ᠫᠣᠷᠣᠷᠣ᠋ ᠨᠢᠭᠡᠳᠦᠭᠡᠷ ᠪᠦᠯᠦᠭ42 ᠠᠩᠭᠢ ПоророPororo
ᠪᠢᠴᠢᠬᠠᠨ ᠣᠴᠣᠩ ᠰᠢᠪᠠᠭᠤ ᠫᠣᠷᠣᠷᠣ᠋
ᠡᠬᠢᠯᠡᠯᠲᠡ ᠶ᠋ᠢᠨ ᠳᠠᠭᠤᠤ
ᠬᠥᠶᠢ ᠫᠣᠷᠣᠷᠣ᠋ ᠪᠠᠢᠨ᠎ᠠ
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋
ᠨᠣᠢᠷ ᠬᠤᠯᠵᠢᠭᠰᠠᠨ ᠨᠢ
ᠬᠦᠦᠷᠨᠢᠭᠴᠢ᠄ ᠰᠥᠨᠢ ᠪᠣᠯᠤᠭᠰᠠᠨ ᠴᠤ᠌ ᠫᠣᠪᠢ ᠨᠣᠮ ᠤᠩᠰᠢᠭᠰᠠᠭᠠᠷ ᠰᠠᠭᠤᠨ᠎ᠠ
ᠫᠣᠪᠢ᠄ ᠬᠦᠴᠦᠲᠡᠢ᠁
ᠫᠣᠪᠢ᠄ ᠥᠷᠯᠥᠭᠡ ᠪᠣᠯᠤᠭᠰᠠᠨ ᠪᠠᠢᠨ᠎ᠠ᠂ ᠠ᠋ ᠠ᠁
ᠫᠣᠷᠣᠷᠥ᠌᠄ ᠬᠡᠳᠦ ᠬᠣᠨᠣᠭ ᠫᠣᠪᠢ ᠬᠠᠷᠠᠭᠳᠠᠬᠤ ᠦᠭᠡᠢ ᠪᠠᠢᠬᠤ ᠴᠢᠨᠢ᠁
ᠯᠦᠦᠫᠢ᠄ ᠫᠣᠪᠢ ᠣᠢᠷ᠎ᠠ ᠳ᠋ᠤ᠌ ᠰᠥᠨᠢ ᠪᠣᠯᠭᠠᠨ ᠨᠣᠮ ᠤᠩᠰᠢᠵᠤ ᠪᠠᠢᠭ᠎ᠠ ᠭᠡᠰᠡᠨ
ᠫᠣᠷᠣᠷᠥ᠌᠄ ᠨᠣᠮ᠁
ᠺᠷᠣᠨ᠄ ᠺᠣᠷᠠ᠁
ᠬᠦᠦᠷᠨᠢᠭᠴᠢ᠄ ᠥᠨᠥᠳᠥᠷ ᠴᠤ᠌ ᠭᠡᠰᠡᠨ ᠫᠣᠪᠢ ᠰᠥᠨᠢᠵᠢᠨ ᠨᠣᠮ ᠤᠩᠰᠢᠵᠤ ᠰᠠᠭᠤᠯ᠎ᠠ
ᠫᠣᠪᠢ᠄ ᠬᠢ ᠬᠢ ᠬᠢ᠁ ᠳᠠᠭᠤᠰᠬᠠᠴᠢᠬᠠᠯ᠎ᠠ᠂ ᠣᠳᠣ ᠤᠨᠲᠠᠨ᠎ᠠ
ᠠ᠋ ᠦ ᠦ᠁
ᠫᠣᠪᠢ᠄ ᠠ᠋ ᠠ ᠠ ᠦ᠁
ᠬᠦᠦᠷᠨᠢᠭᠴᠢ᠄ ᠨᠣᠢᠷ ᠨᠢ ᠬᠦᠷᠬᠦ ᠦᠭᠡᠢ ᠪᠠᠢᠭᠰᠠᠨ ᠲᠤᠯᠠ ᠫᠣᠪᠢ ᠮᠠᠨᠢ ᠨᠠᠢᠵᠠ ᠨᠤᠭᠤᠳ ᠳᠡᠭᠡᠷ᠎ᠡ ᠪᠡᠨ ᠣᠴᠢᠬᠤ ᠪᠠᠷ ᠶᠠᠪᠤᠯ᠎ᠠ
ᠫᠣᠪᠢ᠄ ᠫᠣᠷᠣᠷᠥ᠌ ᠠ᠋
ᠫᠣᠷᠣᠷᠥ᠌᠄ ᠠ᠋᠁ ᠦ ᠫᠣᠪᠢ
ᠫᠣᠪᠢ᠄ ᠤᠨᠲᠠᠵᠤ ᠪᠠᠢᠭᠰᠠᠨ ᠶᠤᠮ ᠤᠤ ᠳᠠ᠂ ᠮᠢᠨᠦ ᠨᠣᠢᠷ ᠬᠦᠷᠳᠡᠭ ᠦᠭᠡᠢ
ᠺᠷᠣᠨ᠄ ᠠ᠋᠁ ᠣᠤ
ᠫᠣᠪᠢ᠄ ᠵᠠ᠂ ᠣᠳᠣ ᠴᠢᠨᠦ ᠡᠭᠡᠯᠵᠢ
ᠫᠣᠷᠣᠷᠥ᠌᠄ ᠠ᠋ ᠠ᠋ ᠠ᠋᠁
ᠫᠣᠪᠢ᠄ ᠠ᠋᠂ ᠶᠣᠰᠣᠲᠠᠢ ᠨᠢᠭᠡ᠁ ᠵᠠ ᠵᠠ᠂ ᠪᠢ ᠶᠠᠪᠤᠯ᠎ᠠ
ᠫᠣᠷᠣᠷᠥ᠌᠂ ᠺᠷᠣᠨ᠄ ᠬᠦ ᠬᠠ ᠬᠦ᠁
ᠯᠦᠦᠫᠢ᠄ ᠦ᠂ ᠫᠣᠪᠢ ᠶᠠᠭᠤ ᠪᠣᠯᠤᠭᠰᠠᠨ ᠪᠣᠢ?
ᠫᠣᠪᠢ᠄ ᠨᠣᠢᠷ ᠬᠦᠷᠳᠡᠭ ᠦᠭᠡᠢ᠂ ᠬᠢ ᠬᠢ ᠁
ᠯᠦᠦᠫᠢ᠄ ᠲᠡᠢᠮᠦ ᠤᠤ? ᠵᠠ᠂ ᠣᠷᠣᠭᠠᠴᠢ!
ᠫᠣᠪᠢ᠄ ᠪᠠᠶᠠᠷᠯᠠᠯ᠎ᠠ
ᠬᠦᠦᠷᠨᠢᠭᠴᠢ᠄ ᠰᠥᠨᠢᠵᠢᠨ ᠫᠣᠪᠢ ᠳ᠋ᠤ᠌ ᠬᠠᠨᠢ ᠪᠣᠯᠵᠤ ᠰᠠᠭᠤᠭᠰᠠᠨ ᠨᠠᠢᠵᠠ ᠨᠤᠭᠤᠳ ᠨᠢ ᠵᠡᠭᠦᠷᠮᠡᠭᠯᠡᠨ ᠰᠠᠭᠤᠨ᠎ᠠ
ᠡᠸᠳᠢ᠄ ᠬᠦ᠂ ᠶᠡᠷᠦ ᠨᠢ ᠪᠣᠯᠬᠤ ᠦᠭᠡᠢ ᠶᠦᠮ ᠪᠠᠢᠨ᠎ᠠ
ᠺᠷᠣᠨ᠄ ᠠ᠋ ᠠ᠁
ᠡᠸᠳᠢ᠄ ᠫᠣᠪᠢ ᠶ᠋ᠢ ᠤᠨᠲᠠᠭᠤᠯᠬᠤ ᠠᠷᠭ᠎ᠠ ᠪᠣᠳᠣᠵᠤ ᠣᠯᠵᠠᠭᠠᠶ᠎ᠠ
ᠬᠡᠳᠦᠭᠦᠯᠡ ᠪᠡᠨ ᠣᠴᠢᠵᠤ ᠫᠣᠪᠢ ᠶ᠋ᠢ᠁
ᠣᠯᠠᠨ᠄ ᠫᠣᠪᠢ᠂ ᠫᠣᠪᠢ᠁
ᠫᠣᠪᠢ᠄ ᠠ᠋᠁ ᠠ᠋᠁
ᠣᠯᠠᠨ᠄ ᠰᠠᠢᠨ ᠤᠤ? ᠬᠢ ᠬᠢ ᠬᠢ ᠬᠡ ᠬᠡ ᠬᠡ᠁
ᠠᠯᠤᠬ᠎ᠠ᠂ ᠬᠠᠢᠴᠢ᠂ ᠳᠠᠪᠤᠤ
ᠫᠣᠷᠣᠷᠥ᠌᠄ ᠪᠢ ᠬᠠᠢᠬᠤ ᠶᠤᠮ ᠪᠠᠢᠨ᠎ᠠ᠂ ᠬᠤᠷᠳᠤᠨ ᠨᠢᠭᠤᠭᠳᠠᠭᠠᠷᠠᠢ᠂ ᠰᠠᠢᠨ ᠨᠢᠭᠤᠭᠳᠠᠭᠠᠷᠠᠢ!
ᠣᠯᠠᠨ᠄ ᠬᠢ ᠬᠢ ᠬᠢ ᠬᠠ ᠬᠠ ᠬᠠ᠁
ᠫᠣᠷᠣᠷᠥ᠌᠄ ᠬᠥᠯ ᠴᠢᠨᠢ ᠬᠠᠷᠠᠭᠳᠠᠭᠠᠳ ᠪᠠᠢᠨ᠎ᠠ᠂ ᠰᠠᠢᠨ ᠨᠢᠭᠤᠭᠳᠠᠭᠠᠷᠠᠢ᠂ ᠦᠰᠦ ᠴᠢᠨᠢ ᠬᠠᠷᠠᠭᠳᠠᠭᠠᠳ ᠪᠠᠢᠨ᠎ᠠ
ᠣᠯᠠᠨ᠄ ᠫᠣᠪᠢ ᠫᠣᠪᠢ᠁
ᠬᠢ ᠬᠢ ᠬᠢ ᠬᠠ ᠬᠠ ᠬᠠ᠁
ᠡᠸᠳᠢ᠄ ᠦ᠂ ᠡᠨᠡ ᠪᠠᠰᠠ ᠪᠢᠰᠢ ᠶᠦᠮ ᠰᠢᠭ ᠪᠠᠢᠨ᠎ᠠ
ᠫᠣᠪᠢ᠄ ᠶᠠᠪᠤᠯ᠎ᠠ
ᠡᠸᠳᠢ᠄ ᠠ᠋᠁
ᠺᠷᠣᠨ᠄ ᠺᠣᠷᠠ᠁
ᠫᠣᠪᠢ᠄ ᠬᠡ ᠬᠡ ᠬᠡ᠁ ᠥᠨᠥᠳᠥᠷ ᠦᠨᠡᠬᠡᠷ ᠰᠣᠨᠢᠷᠬᠠᠯᠲᠠᠢ ᠪᠠᠢᠯ᠎ᠠ
ᠨᠠᠢᠵᠠ ᠨᠤᠭᠤᠳ ᠠ᠋᠂ ᠮᠠᠷᠭᠠᠰᠢ ᠠᠭᠤᠯᠵᠠᠶ᠎ᠠ!
ᠡᠸᠳᠢ᠄ ᠥᠨᠥᠳᠥᠷ ᠰᠥᠨᠢ ᠤᠨᠲᠠᠳᠠᠭ ᠯᠠ ᠪᠠᠢᠭ᠎ᠠ
ᠬᠦᠦᠷᠨᠢᠭᠴᠢ᠄ ᠫᠣᠪᠢ ᠨᠠᠢᠵᠠ ᠨᠤᠭᠤᠳ ᠤ᠋ᠨ ᠢ᠋ᠶ᠋ᠠᠨ ᠠᠴᠢ ᠪᠠᠷ ᠰᠠᠢᠬᠠᠨ ᠤᠨᠲᠠᠵᠤ ᠠᠮᠠᠷᠠᠳᠠᠭ ᠪᠣᠯᠵᠠᠢ᠃
ᠲᠡᠭᠦᠰᠬᠡᠯ ᠦ᠋ᠨ ᠳᠠᠭᠤᠤ
ᠯᠠ ᠯᠠ᠁ ᠯᠠ᠁ ᠺᠣᠷᠠ
ᠯᠠ ᠯᠠ᠁ ᠯᠠ᠁ ᠺᠣᠷᠠ
ᠯᠠ ᠯᠠ᠁ ᠯᠠ ᠯᠠ᠁ ᠯᠠ ᠺᠣᠷᠠ ᠮᠥᠰᠥᠨ ᠦ᠌ ᠴᠠᠭᠠᠨ ᠪᠠᠭᠠᠪᠠᠭᠠᠢ ᠫᠤᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠸᠳᠢ
ᠰᠠᠢᠬᠠᠨ ᠰᠡᠳᠬᠢᠯᠲᠦ ᠮᠢᠨᠵᠢ ᠥᠬᠢᠨ ᠯᠥᠤᠫᠢ
ᠳ᠋ᠢᠨᠰᠠᠪᠤᠤᠷ ᠤ᠋ᠨ ᠵᠤᠯᠵᠠᠭ᠎ᠠ ᠺᠷᠤᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠣᠢᠯᠭᠠᠳᠠᠭ
ᠪᠢᠳᠡ ᠰᠠᠢᠨ ᠨᠠᠢᠵᠠ ᠨᠤᠭᠤᠳ ᠪᠢᠯᠡ
ᠯᠠ ᠯᠠ ᠁ ᠯᠠ ᠯᠠ ᠯᠠ ᠯᠠ
ᠦᠰᠦᠭ ᠬᠠᠲᠠᠵᠤ ᠠᠮᠢᠯᠠᠭᠤᠯᠤᠭᠰᠠᠨ ᠨᠢ᠄ ᠡᠩᠬᠡᠮᠡᠨᠳᠦ
ᠬᠢᠨᠠᠭᠴᠢ᠄ ᠱᠤᠳᠤᠷᠭᠤ ᠂ᠮᠥᠴᠢᠷ᠂ ᠳᠡᠭᠵᠢᠨ