᠬ᠎ᠠ ᠨᠢ ᠬᠤᠪᠢ ᠬᠤᠪᠢ ᠳ᠋ᠠᠭᠠᠨ ᠪᠣᠯᠬᠤ ᠶ᠋ᠢ ᠣᠨᠴᠠ ᠴᠡᠭᠡᠷᠯᠡᠨ᠎ᠡ᠃ ᠣᠷᠴᠢᠮ ᠤ᠋ᠨ ᠵᠢᠯ ᠦ᠋ᠳ ᠢ᠋ᠶ᠋ᠡᠷ ᠵᠠᠷᠢᠮ ᠠᠢᠯ ᠡᠷᠦᠬᠡ ᠨᠢ ᠦᠵᠦᠮ᠂ ᠪᠤᠷᠠᠮ (ᠬᠠᠷ᠎ᠠ ᠰᠢᠬᠢᠷ) ᠵᠡᠷᠭᠡ ᠶ᠋ᠢ ᠭᠠᠯ ᠤ᠋ᠨ ᠪᠤᠳᠠᠭᠠᠨ ᠳ᠋ᠤ᠌ ᠬᠢᠳᠡᠭ ᠪᠣᠯᠵᠠᠢ ᠡᠨᠡ ᠨᠢ ᠪᠠᠷᠤᠭ ᠥᠭᠡᠷ᠎ᠡ ᠦᠨᠳᠦᠰᠦᠲᠡᠨ ᠦ᠌ ᠰᠣᠶᠣᠯ ᠤ᠋ᠨ ᠨᠡᠪᠴᠢᠯᠲᠡ ᠡᠴᠡ ᠪᠣᠯᠤᠭᠰᠠᠨ ᠪᠣᠯᠤᠯᠲᠠᠢ᠃
 2᠂ ᠡᠪᠴᠢᠭᠦᠦ ᠴᠥᠮᠥᠬᠦ
 ᠴᠢᠨᠠᠵᠤ ᠪᠣᠯᠭᠣᠭᠰᠠᠨ ᠡᠪᠴᠢᠭᠦᠦ ᠪᠡᠨ ᠲᠣᠭᠣᠭᠠᠨ ᠠ᠋ᠴᠠ ᠪᠠᠨ ᠭᠠᠷᠭᠠᠬᠤ ᠳ᠋ᠠᠭᠠᠨ ᠵᠠᠭᠠᠮᠠᠯ ᠪᠤᠶᠤ ᠲᠠᠪᠰᠢᠨ ᠳ᠋ᠤ᠌ ᠭᠠᠷᠭᠠᠵᠤ ᠴᠥᠮᠥᠨ᠎ᠡ᠃ ᠴᠥᠮᠥᠬᠦ ᠳ᠋ᠡᠭᠡᠨ ᠳᠣᠣᠷᠠᠬᠢ ᠬᠡᠳᠦᠨ ᠵᠦᠢᠯ ᠢ᠋ ᠠᠩᠬᠠᠷᠬᠤ ᠴᠢᠬᠤᠯᠲᠠᠢ᠃
 (1) ᠭᠠᠷ ᠢ᠋ᠶ᠋ᠠᠨ ᠰᠠᠢᠨ ᠤᠬᠢᠶᠠᠵᠤ ᠠᠷᠢᠭᠤᠳᠬᠠᠬᠤ ᠬᠡᠷᠡᠭᠲᠡᠢ᠃
 (2) ᠳᠡᠪᠡᠯ ᠬᠤᠪᠴᠠᠰᠤᠨ ᠤ᠋ ᠲᠣᠪᠴᠢ ᠶ᠋ᠢ ᠰᠠᠢᠬᠠᠨ ᠲᠣᠪᠴᠢᠯᠠᠨ᠎ᠠ᠃
 (3) ᠮᠠᠯᠠᠭᠠᠢ ᠪᠠᠨ ᠲᠡᠭᠰᠢ ᠵᠡᠭᠦᠬᠦ ᠬᠡᠷᠡᠭᠲᠡᠢ᠃
 (4) ᠡᠪᠴᠢᠭᠦᠨ ᠦ᠌ ᠪᠦᠳᠦᠷᠬᠡᠢ ᠲᠠᠯ᠎ᠠ (ᠲᠣᠯᠣᠭᠠᠢ) ᠠ᠋ᠴᠠ ᠪᠠᠨ ᠡᠬᠢᠯᠡᠨ ᠮᠢᠬ᠎ᠠ ᠶ᠋ᠢ ᠨᠢ ᠴᠥᠮᠥᠨ᠎ᠡ᠃
 (5) ᠡᠪᠴᠢᠭᠦᠨ ᠦ᠌ ᠬᠤᠷᠤᠭᠤ (ᠵᠢᠵᠢᠭ ᠶᠠᠰᠤ) ᠠᠢᠮᠠᠲᠠᠭᠠᠢ ᠮᠥᠭᠡᠷᠡᠰᠦ᠂ ᠰᠦᠪᠡ (ᠰᠦᠪᠡᠷᠭᠡ)ᠵᠡᠷᠭᠡ ᠶᠠᠰᠤ ᠶ᠋ᠢ ᠵᠠᠪᠠᠯ ᠪᠦᠷᠢᠨ ᠪᠦᠲᠦᠨ ᠤᠭ ᠬᠡᠪ ᠢ᠋ᠶ᠋ᠡᠷ ᠢ᠋ᠶ᠋ᠡᠨ ᠪᠠᠢᠯᠭᠠᠬᠤ ᠶ᠋ᠢ ᠱᠠᠭᠠᠷᠳᠠᠳᠠᠭ
 (6) ᠠᠮᠠᠨ ᠠᠭᠤᠷ ᠣᠷᠣᠬᠤ ᠶ᠋ᠢ ᠰᠡᠷᠭᠡᠢᠯᠡᠵᠦ᠂ ᠠᠮᠠᠨ ᠳ᠋ᠠᠭᠠᠨ ᠠᠯᠴᠢᠭᠤᠷ ᠵᠡᠭᠦᠬᠦ ᠬᠡᠷᠡᠭᠲᠡᠢ᠃
 3᠂ ᠡᠪᠴᠢᠭᠦᠦ ᠪᠡᠨ ᠣᠷᠢᠶᠠᠬᠤ
 ᠤᠷᠢᠳᠴᠢᠯᠠᠨ ᠪᠡᠯᠡᠳᠬᠡᠭᠰᠡᠨ ᠬᠤᠴᠠ ᠪᠤᠶᠤ ᠬᠣᠨᠢᠨ ᠤ᠋ ᠡᠭᠡᠷᠡᠭᠰᠡᠨ ᠤᠲᠠᠰᠤ ᠪᠠᠷ ᠣᠷᠢᠶᠠᠳᠠᠭ᠃ ᠳᠠᠷᠤᠢ ᠪᠦᠳᠦᠷᠬᠡᠢ ᠶ᠋ᠢᠨ ᠲᠣᠯᠣᠭᠠᠢ ᠠ᠋ᠴᠠ ᠡᠬᠢᠯᠡᠭᠦᠯᠦᠨ ᠨᠠᠷᠠᠨ ᠵᠥᠪ ᠢ᠋ᠶ᠋ᠡᠷ ᠭᠤᠷᠪᠠ ᠭᠤᠷᠪᠠ ᠪᠠᠷ ᠣᠷᠢᠶᠠᠳᠠᠭ᠂ ᠲᠡᠮᠡᠭᠡ ᠮᠠᠯᠵᠢᠵᠤ ᠪᠠᠢᠭ᠎ᠠ ᠠᠢᠯ ᠡᠷᠦᠬᠡ ᠵᠠᠷᠢᠮ ᠨᠢ ᠪᠤᠤᠷ᠎ᠠ ᠶ᠋ᠢᠨ ᠵᠣᠭᠳᠣᠷ ᠢ᠋ᠶ᠋ᠠᠷ ᠡᠭᠡᠷᠡᠭᠰᠡᠨ ᠤᠲᠠᠰᠤ ᠪᠠᠷ ᠣᠷᠢᠶᠠᠳᠠᠭ ᠴᠤ᠌ ᠪᠣᠢ᠃
 4᠂ ᠭᠠᠯ ᠲᠠᠬᠢᠬᠤ ᠳ᠋ᠤ᠌ ᠬᠡᠷᠡᠭᠯᠡᠬᠦ ᠵᠦᠢᠯ
 (1) ᠲᠠᠪᠤᠨ ᠲᠠᠷᠢᠶᠠᠨ ᠤ᠋ ᠦᠷ᠎ᠡ (ᠭᠠᠯ ᠤ᠋ᠨ ᠪᠤᠳᠠᠭ᠎ᠠ)
 (2) ᠲᠠᠪᠤ ᠪᠤᠶᠤ ᠶᠢᠰᠦᠨ ᠥᠩᠭᠡ ᠶ᠋ᠢᠨ ᠲᠣᠷᠭ᠎ᠠ ᠳᠤᠷᠳᠤᠩ᠂ ᠲᠤᠷᠠᠭᠠᠨ ᠤᠲᠠᠰᠤ᠂ ᠪᠥᠰ ᠦ᠋ᠨ
ᠥᠭᠡᠳᠡᠰᠦ᠃ (ᠡᠭᠦᠨ ᠳ᠋ᠦ᠍ ᠬᠠᠷ᠎ᠠ ᠥᠩᠭᠡ ᠶ᠋ᠢ ᠴᠡᠭᠡᠷᠯᠡᠨ᠎ᠡ᠃) ᠭᠠᠯ ᠤ᠋ᠨ ᠡᠮᠦᠰᠬᠡᠯ ᠭᠡᠵᠦ ᠪᠠᠰᠠ ᠬᠡᠯᠡᠳᠡᠭ᠃
 (3) ᠬᠠᠢᠯᠠᠰᠤᠨ ᠮᠣᠳᠣᠨ ᠤ᠋ ᠰᠠᠯᠠᠭ᠎ᠠ
 (4) ᠠᠷᠴᠠ᠂ ᠬᠦᠵᠢ
 (5) ᠠᠭᠢ᠂ ᠬᠢᠯᠠᠭᠠᠨ᠎ᠠ᠂ ᠬᠠᠵᠠᠭᠠᠷ ᠡᠪᠡᠰᠦ᠂ ᠶᠥᠷᠬᠥᠭ ᠡᠪᠡᠰᠦ ᠵᠡᠷᠭᠡ
 (6) ᠤᠯᠠᠭᠠᠨ ᠴᠢᠪᠠᠭ᠎ᠠ᠂ ᠰᠢᠷ᠎ᠠ ᠲᠣᠰᠣ᠂ ᠥᠷᠥᠮ᠎ᠡ᠂ ᠬᠠᠯᠢᠮ ᠤ᠋ᠨ ᠥᠭᠡᠬᠦ᠂ ᠡᠪᠴᠢᠭᠦᠦ ᠥᠳᠬᠡᠷᠡᠭᠦᠯᠦᠭᠰᠡᠨ ᠱᠥᠯᠦᠨ ᠲᠣᠰᠣ᠂ ᠡᠪᠴᠢᠭᠦᠨ ᠡᠴᠡ ᠴᠥᠮᠥᠭᠰᠡᠨ ᠮᠢᠬ᠎ᠠ ᠶ᠋ᠢᠨ ᠴᠥᠪᠥᠳᠡᠯ ᠵᠡᠷᠭᠡ᠃ ᠡᠳᠡᠭᠡᠷ ᠵᠦᠢᠯ ᠢ᠋ᠶ᠋ᠡᠨ ᠪᠦᠷᠢᠨ ᠪᠡᠯᠡᠳᠬᠡᠭᠰᠡᠨ ᠦ᠌ ᠳᠠᠷᠠᠭ᠎ᠠ ᠣᠷᠢᠶᠠᠭᠰᠠᠨ ᠡᠪᠴᠢᠭᠦᠨ ᠦ᠌ ᠪᠡᠨ ᠬᠣᠩᠬᠣᠷ ᠲᠠᠯ᠎ᠠ ᠳ᠋ᠤᠨᠢ ᠣᠪᠣᠭᠠᠯᠠᠵᠤ ᠲᠠᠯᠪᠢᠨ᠎ᠠ᠃
 5᠂ ᠭᠠᠯ ᠤ᠋ᠨ ᠪᠤᠳᠠᠭ᠎ᠠ ᠴᠢᠨᠠᠬᠤ
ᠡᠪᠴᠢᠭᠦᠦ ᠥᠳᠬᠡᠷᠡᠭᠦᠯᠦᠭᠰᠡᠨ ᠱᠥᠯᠦᠨ ᠳ᠋ᠡᠭᠡᠨ ᠳᠠᠩ ᠪᠤᠶᠤ ᠬᠣᠶᠠᠷ ᠵᠦᠢᠯ ᠦ᠋ᠨ ᠪᠤᠳᠠᠭ᠎ᠠ (ᠲᠤᠲᠤᠷᠭ᠎ᠠ ᠪᠠ ᠴᠠᠭᠠᠨ ᠪᠤᠳᠠᠭ᠎ᠠ (ᠠᠮᠤ) ᠪᠤᠶᠤ ᠰᠢᠷ᠎ᠠ ᠠᠮᠤ) ᠬᠣᠯᠢᠵᠤ ᠬᠢᠳᠡᠭ ᠪᠣᠢ᠃ ᠭᠠᠯ ᠤ᠋ᠨ ᠪᠤᠳᠠᠭᠠᠨ ᠳ᠋ᠠᠭᠠᠨ ᠳᠠᠪᠤᠰᠤ ᠬᠢᠳᠡᠭ ᠦᠭᠡᠢ᠂ ᠵᠥᠭᠡᠯᠡᠨ ᠭᠠᠯ ᠢ᠋ᠶ᠋ᠠᠷ ᠴᠢᠨᠠᠨ᠎ᠠ᠃
 6᠂ ᠲᠤᠯᠭ᠎ᠠ ᠪᠠ ᠵᠤᠤᠬᠠᠨ ᠤ᠋ ᠪᠠᠨ ᠳᠥᠷᠪᠡᠨ ᠲᠠᠯ᠎ᠠ ᠳ᠋ᠤ᠌ ᠴᠡᠪᠡᠷ ᠮᠠᠩᠬ᠎ᠠ (ᠡᠯᠡᠰᠦ) ᠲᠤᠰ ᠪᠦᠷᠢ ᠣᠪᠣᠭᠠᠯᠠᠨ ᠲᠠᠯᠪᠢᠬᠤ ᠪᠤᠶᠤ ᠬᠦᠵᠢ ᠵᠤᠯᠠ ᠡᠷᠭᠦᠳᠡᠭ ᠴᠤ᠌ ᠪᠣᠢ᠃ ᠡᠨᠡ ᠨᠢ ᠳᠥᠷᠪᠡᠨ ᠵᠦᠭ ᠦ᠋ᠨ ᠠᠭᠤᠯᠠ ᠬᠠᠢᠷᠬᠠᠨ ᠢ᠋ᠶ᠋ᠠᠨ ᠳᠠᠬᠢᠵᠦ ᠪᠠᠢᠬᠤ ᠠᠭᠤᠯᠭ᠎ᠠ ᠲᠠᠢ ᠭᠡᠨ᠎ᠡ᠃
 7᠂ ᠲᠤᠯᠭ᠎ᠠ ᠶ᠋ᠢᠨ ᠡᠮᠦᠨ᠎ᠡ ᠰᠢᠷᠡᠭᠡ ᠵᠠᠰᠠᠵᠤ᠂ ᠢᠰᠡᠭᠡᠢ ᠳᠡᠯᠭᠡᠵᠦ ᠴᠢᠮᠡᠭᠰᠡᠨ ᠡᠪᠴᠢᠭᠦᠦ᠂ ᠳᠤᠰᠤᠭᠠᠯ᠂  ᠰᠠᠷᠬᠤᠳ (ᠰᠠᠭᠠᠯᠢ ᠶ᠋ᠢᠨ ᠠᠷᠢᠬᠢ) ᠵᠡᠷᠭᠡ ᠶ᠋ᠢ ᠪᠡᠯᠡᠳᠬᠡᠵᠦ ᠲᠠᠯᠪᠢᠨ᠎ᠠ᠃ ᠳᠤᠰᠤᠭᠠᠯ ᠨᠢ ᠬᠠᠯᠢᠮ ᠤ᠋ᠨ ᠥᠭᠡᠬᠦ ᠪᠠ ᠡᠪᠴᠢᠭᠦᠦ ᠥᠳᠬᠡᠷᠡᠭᠦᠯᠦᠭᠰᠡᠨ ᠱᠥᠯᠦᠨ ᠲᠣᠰᠣ᠂ ᠰᠢᠷ᠎ᠠ ᠲᠣᠰᠣ᠂ ᠰᠦ ᠠᠢᠷᠠᠭ ᠲᠤᠰᠤᠭᠠᠳᠠᠭ᠃ ᠳᠤᠰᠤᠭᠠᠯ ᠢ᠋ᠶ᠋ᠠᠨ ᠨᠢᠭᠡ ᠰᠠᠪᠠᠨ ᠳ᠋ᠤ᠌ ᠬᠣᠯᠢᠵᠤ᠂ ᠰᠢᠨᠠᠭ᠎ᠠ ᠬᠠᠯᠪᠠᠭ᠎ᠠ ᠵᠡᠷᠭᠡ ᠶ᠋ᠢ ᠪᠡᠯᠡᠳᠬᠡᠨ᠎ᠡ᠃
 8᠂ ᠭᠡᠷ ᠦ᠋ᠨ ᠡᠵᠡᠨ ᠡᠴᠡ ᠭᠠᠯ ᠤ᠋ᠨ ᠥᠴᠢᠭ ᠤᠩᠰᠢᠨ᠎ᠠ᠃ ᠭᠡᠷ ᠦ᠋ᠨ ᠪᠤᠰᠤᠳ ᠬᠥᠮᠦᠰ ᠨᠢ ᠠᠬᠠᠮᠠᠳ
ᠬᠡᠦᠬᠡᠳ ᠦ᠋ᠨ ᠳᠠᠷᠠᠭᠠᠯᠠᠯ ᠢ᠋ᠶ᠋ᠠᠷ ᠢᠰᠡᠭᠡᠢ ᠪᠤᠶᠤ ᠣᠯᠪᠣᠭ ᠳᠡᠭᠡᠷ᠎ᠡ ᠰᠥᠬᠥᠳᠡᠨ ᠪᠠᠢᠵᠤ ᠭᠦᠢᠴᠡᠳᠬᠡᠨ᠎ᠡ᠃

    ᠭᠠᠯ ᠤ᠋ᠨ ᠥᠴᠢᠭ
 ᠤᠸ᠋ᠮ ᠰᠠᠢᠨ ᠠᠮᠤᠭᠤᠯᠠᠩ ᠲᠠᠨ ᠪᠣᠯᠲᠤᠭᠠᠢ!
 ᠳᠡᠭᠡᠷ᠎ᠡ ᠲᠡᠭᠷᠢ ᠳ᠋ᠦ᠍ ᠭᠡᠷᠡᠯ ᠲᠡᠢ
 ᠳᠡᠯᠡᠬᠡᠢ ᠳ᠋ᠠᠬᠢᠨ ᠳ᠋ᠤ᠌ ᠢᠯᠴᠢ ᠲᠡᠢ
 ᠳᠡᠭᠡᠳᠦ ᠮᠣᠩᠭᠣᠯ ᠳ᠋ᠤ᠌ ᠭᠣᠯᠣᠮᠲᠠ ᠲᠠᠢ
 ᠳᠡᠯᠭᠡᠷ ᠬᠠᠩᠭᠠᠢ ᠳ᠋ᠤ᠌ ᠨᠤᠲᠤᠭ ᠲᠠᠢ
 ᠰᠢᠷ᠎ᠠ ᠲᠡᠷᠢᠭᠦᠲᠦ ᠴᠠᠭᠠᠨ ᠬᠣᠨᠢᠨ ᠤ᠋
 ᠰᠢᠷᠠᠭᠰᠠᠨ ᠡᠪᠴᠢᠭᠦᠨ ᠦ᠌ ᠲᠠᠬᠢᠯᠭ᠎ᠠ ᠲᠠᠢ
 ᠰᠢᠷᠠᠭᠴᠢᠨ ᠦᠨᠢᠶᠡᠨ ᠦ᠌ ᠰᠦ ᠶ᠋ᠢᠨ
 ᠰᠢᠷ᠎ᠠ ᠲᠣᠰᠣᠨ ᠤ᠋ ᠢᠳᠡᠭᠡᠨ ᠲᠡᠢ
 ᠠᠢᠷᠠᠭ ᠴᠡᠭᠡ ᠪᠡᠷ ᠨᠡᠷᠡᠭᠰᠡᠨ
 ᠠᠷᠢᠬᠢ ᠰᠠᠷᠬᠤᠳ ᠤᠮᠳᠠᠭᠠᠨ ᠲᠠᠢ
 ᠠᠯᠲᠠ ᠮᠥᠩᠭᠥ ᠪᠡᠷ ᠴᠢᠮᠡᠭᠰᠡᠨ
 ᠠᠯ ᠲᠤᠷᠠᠭᠠᠨ ᠡᠮᠦᠰᠬᠡᠯ ᠲᠡᠢ
 ᠠᠭᠤᠯᠠ ᠬᠠᠢᠷᠬᠠᠨ ᠳ᠋ᠤ᠌ ᠨᠣᠭᠣᠭᠠᠷᠠᠭᠰᠠᠨ
 ᠠᠷᠴᠠ ᠽᠠᠨᠳᠠᠨ ᠤ᠋ ᠨᠤᠴᠤᠭᠠᠯ ᠲᠠᠢ
 ᠠᠭᠤᠳᠠᠮ ᠲᠠᠯ᠎ᠠ ᠳ᠋ᠤ᠌ ᠬᠠᠯᠢᠭᠤᠷᠠᠭᠰᠠᠨ
 ᠠᠭᠢ ᠬᠢᠯᠠᠭᠠᠨ᠎ᠠ ᠶ᠋ᠢᠨ ᠰᠢᠲᠠᠭᠠᠯ ᠲᠠᠢ
 ᠡᠵᠡᠨ ᠪᠣᠭᠳᠠ ᠶ᠋ᠢᠨ ᠴᠠᠬᠢᠭᠰᠠᠨ
 ᠡᠬᠡ ᠬᠠᠲᠤᠨ ᠤ᠋ ᠨᠣᠴᠣᠭᠠᠭᠰᠠᠨ
 ᠬᠢᠷᠠᠭ᠎ᠠ ᠲᠡᠷᠢᠭᠦᠲᠦ
 ᠭᠢᠯᠠᠭᠠᠨᠠᠨ ᠠᠮᠢᠳᠤ
 ᠲᠤᠷᠠᠭᠠᠨ ᠴᠢᠷᠠᠢᠲᠤ
 ᠲᠣᠰᠣᠨ ᠴᠢᠷᠠᠢᠲᠤ
 ᠲᠣᠰᠣᠨ ᠨᠢᠭᠤᠷᠲᠤ
 ᠤᠳᠬᠠᠨ ᠭᠠᠯ ᠤ᠋ᠨ ᠡᠬᠡ ᠳ᠋ᠦ᠍
 ᠠᠷᠪᠠᠨ ᠶᠡᠬᠡ ᠲᠦᠭᠡᠯ ᠢ᠋ ᠴᠢᠨᠦ
 ᠲᠠᠯᠪᠢᠨ ᠲᠠᠯᠪᠢᠨ ᠵᠢᠭᠰᠠᠭᠠᠨᠠᠮ
 ᠠᠷᠢᠭᠤᠨ ᠶᠡᠬᠡ ᠥᠴᠢᠭ ᠢ᠋ ᠴᠢᠨᠦ
 ᠳᠠᠬᠢᠨ ᠳᠠᠬᠢᠨ ᠳᠠᠭᠤᠳᠠᠨᠠᠮ
 ᠡᠬᠢᠯᠡᠨ ᠰᠠᠭᠤᠭᠴᠢ ᠪᠢᠳᠡᠨ
 ᠡᠨᠡ ᠭᠡᠷ ᠦ᠋ᠨ ᠡᠵᠡᠨ ᠪᠦᠭᠦᠳᠡ
 ᠡᠬᠡ ᠳᠡᠯᠡᠬᠡᠢ ᠶ᠋ᠢᠨ ᠢᠷᠭᠡᠨ ᠠᠮᠢᠲᠠᠨ
 ᠡᠩᠬᠡ ᠮᠥᠩᠬᠡ ᠪᠠᠶᠠᠨ ᠵᠢᠷᠭᠠᠯᠠᠩ ᠤ᠋ᠨ ᠳᠤᠮᠳᠠ
 ᠡᠭᠦᠷᠢᠳᠡ ᠰᠠᠢᠬᠠᠨ ᠠᠮᠤᠷ ᠵᠢᠷᠭᠠᠨ ᠠᠲᠤᠭᠠᠢ!

 ᠥᠴᠢᠵᠦ ᠪᠠᠷᠠᠮᠠᠭᠴᠠ ᠡᠪᠴᠢᠭᠦᠦ ᠪᠡᠨ ᠭᠠᠯ ᠳ᠋ᠠᠭᠠᠨ ᠡᠷᠭᠦᠳᠡᠭ᠂ ᠳᠠᠷᠠᠭ᠎ᠠ ᠨᠢ ᠳᠠᠶᠠᠭᠠᠷ ᠢ᠋ᠶ᠋ᠠᠨ ᠭᠤᠷᠪᠠ ᠪᠤᠶᠤ ᠭᠤᠷᠪᠠ ᠭᠤᠷᠪᠠ ᠶ᠋ᠢᠨ ᠶᠢᠰᠦ ᠮᠥᠷᠭᠥᠳᠡᠭ᠃
 9᠂ ᠭᠠᠯ ᠤ᠋ᠨ ᠳᠤᠰᠤᠭᠠᠯ
 ᠣᠷᠳᠣᠰ ᠮᠣᠩᠭᠣᠯᠴᠤᠳ ᠭᠠᠯ ᠲᠠᠬᠢᠬᠤ ᠳ᠋ᠠᠭᠠᠨ ᠭᠠᠯ ᠤ᠋ᠨ ᠳᠥᠯᠥ ᠶ᠋ᠢ ᠬᠥᠭᠵᠢᠭᠡᠬᠦ ᠳ᠋ᠡᠭᠡᠨ ᠭᠠᠯ ᠳ᠋ᠠᠭᠠᠨ
ᠳᠤᠰᠤᠭᠠᠯ ᠳᠤᠰᠤᠭᠠᠳᠠᠭ᠃ ᠭᠠᠯ ᠤ᠋ᠨ ᠪᠤᠷᠬᠠᠨ ᠳ᠋ᠠᠭᠠᠨ ᠳᠤᠰᠤᠭᠠᠯ ᠳᠤᠰᠤᠭᠠᠬᠤ ᠳ᠋ᠠᠭᠠᠨ《ᠤᠳᠬᠠᠨ ᠭᠠᠯ
ᠭᠣᠯᠣᠮᠲᠠ ᠳ᠋ᠠᠭᠠᠨ ᠥᠭᠡᠬᠦ ᠲᠣᠰᠣᠨ ᠢ᠋ ᠳᠤᠰᠤᠭᠠᠨᠠᠮ》 ᠭᠡᠵᠦ ᠬᠡᠯᠡᠭᠡᠳ
 (1) ᠡᠷᠬᠡᠲᠦ ᠲᠡᠭᠷᠢ (2) ᠡᠬᠡ ᠳᠡᠯᠡᠬᠡᠢ (3) ᠡᠩᠬᠡ ᠭᠣᠯᠣᠮᠲᠠ ᠳ᠋ᠤ᠌ ᠭᠡᠵᠦ ᠬᠡᠯᠡᠭᠡᠳ ᠭᠤᠷᠪᠠ ᠤᠳᠠᠭ᠎ᠠ ᠳᠤᠰᠤᠭᠠᠯ ᠳᠤᠰᠤᠭᠠᠵᠦ᠂ ᠡᠨᠡ ᠭᠡᠷ ᠦ᠋ᠨ ᠶᠡᠬᠡ ᠪᠠᠭ᠎ᠠ ᠬᠥᠮᠦᠰ ᠪᠦᠭᠦᠳᠡ ᠢᠷᠡᠬᠦ ᠨᠢᠭᠡ ᠵᠢᠯ ᠳ᠋ᠦ᠍ ᠠᠵᠤ ᠠᠮᠢᠳᠤᠷᠠᠯ᠂ ᠠᠵᠢᠯ ᠦᠢᠯᠡᠰ᠂ ᠡᠩᠬᠡ ᠮᠡᠨᠳᠦ ᠳ᠋ᠡᠭᠡᠨ ᠡᠨᠡ ᠳᠦᠷᠡᠯᠵᠡᠭᠰᠡᠨ ᠭᠠᠯ ᠮᠡᠲᠦ ᠬᠡᠢᠮᠣᠷᠢ ᠮᠠᠨᠳᠤᠵᠤ ᠶᠠᠪᠤᠬᠤ ᠶ᠋ᠢ ᠵᠥᠩᠨᠡᠨ ᠪᠡᠯᠭᠡᠳᠡᠳᠡᠭ᠃ ᠰᠡᠭᠦᠯᠳᠡᠵᠦ ᠢᠷᠡᠭᠡᠳ ᠰᠢᠷ᠎ᠠ ᠶ᠋ᠢᠨ ᠱᠠᠰᠢᠨ ᠤ᠋ ᠨᠡᠪᠴᠢᠯᠲᠡ ᠪᠡᠷ ᠭᠠᠯ ᠳ᠋ᠠᠭᠠᠨ ᠳᠤᠰᠤᠭᠠᠯ ᠳᠤᠰᠤᠭᠠᠬᠤ ᠳ᠋ᠠᠭᠠᠨ ᠤᠸ᠋ᠮ᠂ ᠠ᠂ ᠬᠣᠩ ᠭᠡᠵᠦ ᠬᠡᠯᠡᠳᠡᠭ ᠪᠣᠯᠤᠭᠰᠠᠨ ᠪᠣᠯᠤᠯᠲᠠᠢ᠃
 10᠂ ᠭᠡᠷ ᠦ᠋ᠨ ᠡᠵᠡᠨ ᠡᠴᠡ ᠭᠠᠯ ᠤ᠋ᠨ ᠢᠷᠦᠭᠡᠯ ᠤᠩᠰᠢᠨ᠎ᠠ᠃ 
ᠡᠨᠡ ᠦᠶᠡᠰ ᠲᠦ᠍ ᠪᠦᠬᠦ ᠭᠡᠷ ᠦ᠋ᠨ ᠬᠥᠮᠦᠰ ᠮᠥᠨ ᠰᠥᠬᠥᠳᠡᠨ ᠪᠠᠢᠵᠤ ᠭᠦᠢᠴᠡᠳᠬᠡᠨ᠎ᠡ᠃ ᠠᠳᠠ ᠨᠢᠭᠡ ᠢᠷᠦᠭᠡᠯ ᠢ᠋ ᠰᠡᠢᠷᠡᠭᠦᠯᠵᠦ ᠯᠠᠪᠯᠠᠯᠲᠠ ᠪᠣᠯᠭᠠᠶ᠎ᠠ᠃

    ᠭᠠᠯ ᠤ᠋ᠨ ᠢᠷᠦᠭᠡᠯ
 ᠤᠸ᠋ᠮ ᠰᠠᠢᠨ ᠠᠮᠤᠭᠤᠯᠠᠩ ᠲᠠᠨ ᠪᠣᠯᠲᠤᠭᠠᠢ!
 ᠤᠨᠤᠨ ᠮᠥᠷᠡᠨ ᠦ᠌ ᠤᠰᠤᠨ ᠳ᠋ᠤ᠌ ᠰᠣᠢᠵᠤ ᠬᠡᠲᠡ ᠠᠪᠤᠭᠰᠠᠨ
 ᠤᠷᠠᠨ ᠳᠥᠰᠢ ᠶ᠋ᠢᠨ ᠠᠭᠤᠯᠠᠨ ᠳ᠋ᠤ᠌ ᠬᠦᠷᠴᠦ ᠴᠠᠬᠢᠭᠤᠷ ᠠᠪᠤᠭᠰᠠᠨ
 ᠤᠯᠠ ᠨᠡᠷᠡᠲᠦ ᠡᠪᠡᠰᠦᠨ ᠡᠴᠡ ᠨᠤᠴᠤᠭᠠᠯ ᠠᠪᠤᠭᠰᠠᠨ
 ᠤᠷᠭᠤᠭ᠎ᠠ ᠽᠠᠨᠳᠠᠨ ᠮᠣᠳᠣᠨ ᠠ᠋ᠴᠠ ᠰᠢᠲᠠᠭᠠᠯ ᠢ᠋ ᠠᠪᠤᠭᠰᠠᠨ
 ᠤᠳᠬᠠᠨ ᠭᠠᠯ ᠤ᠋ᠨ ᠡᠬᠡ ᠳ᠋ᠦ᠍
 ᠤᠮᠳᠠ ᠰᠢᠮ᠎ᠡ ᠶ᠋ᠢᠨ ᠳᠡᠭᠡᠳᠦ ᠪᠣᠯᠤᠭᠰᠠᠨ
 ᠤᠭᠤᠷᠠᠭ ᠰᠦᠨ ᠢ᠋ᠶ᠋ᠡᠨ ᠡᠷᠭᠦᠨ ᠳᠠᠬᠢᠨᠠᠮ
 ᠣᠯᠠᠨ ᠲᠦᠮᠡᠨ ᠠᠮᠢᠲᠠᠨ ᠪᠠᠶᠠᠷ ᠵᠢᠷᠭᠠᠯ ᠤ᠋ᠨ ᠳᠤᠮᠳᠠ
 ᠡᠩᠬᠡᠨ ᠠᠮᠤᠷ ᠵᠢᠷᠭᠠᠨ ᠠᠲᠤᠭᠠᠢ!
 — ᠠᠯᠲᠠᠨ ᠬᠠᠩᠭᠠᠢ ᠶ᠋ᠢᠨ ᠬᠠᠳᠠ ᠴᠢᠯᠠᠭᠤ ᠬᠠᠢᠷᠬᠠᠨ ᠪᠦᠬᠦᠢ ᠡᠴᠡ
 ᠠᠯᠲᠠᠨ ᠲᠡᠪᠰᠢ ᠶ᠋ᠢᠨ ᠭᠣᠣᠯ ᠮᠥᠷᠡᠨ ᠱᠠᠯᠴᠢᠭ ᠪᠦᠬᠦᠢ ᠡᠴᠡ
 ᠠᠷᠢᠶᠠᠪᠠᠯᠤ ᠪᠤᠷᠬᠠᠨ ᠢ᠋ ᠪᠠᠯᠴᠢᠷ ᠪᠦᠬᠦᠢ ᠡᠴᠡ
 ᠠᠮᠢᠲᠠᠨ ᠲᠦᠮᠡᠨ ᠦ᠌ ᠪᠡᠶ᠎ᠡ ᠳ᠋ᠦ᠍ ᠢᠯᠴᠢ ᠪᠣᠯᠤᠭᠰᠠᠨ
 ᠤᠳᠬᠠᠨ ᠭᠠᠯ ᠤ᠋ᠨ ᠡᠬᠡ ᠳ᠋ᠦ᠍
 ᠠᠷᠪᠠᠨ ᠵᠢᠷᠭᠤᠭᠠᠨ ᠰᠠᠯᠠᠭ᠎ᠠ ᠰᠡᠷᠪᠡᠭᠡᠲᠦ
 ᠠᠷᠢᠭᠤᠨ ᠡᠪᠴᠢᠭᠦᠨ ᠢ᠋ᠶ᠋ᠡᠨ ᠡᠷᠭᠦᠨ ᠳᠠᠬᠢᠨᠠᠮ
 ᠠᠮᠢᠲᠠᠨ ᠣᠯᠠᠨ ᠲᠦᠮᠡᠨ ᠪᠠᠶᠠᠷ ᠵᠢᠷᠭᠠᠯ ᠤ᠋ᠨ ᠳᠤᠮᠳᠠ
 ᠡᠩᠬᠡᠨ ᠠᠮᠤᠷ ᠵᠢᠷᠭᠠᠨ ᠠᠲᠤᠭᠠᠢ!
 — ᠪᠣᠭᠳᠠ ᠬᠠᠨ ᠬᠠᠢᠷᠬᠠᠨ ᠢ᠋ ᠳᠣᠪᠣᠨ ᠪᠦᠬᠦᠢ ᠡᠴᠡ
 ᠪᠤᠲᠠ ᠽᠠᠨᠳᠠᠨ ᠮᠣᠳᠣᠨ ᠢ᠋ ᠨᠠᠢᠯᠵᠠᠭᠤᠷ ᠪᠦᠬᠦᠢ ᠡᠴᠡ
 ᠪᠤᠳᠢᠰᠡᠸ᠎ᠠ ᠪᠤᠷᠬᠠᠨ ᠢ᠋ ᠪᠠᠯᠴᠢᠷ ᠪᠦᠬᠦᠢ ᠡᠴᠡ
 ᠪᠤᠷᠤᠲᠤᠬᠤᠢ ᠶ᠋ᠢᠨ ᠠᠮᠢᠲᠠᠨ ᠳ᠋ᠤ᠌ ᠭᠡᠷᠡᠯ ᠪᠣᠯᠤᠭᠰᠠᠨ
 ᠤᠳᠬᠠᠨ ᠭᠠᠯ ᠤ᠋ᠨ ᠡᠬᠡ ᠳ᠋ᠦ᠍
 ᠪᠣᠯᠭᠣᠭᠰᠠᠨ ᠢᠳᠡᠭᠡᠨ ᠦ᠌ ᠳᠡᠭᠡᠵᠢ
 ᠪᠣᠷᠣᠯᠠᠭ ᠬᠠᠯᠵᠠᠨ ᠤ᠋ ᠡᠪᠴᠢᠭᠦᠨ ᠢ᠋ᠶ᠋ᠡᠨ ᠡᠷᠭᠦᠨ ᠳᠠᠬᠢᠨᠠᠮ
 ᠪᠤᠷᠤᠲᠤᠬᠤᠢ ᠶ᠋ᠢᠨ ᠠᠮᠢᠲᠠᠨ ᠪᠠᠶᠠᠷ ᠵᠢᠷᠭᠠᠯ ᠤ᠋ᠨ ᠳᠤᠮᠳᠠ
 ᠡᠩᠬᠡ ᠰᠠᠢᠬᠠᠨ ᠠᠮᠤᠷ ᠵᠢᠷᠭᠠᠨ ᠠᠲᠤᠭᠠᠢ!
 — ᠲᠥᠷᠥ ᠶ᠋ᠢᠨ ᠶᠡᠬᠡ ᠳᠥᠷᠪᠡᠨ ᠬᠥᠯᠲᠦ ᠲᠡᠮᠦᠷ ᠲᠤᠯᠭᠠᠨ᠎ᠠ ᠭᠡᠷᠡᠯ ᠪᠣᠯᠤᠭᠰᠠᠨ
 ᠲᠦᠭᠡᠮᠡᠯ ᠦ᠋ᠨ ᠡᠵᠡᠨ ᠪᠣᠭᠳᠠ ᠴᠢᠩᠭᠢᠰ ᠬᠠᠭᠠᠨ ᠳ᠋ᠠᠭᠠᠨ ᠪᠠᠮᠪᠠᠷ ᠪᠣᠯᠤᠭᠰᠠᠨ
 ᠲᠦᠮᠡᠲᠦ ᠮᠢᠩᠭᠠᠲᠤ ᠠᠷᠠᠳ ᠣᠯᠠᠨ ᠳ᠋ᠠᠭᠠᠨ ᠲᠠᠬᠢᠯᠭ᠎ᠠ ᠪᠣᠯᠤᠭᠰᠠᠨ
 ᠲᠥᠭᠥᠷᠢᠭ ᠰᠠᠷᠠᠨ ᠮᠡᠲᠦ ᠰᠥᠨᠢ ᠶ᠋ᠢ ᠡᠳᠦᠷ ᠢ᠋ᠶ᠋ᠡᠷ ᠬᠡᠷᠡᠯᠳᠦᠭᠦᠯᠦᠭᠰᠡᠨ
 ᠤᠳᠬᠠᠨ ᠭᠠᠯ ᠤ᠋ᠨ ᠡᠬᠡ ᠳ᠋ᠦ᠍
 ᠲᠦᠭᠡᠯ ᠰᠢᠭᠦᠰᠦᠨ ᠦ᠌ ᠭᠠᠳᠠᠨ᠎ᠠ ᠲᠠᠯᠪᠢᠭᠰᠠᠨ
 ᠲᠦᠷᠦᠭᠦᠦ ᠬᠣᠨᠢᠨ ᠤ᠋ ᠡᠪᠴᠢᠭᠦᠦ ᠪᠡᠨ ᠡᠷᠭᠦᠨ ᠳᠠᠬᠢᠨᠠᠮ
 ᠲᠦᠮᠡᠨ ᠣᠯᠠᠨ ᠠᠮᠢᠲᠠᠨ ᠪᠠᠶᠠᠷ ᠵᠢᠷᠭᠠᠯ ᠤ᠋ᠨ ᠳᠤᠮᠳᠠ
 ᠡᠩᠬᠡ ᠰᠠᠢᠬᠠᠨ ᠠᠮᠤᠷ ᠵᠢᠷᠭᠠᠨ ᠠᠲᠤᠭᠠᠢ!
 ᠢᠷᠦᠭᠡᠵᠦ ᠪᠠᠷᠠᠪᠠᠯ ᠳᠠᠶᠠᠭᠠᠷ ᠭᠠᠯ ᠳ᠋ᠠᠭᠠᠨ ᠮᠥᠷᠭᠥᠨ᠎ᠡ᠃

 11᠂ ᠭᠠᠯ ᠤ᠋ᠨ ᠳᠠᠯᠠᠯᠭ᠎ᠠ ᠳᠠᠯᠠᠯᠬᠤ
 ᠳᠠᠯᠠᠯᠭ᠎ᠠ ᠳᠠᠯᠠᠯᠬᠤ ᠭᠡᠳᠡᠭ ᠨᠢ ᠠᠯᠢᠪᠠ ᠬᠦᠰᠡᠭᠰᠡᠨ ᠪᠦᠬᠦᠨ ᠢ᠋ᠶ᠋ᠡᠨ ᠬᠤᠷᠤᠢᠯᠠᠨ ᠳᠠᠭᠤᠳᠠᠬᠤ ᠢᠷᠦᠭᠡᠯ ᠪᠢᠰᠢᠷᠡᠯ ᠦ᠋ᠨ ᠵᠠᠩ ᠦᠢᠯᠡ ᠬᠢᠭᠡᠳ ᠨᠡᠢᠲᠡ ᠮᠣᠩᠭᠣᠯ ᠤ᠋ᠨ ᠶᠣᠰᠣ ᠵᠠᠩ ᠮᠥᠨ᠃ ᠡᠭᠦᠨ ᠳ᠋ᠦ᠍《ᠵᠤᠨ ᠤ᠋ ᠳᠠᠯᠠᠯᠭ᠎ᠠ 》᠂ 《ᠨᠠᠮᠤᠷ ᠤ᠋ᠨ ᠳᠠᠯᠠᠯᠭ᠎ᠠ》᠂ 《ᠬᠠᠪᠤᠷ ᠤ᠋ᠨ ᠳᠠᠯᠠᠯᠭ᠎ᠠ》᠂ 《ᠣᠪᠣᠭᠠᠨ ᠳᠠᠯᠠᠯᠭ᠎ᠠ》᠂ 《ᠲᠠᠮᠠᠬᠢᠨ ᠭᠠᠯ ᠤ᠋ᠨ ᠳᠠᠯᠠᠯᠭ᠎ᠠ》᠂ 《ᠠᠮᠠᠨ ᠬᠦᠵᠦᠭᠦᠨ ᠦ᠌ ᠭᠠᠯ ᠤ᠋ᠨ ᠳᠠᠯᠠᠯᠭ᠎ᠠ》 《ᠦᠭᠦᠴᠡ ᠦᠬᠡᠷ ᠦ᠋ᠨ ᠳᠠᠯᠠᠯᠭ᠎ᠠ》 ᠵᠡᠷᠭᠡ ᠣᠯᠠᠨ ᠵᠦᠢᠯ ᠪᠣᠢ᠃ ᠡᠭᠦᠨ ᠳ᠋ᠦ᠍ ᠴᠠᠭᠠᠨ ᠢᠳᠡᠭᠡ ᠪᠡᠷ ᠳᠠᠯᠠᠯᠬᠤ ᠶ᠋ᠢ《ᠴᠠᠭᠠᠨ ᠳᠠᠯᠠᠯᠭ᠎ᠠ》 ᠭᠡᠵᠦ ᠤᠭᠤᠴᠠ ᠰᠢᠭᠦᠰᠦ ᠲᠡᠷᠢᠭᠦᠲᠡᠨ ᠢ᠋ᠶ᠋ᠡᠷ ᠳᠠᠯᠠᠯᠬᠤ ᠶ᠋ᠢ 《ᠤᠯᠠᠭᠠᠨ ᠳᠠᠯᠠᠯᠭ᠎ᠠ》 ᠭᠡᠳᠡᠭ᠃
 ᠭᠠᠯ ᠲᠠᠬᠢᠬᠤ ᠶᠣᠰᠣ ᠪᠡᠯᠡᠭ ᠢ᠋ᠶ᠋ᠡᠨ ᠪᠦᠷ ᠭᠦᠢᠴᠡᠳᠬᠡᠭᠰᠡᠨ ᠦ᠌ ᠳᠠᠷᠠᠭ᠎ᠠ ᠲᠠᠬᠢᠯᠭ᠎ᠠ ᠶ᠋ᠢᠨ ᠲᠠᠩᠰᠤᠭ ᠢᠳᠡᠭᠡᠨ ᠢ᠋ᠶ᠋ᠡᠨ ᠰᠢᠷᠡᠭᠡᠨ ᠳᠡᠭᠡᠷ᠎ᠡ ᠥᠷᠥᠵᠦ᠂ ᠫᠢᠯᠠᠯᠠᠵᠦ ᠭᠡᠷ ᠦ᠋ᠨ ᠡᠵᠡᠨ ᠡᠴᠡ ᠡᠬᠢᠯᠡᠨ ᠳᠠᠯᠠᠯᠭ᠎ᠠ ᠶ᠋ᠢᠨ ᠰᠠᠭᠤᠯᠭ᠎ᠠ ᠪᠤᠶᠤ ᠠᠶᠠᠭ᠎ᠠ ᠲᠠᠢ ᠰᠦ ᠠᠢᠷᠠᠭ᠂ ᠰᠠᠭᠠᠯᠢ ᠶ᠋ᠢᠨ ᠵᠦᠢᠯᠡᠰ᠂ ᠠᠶᠠᠭᠠᠯᠠᠭᠰᠠᠨ ᠪᠤᠶᠤ ᠫᠢᠯᠠᠯᠠᠭᠰᠠᠨ ᠭᠠᠯ ᠤ᠋ᠨ ᠪᠤᠳᠠᠭ᠎ᠠ ᠂ ᠮᠢᠬ᠎ᠠ᠂ ᠡᠮ᠎ᠡ ᠮᠠᠯ ᠤ᠋ᠨ《ᠪᠠᠶᠠᠨ ᠲᠦᠷᠦᠭᠦᠦ》 ᠪᠠ ᠳᠠᠯᠠᠩ ᠢ᠋ ᠳᠡᠭᠡᠭᠰᠢ ᠬᠠᠨᠳᠤᠭᠤᠯᠤᠨ ᠪᠦᠰᠡᠭᠦᠢ ᠪᠠ ᠪᠡᠷᠢ ᠨᠢ ᠪᠠᠷᠢᠳᠠᠭ᠂ ᠭᠡᠬᠦ ᠳ᠋ᠡᠭᠡᠨ ᠬᠥᠮᠦᠨ ᠪᠦᠷᠢ ᠨᠢᠭᠡ ᠰᠠᠪᠠ ᠲᠠᠢ ᠢᠳᠡᠭᠡᠨ ᠤᠮᠳᠠᠭᠠᠨ ᠢ᠋ ᠪᠠᠷᠢᠨ᠎ᠠ᠃ ᠭᠠᠷ ᠬᠣᠭᠣᠰᠣᠨ ᠢ᠋ᠶ᠋ᠠᠷ ᠳᠠᠯᠠᠯᠭ᠎ᠠ ᠠᠪᠳᠠᠭ ᠦᠭᠡᠢ᠂ ᠭᠡᠷ ᠦ᠋ᠨ ᠡᠵᠡᠨ ᠡᠴᠡ ᠳᠠᠯᠠᠯᠭ᠎ᠠ ᠶ᠋ᠢᠨ ᠢᠷᠦᠭᠡᠯ ᠤᠩᠰᠢᠬᠤ ᠳ᠋ᠤ᠌ ᠪᠤᠰᠤᠳ ᠨᠢ ᠰᠠᠪᠠ ᠲᠠᠢ ᠢᠳᠡᠭᠡᠨ ᠤᠮᠳᠠᠭᠠᠨ ᠢ᠋ᠶ᠋ᠠᠨ ᠬᠣᠶᠠᠷ ᠭᠠᠷᠳᠠᠨ ᠮᠥᠷᠦᠨ ᠡᠴᠡ ᠪᠡᠨ ᠳᠡᠭᠡᠭᠰᠢ ᠡᠷᠭᠦᠨ ᠨᠠᠷᠠᠨ ᠵᠥᠪ ᠢ᠋ᠶ᠋ᠡᠷ ᠠᠶᠠᠷᠬᠠᠨ ᠡᠷᠭᠢᠭᠦᠯᠵᠦ《ᠠ ᠬᠤᠷᠤᠢ᠂ ᠬᠤᠷᠤᠢ᠂ ᠬᠤᠷᠤᠢ !》 ᠭᠡᠵᠦ ᠬᠡᠯᠡᠭᠡᠳ ᠬᠥᠭ ᠨᠡᠢᠯᠡᠭᠦᠯᠦᠨ ᠬᠤᠷᠤᠢᠯᠠᠳᠠᠭ᠃

    12᠂ ᠭᠠᠯ ᠤ᠋ᠨ ᠳᠠᠯᠠᠯᠭ᠎ᠠ

 ᠤᠸ᠋ᠮ ᠰᠠᠢᠨ ᠠᠮᠤᠭᠤᠯᠠᠩ ᠲᠠᠨ ᠪᠣᠯᠲᠤᠭᠠᠢ!
 ᠡᠰᠡᠷᠸ᠎ᠠ ᠬᠠᠨ ᠬᠤᠷᠮᠤᠰᠲᠠ ᠲᠡᠷᠢᠭᠦᠯᠡᠨ
 ᠡᠷᠬᠡᠲᠦ ᠳᠡᠭᠡᠳᠦ ᠨᠠᠷ ᠤ᠋ᠨ
 ᠡᠷᠬᠢᠮ ᠬᠡᠰᠢᠭ ᠢ᠋ ᠳᠠᠭᠤᠳᠠᠨᠠᠮ
 ᠬᠤᠷᠤᠢ ! ᠬᠤᠷᠤᠢ! ᠬᠤᠷᠤᠢ!
 ᠪᠣᠭᠳᠠ ᠡᠵᠡᠨ ᠬᠠᠭᠠᠨ ᠲᠡᠷᠢᠭᠦᠯᠡᠨ
 ᠪᠤᠷᠬᠠᠨ ᠬᠠᠯᠳᠤᠨ ᠠᠭᠤᠯᠠᠨ ᠤ᠋
 ᠪᠤᠶᠠᠨ ᠬᠡᠰᠢᠭ ᠢ᠋ ᠳᠠᠭᠤᠳᠠᠨᠠᠮ
 ᠬᠤᠷᠤᠢ! ᠬᠤᠷᠤᠢ! ᠬᠤᠷᠤᠢ!
 ᠠᠭᠤᠯᠠᠨ ᠬᠠᠨ ᠲᠡᠷᠢᠭᠦᠯᠡᠨ
 ᠠᠭᠤᠳᠠᠯᠤᠭᠠᠳ ᠪᠠᠷᠠᠭᠳᠠᠰᠢ ᠦᠭᠡᠢ
 ᠠᠭᠤᠷᠬᠠᠢ ᠡᠷᠳᠡᠨᠢᠰ ᠦ᠋ᠨ ᠰᠠᠩ ᠤ᠋ᠨ
 ᠠᠷᠢᠭᠤᠨ ᠬᠡᠰᠢᠭ ᠢ᠋ ᠳᠠᠭᠤᠳᠠᠨᠠᠮ
 ᠬᠤᠷᠤᠢ! ᠬᠤᠷᠤᠢ! ᠬᠤᠷᠤᠢ!
 ᠤᠰᠤᠨ ᠤ᠋ ᠬᠠᠭᠠᠨ ᠲᠡᠷᠢᠭᠦᠯᠡᠨ
 ᠤᠮᠳᠠᠯᠠᠭᠠᠳ ᠪᠠᠷᠠᠭᠳᠠᠰᠢ ᠦᠭᠡᠢ
 ᠣᠯᠠᠨ ᠤᠯᠤᠰ ᠤ᠋ᠳ ᠤ᠋ᠨ
 ᠤᠨᠳᠤᠷᠤᠮᠠᠯ ᠬᠡᠰᠢᠭ ᠢ᠋ ᠳᠠᠭᠤᠳᠠᠨᠠᠮ
 ᠬᠤᠷᠤᠢ! ᠬᠤᠷᠤᠢ! ᠬᠤᠷᠤᠢ!
 ᠳᠠᠶᠠᠩ ᠳᠡᠯᠡᠬᠡᠢ ᠮᠡᠲᠦ ᠰᠢᠩᠭᠡᠷᠡᠰᠢ ᠦᠭᠡᠢ
 ᠳᠠᠯᠠᠢ ᠮᠥᠷᠡᠨ ᠮᠡᠲᠦ ᠰᠢᠷᠭᠢᠰᠢ ᠦᠭᠡᠢ
 ᠳᠠᠶᠠᠭᠠᠷ ᠣᠯᠠᠨ ᠠᠮᠢᠲᠠᠨ ᠤ᠋
 ᠳᠠᠯᠠᠯᠭ᠎ᠠ ᠶ᠋ᠢᠨ ᠬᠡᠰᠢᠭ ᠢ᠋ ᠭᠥᠷᠳᠡᠨᠡᠮ ᠬᠤᠷᠤᠢ᠂ ᠬᠤᠷᠤᠢ!
 ᠮᠡᠷᠭᠡᠳ ᠦ᠋ᠨ ᠣᠶᠤᠨ ᠪᠢᠯᠢᠭ᠂ ᠤᠷᠠᠨ ᠰᠠᠮᠪᠠᠭ᠎ᠠ
 ᠠᠳᠠ ᠢᠷᠡᠨ ᠣᠷᠣᠭᠰᠢ ᠬᠤᠷᠤᠢ᠂ ᠬᠤᠷᠤᠢ!
 ᠲᠠᠪᠤᠨ ᠡᠷᠳᠡᠮ ᠳᠣᠯᠣᠭᠠᠨ ᠵᠦᠢᠯ ᠦ᠋ᠨ ᠡᠷᠳᠡᠨᠢ
 ᠠᠳᠠ ᠢᠷᠡᠨ ᠣᠷᠣᠰᠢ ᠬᠤᠷᠤᠢ᠂ ᠬᠤᠷᠤᠢ!
 ᠳᠡᠯ ᠶᠡᠬᠡᠲᠡᠢ ᠠᠵᠢᠷᠭ᠎ᠠ ᠨᠤᠭᠤᠳ
 ᠳᠠᠯᠠᠩ ᠰᠠᠢᠲᠠᠢ ᠭᠡᠭᠦᠦ ᠨᠦ᠍ᠭᠦᠳ
 ᠪᠤᠭᠤᠯᠤᠭ ᠶᠡᠬᠡᠲᠡᠢ ᠪᠤᠬᠠᠳ 
 ᠪᠤᠯᠠᠭ ᠮᠡᠲᠦ ᠰᠦ ᠲᠡᠢ ᠦᠨᠢᠶᠡᠳ ᠦ᠋ᠨ
 ᠪᠤᠶᠠᠨ ᠬᠡᠰᠢᠭ ᠠᠳᠠ ᠲᠣᠭᠲᠠ!
 ᠬᠤᠷᠤᠢ! ᠬᠤᠷᠤᠢ! ᠬᠤᠷᠤᠢ!
 ᠰᠢᠷᠡᠮᠦᠨ ᠲᠠᠪᠠᠭ ᠲᠠᠢ ᠪᠤᠤᠷᠠᠳ
 ᠰᠢᠯᠢᠨ ᠳ᠋ᠡᠭᠡᠨ ᠵᠣᠭᠳᠣᠷ ᠲᠠᠢ ᠢᠩᠭᠢᠭᠡᠳ
 ᠥᠭᠡᠬᠦᠨ ᠰᠡᠭᠦᠯᠲᠦ ᠢᠷᠭᠡ
 ᠥᠨᠳᠥᠷ ᠡᠪᠡᠷᠲᠦ ᠰᠡᠷᠬᠡ
 ᠦᠷᠡᠵᠢᠯ ᠰᠠᠢᠲᠠᠢ ᠬᠣᠨᠢ ᠢᠮᠠᠭᠠᠳ ᠤ᠋ᠨ
 ᠪᠤᠶᠠᠨ ᠬᠡᠰᠢᠭ ᠠᠳᠠ ᠲᠣᠭᠲᠠ!
 ᠬᠤᠷᠤᠢ! ᠬᠤᠷᠤᠢ! ᠬᠤᠷᠤᠢ!
 ᠣᠶᠤᠨ ᠮᠡᠷᠭᠡᠨ ᠬᠥᠪᠡᠭᠦᠳ
 ᠤᠷᠠᠨ ᠰᠡᠴᠡᠨ ᠥᠬᠢᠳ
 ᠰᠠᠭᠠᠳᠠᠭ ᠰᠠᠢᠲᠠᠢ ᠬᠦᠷᠭᠡᠳ
 ᠰᠢᠪᠠᠭ ᠰᠠᠢᠲᠠᠢ ᠪᠡᠷᠢᠶᠡᠳ ᠦ᠋ᠨ
 ᠪᠤᠶᠠᠨ ᠬᠡᠰᠢᠭ ᠠᠳᠠ ᠲᠣᠭᠲᠠ!
 ᠬᠤᠷᠤᠢ! ᠬᠤᠷᠤᠢ! ᠬᠤᠷᠤᠢ!
 ᠢᠩᠭᠢᠵᠦ ᠳᠠᠯᠠᠯᠭ᠎ᠠ ᠳᠠᠯᠠᠯᠵᠤ ᠪᠠᠷᠠᠭᠰᠠᠨ ᠤ᠋ ᠳᠠᠷᠠᠭ᠎ᠠ ᠵᠠᠷᠢᠮ ᠭᠠᠵᠠᠷ (ᠵᠢᠶᠦ᠋ᠨ ᠸᠠᠩ) ᠪᠢᠴᠢᠬᠠᠨ ᠬᠡᠦᠬᠡᠳ ᠢ᠋ᠶ᠋ᠡᠷ《ᠵᠠᠭᠤ᠂ ᠮᠢᠩᠭ᠎ᠠ᠂ ᠲᠦᠮᠡ᠂ ᠪᠤᠮ᠂ ᠰᠠᠶ᠎ᠠ᠂ ᠵᠢᠪᠡ᠂ ᠳ᠋ᠦᠩᠰᠢᠭᠤᠷ》 ᠭᠡᠮᠡᠨ ᠲᠣᠭ᠎ᠠ ᠲᠣᠭᠠᠯᠠᠭᠤᠯᠵᠤ ᠭᠦᠶᠦᠯᠭᠡᠵᠦ ᠳᠠᠯᠠᠩ ᠬᠠᠵᠠᠭᠤᠯᠳᠠᠭ᠃ᠡᠨᠡ ᠨᠢ《ᠳᠡᠯᠡᠬᠡᠢ ᠶ᠋ᠢᠨ ᠰᠢᠮ᠎ᠡ ᠳ᠋ᠦ᠍ ᠦᠷᠡᠵᠢᠵᠦ᠂ ᠳᠠᠯᠠᠩ ᠤ᠋ᠨ ᠰᠢᠮ᠎ᠡ ᠳ᠋ᠦ᠍ ᠳᠡᠯᠭᠡᠷᠡᠨ᠎ᠡ》《ᠦᠭᠡᠨ ᠡᠳᠦᠭᠡᠨ ᠦᠷᠡᠵᠢᠬᠦ ᠶ᠋ᠢᠨ ᠰᠢᠲᠦᠭᠡᠨ᠂ ᠤᠭᠤᠷᠠᠭ ᠰᠦᠨ ᠠᠮᠢᠳᠤᠷᠠᠬᠤ ᠶ᠋ᠢᠨ ᠰᠢᠲᠦᠭᠡᠨ》 ᠭᠡᠰᠡᠨ ᠤᠳᠬ᠎ᠠ ᠲᠠᠢ ᠶᠤᠮ ᠭᠡᠨ᠎ᠡ᠃ ᠮᠥᠨᠴᠥ ᠥᠩᠭᠡᠷᠡᠭᠰᠡᠨ ᠳ᠋ᠦ᠍ ᠮᠣᠩᠭᠣᠯᠴᠤᠳ ᠢᠰᠡᠭᠡᠢ ᠭᠡᠷ ᠦ᠋ᠨ ᠪᠠᠷᠠᠭᠤᠨ ᠬᠠᠨᠠᠨ ᠳ᠋ᠤ᠌ ᠭᠡᠭᠦᠦ ᠶ᠋ᠢᠨ ᠳᠠᠯᠠᠩ ᠡᠯᠭᠦᠭᠡᠲᠡᠢ᠂ ᠵᠡᠭᠦᠨ ᠬᠠᠨᠠᠨ ᠳ᠋ᠤ᠌ ᠦᠨᠢᠶᠡᠨ ᠦ᠌ ᠬᠥᠬᠥ ᠡᠯᠭᠦᠭᠡᠲᠡᠢ ᠪᠠᠢᠳᠠᠭ ᠲᠠᠢ ᠬᠣᠯᠪᠣᠭ᠎ᠠ ᠲᠠᠢ ᠪᠤᠶᠤ᠃
 ᠳᠠᠯᠠᠯᠭ᠎ᠠ ᠬᠡᠰᠢᠭ ᠢ᠋ ᠳᠠᠷᠤᠢ《ᠪᠠᠶᠠᠨ ᠲᠦᠷᠦᠭᠦᠦ》 ᠲᠡᠢ᠂ ᠳᠠᠯᠠᠩ ᠢ᠋ ᠨᠢ ᠳᠡᠭᠡᠭᠰᠢ ᠬᠠᠨᠳᠤᠭᠤᠯᠤᠨ ᠭᠠᠯ ᠤ᠋ᠨ ᠪᠤᠳᠠᠭᠠᠨ ᠤ᠋ ᠳᠡᠭᠡᠷ᠎ᠡ ᠲᠠᠯᠪᠢᠭᠠᠳ᠂ ᠭᠠᠯ ᠤ᠋ᠨ ᠪᠤᠷᠬᠠᠨ ᠤ᠋ ᠬᠡᠰᠢᠭ ᠪᠤᠶᠤ ᠳᠡᠭᠡᠳᠦᠰ ᠦ᠋ᠨ ᠬᠤᠪᠢ ᠭᠡᠵᠦ ᠠᠪᠳᠠᠷ᠎ᠠ ᠶ᠋ᠢᠨ ᠳᠡᠭᠡᠷ᠎ᠡ ᠲᠠᠯᠪᠢᠭᠠᠳ ᠭᠤᠷᠪᠠ ᠬᠣᠨᠣᠭ ᠬᠥᠳᠡᠯᠭᠡᠬᠦ ᠦᠭᠡᠢ᠂ ᠭᠤᠷᠪᠠᠨ ᠡᠳᠦᠷ ᠦ᠋ᠨ ᠳᠠᠷᠠᠭ᠎ᠠ ᠪᠠᠭᠤᠯᠭᠠᠵᠤ ᠳᠡᠭᠡᠳᠦᠰ (ᠪᠤᠷᠬᠠᠨ) ᠤ᠋ ᠬᠡᠰᠢᠭ ᠭᠡᠵᠦ ᠳᠠᠶᠠᠭᠠᠷ ᠢ᠋ᠶ᠋ᠠᠨ ᠬᠤᠪᠢᠶᠠᠨ ᠢᠳᠡᠳᠡᠭ᠃ ᠡᠷᠲᠡᠨ ᠳ᠋ᠡᠭᠡᠨ ᠣᠩᠭᠣ ᠰᠢᠲᠦᠭᠡᠨ (ᠳᠡᠭᠡᠳᠦᠰ) ᠲᠡᠭᠡᠨ ᠡᠷᠭᠦᠵᠦ ᠲᠠᠯᠪᠢᠳᠠᠭ ᠪᠠᠢᠭᠰᠠᠨ ᠪᠣᠯ ᠰᠡᠭᠦᠯᠳᠡᠵᠦ ᠰᠢᠷ᠎ᠠ ᠶ᠋ᠢᠨ ᠱᠠᠰᠢᠨ ᠢ᠋ ᠰᠢᠲᠦᠭᠰᠡᠨ ᠦ᠌ ᠳᠠᠷᠠᠭ᠎ᠠ ᠪᠤᠷᠬᠠᠨ ᠤ᠋ ᠡᠮᠦᠨ᠎ᠡ ᠲᠠᠯᠪᠢᠳᠠᠭ ᠪᠣᠯᠤᠭᠰᠠᠨ ᠪᠣᠯᠤᠯᠲᠠᠢ᠃ ᠣᠳᠣ ᠴᠤ᠌ ᠭᠡᠳ ᠪᠤᠷᠬᠠᠨ ᠰᠢᠲᠦᠳᠡᠭ ᠠᠢᠯ ᠡᠷᠦᠬᠡ ᠶ᠋ᠢᠨ ᠬᠢᠨ ᠪᠤᠷᠬᠠᠨ ᠤ᠋ ᠬᠡᠰᠢᠭ ᠭᠡᠳᠡᠭ ᠪᠣᠯᠵᠠᠢ᠃ ᠵᠠᠷᠢᠮ ᠠᠢᠯ ᠡᠷᠦᠬᠡ ᠪᠠᠰᠠ ᠭᠠᠯ ᠤ᠋ᠨ ᠪᠤᠳᠠᠭ᠎ᠠ ᠳᠤᠰᠤᠭᠠᠯ ᠵᠡᠷᠭᠡ ᠪᠡᠷ ᠮᠠᠯ ᠤ᠋ᠨ ᠬᠣᠲᠠ ᠬᠣᠷᠣᠭ᠎ᠠ᠂ ᠠᠮᠢᠲᠠᠢ ᠶ᠋ᠢᠨ ᠭᠡᠷ᠂ ᠨᠣᠬᠠᠢ ᠶ᠋ᠢᠨ ᠡᠭᠦᠷ᠂ ᠮᠣᠷᠢᠨ ᠤᠶᠠᠭ᠎ᠠ ᠬᠦᠷᠲᠡᠯ᠎ᠡ ᠮᠢᠯᠢᠶᠠᠳᠠᠭ ᠴᠤ᠌ ᠪᠣᠢ᠃
 13᠂ ᠭᠠᠯ ᠤ᠋ᠨ ᠬᠡᠰᠢᠭ ᠬᠦᠷᠲᠡᠬᠦ
 ᠭᠠᠯ ᠲᠠᠬᠢᠬᠤ ᠠᠯᠢᠪᠠ ᠶᠣᠰᠣ ᠪᠠᠯᠠᠩ ᠢ᠋ ᠴᠥᠮ ᠭᠦᠢᠴᠡᠳᠬᠡᠭᠰᠡᠨ ᠦ᠌ ᠳᠠᠷᠠᠭ᠎ᠠ ᠭᠡᠷ ᠳᠠᠶᠠᠭᠠᠷ ᠢ᠋ᠶ᠋ᠠᠨ ᠭᠠᠯ ᠤ᠋ᠨ ᠬᠡᠰᠢᠭ (ᠮᠢᠬ᠎ᠠ᠂ ᠪᠤᠳᠠᠭ᠎ᠠ) ᠪᠠᠨ ᠵᠣᠭᠣᠭᠯᠠᠨ᠎ᠠ᠃ ᠡᠭᠦᠨ ᠦ᠌ ᠳᠠᠷᠠᠭ᠎ᠠ ᠲᠥᠷᠥᠯ ᠰᠠᠳᠤᠨ ᠪᠠ ᠣᠢᠷ᠎ᠠ ᠵᠡᠷᠭᠡᠯᠡᠳᠡᠭᠡ ᠠᠢᠯ ᠡᠷᠦᠬᠡ ᠳ᠋ᠡᠭᠡᠨ ᠭᠠᠯ ᠤ᠋ᠨ ᠪᠤᠳᠠᠭ᠎ᠠ ᠬᠦᠷᠭᠡᠳᠡᠭ᠃
ᠣᠷᠳᠣᠰ ᠮᠣᠩᠭᠣᠯᠴᠤᠳ ᠤ᠋ᠨ ᠭᠠᠯ ᠲᠠᠬᠢᠬᠤ ᠶᠣᠰᠣ ᠨᠢ ᠶᠡᠷᠦᠩᠬᠡᠢ ᠳ᠋ᠡᠭᠡᠨ ᠳᠡᠭᠡᠷ᠎ᠡ ᠶᠠᠷᠢᠭᠰᠠᠨ ᠮᠡᠲᠦ ᠬᠡᠳᠦᠨ ᠠᠯᠬᠤᠮ ᠢ᠋ᠶ᠋ᠠᠷ ᠶᠠᠪᠤᠭᠳᠠᠳᠠᠭ᠃ ᠠᠳᠠ ᠲᠣᠳᠣᠷᠬᠠᠢᠯᠠᠬᠤ ᠴᠢᠬᠤᠯᠠ ᠲᠠᠢ ᠵᠦᠢᠯ ᠭᠡᠪᠡᠯ《ᠭᠠᠵᠠᠷ ᠭᠠᠵᠠᠷ ᠤ᠋ᠨ ᠵᠠᠩ ᠂ ᠭᠦᠵᠡᠭᠡ ᠭᠦᠵᠡᠭᠡᠨ ᠦ᠌ ᠪᠤᠯᠤᠩ》 ᠭᠡᠳᠡᠭᠴᠢᠯᠡᠨ ᠮᠣᠩᠭᠣᠯᠴᠤᠳ ᠤ᠋ᠨ ᠭᠠᠯ ᠲᠠᠬᠢᠬᠤ ᠵᠠᠩ ᠦᠢᠯᠡ ᠨᠢ ᠬᠡᠳᠦᠢᠪᠡᠷ᠂ ᠡᠷᠲᠡ ᠳᠡᠭᠡᠳᠦ ᠦᠶ᠎ᠡ ᠡᠴᠡ ᠦᠨᠳᠦᠰᠦᠨ ᠳ᠋ᠡᠭᠡᠨ ᠠᠳᠠᠯᠢᠪᠲᠤᠷ ᠢᠷᠡᠭᠰᠡᠨ ᠪᠣᠯᠪᠠᠴᠤ ᠠᠢᠮᠠᠭ ᠪᠦᠯᠦᠭ ᠣᠯᠠᠨ᠂ ᠭᠠᠵᠠᠷ ᠨᠤᠲᠤᠭ ᠠᠭᠤᠳᠠᠮ᠂ ᠢᠵᠠᠭᠤᠷᠲᠠᠨ ᠪᠣᠯᠤᠨ ᠡᠭᠡᠯ ᠠᠷᠠᠳ ᠤ᠋ᠨ ᠠᠮᠢᠳᠤᠷᠠᠯ ᠠᠳᠠᠯᠢ ᠪᠤᠰᠤ᠂ ᠵᠢᠴᠢ ᠠᠢᠯ 
ᠠᠢᠮᠠᠭ ᠤ᠋ᠳ ᠠᠳᠠ ᠲᠡᠨᠳᠡ ᠪᠤᠲᠠᠷᠠᠨ ᠰᠠᠭᠤᠷᠢᠰᠢᠭᠰᠠᠨ ᠵᠡᠷᠭᠡ ᠵᠦᠢᠯ ᠵᠦᠢᠯ ᠦ᠋ᠨ ᠰᠢᠯᠲᠠᠭᠠᠨ ᠠ᠋ᠴᠠ ᠪᠣᠯᠵᠤ᠂ ᠥᠨᠢ ᠤᠳᠠᠭᠠᠨ ᠲᠡᠦᠬᠡᠨ ᠶᠠᠪᠤᠴᠠ ᠳ᠋ᠠᠭᠠᠨ ᠠᠷᠠᠳ ᠤ᠋ᠨ ᠭᠠᠯ ᠲᠠᠬᠢᠬᠤ ᠶᠣᠰᠣ ᠨᠢ ᠴᠤ᠌ ᠬᠣᠭᠣᠷᠣ ᠬᠣᠭᠣᠷᠣᠨᠳᠣ ᠪᠠᠨ ᠡᠳᠦᠢ ᠲᠡᠳᠦᠢ ᠵᠥᠷᠢᠶ᠎ᠡ ᠲᠡᠢ ᠪᠣᠯᠤᠭᠰᠠᠨ ᠭᠡᠳᠡᠭ ᠢ᠋ ᠵᠥᠪ ᠢ᠋ᠶ᠋ᠡᠷ ᠣᠢᠯᠠᠭᠠᠨ ᠵᠥᠭᠡᠯᠡᠨ ᠢ᠋ᠶ᠋ᠡᠷ ᠲᠤᠩᠭᠠᠭᠠᠮᠤ! ᠳᠠᠬᠢᠭᠠᠳ ᠬᠡᠯᠡᠪᠡᠯ ᠢᠵᠠᠭᠤᠷᠲᠠᠨ ᠤ᠋ ᠭᠠᠯ ᠲᠠᠬᠢᠯᠭ᠎ᠠ ᠶ᠋ᠢᠨ ᠶᠠᠪᠤᠴᠠ ᠪᠠ ᠦᠢᠯᠡ ᠥᠴᠢᠭ᠂ ᠢᠷᠦᠭᠡᠯ᠂ ᠳᠠᠯᠠᠯᠭ᠎ᠠ ᠶ᠋ᠢᠨ ᠢᠷᠦᠭᠡᠯ ᠨᠢ ᠴᠤ᠌ ᠠᠳᠠᠯᠢ ᠦᠭᠡᠢ ᠪᠠᠢᠳᠠᠭ ᠭᠡᠰᠡᠨ ᠢ᠋ ᠲᠣᠳᠣᠷᠬᠠᠢᠯᠠᠶ᠎ᠠ᠃

ᠡᠰᠢᠯᠡᠭᠰᠡᠨ ᠨᠣᠮ:
 (1) 《ᠥᠪ ᠰᠣᠶᠣᠯ ᠤ᠋ᠨ ᠳᠡᠭᠡᠵᠢ》
 (2)《ᠣᠷᠳᠣᠰ ᠤ᠋ᠨ ᠰᠣᠶᠣᠯ ᠤ᠋ᠨ ᠥᠪ》
 (3)《ᠣᠷᠳᠣᠰ ᠮᠣᠩᠭᠣᠯ ᠤ᠋ᠨ ᠨᠡᠢᠭᠡᠮ ᠦ᠋ᠨ ᠵᠠᠩ ᠦᠢᠯᠡ》
 (4)《ᠮᠣᠩᠭᠣᠯ ᠵᠠᠩ ᠦᠢᠯᠡ ᠶ᠋ᠢᠨ ᠰᠤᠳᠤᠯᠤᠯ》